"Мануул"-ны өөр хувилбарууд

Wikibilig-с
(edit)
(Category)
35-р мөр: 35-р мөр:
ᠮᠠᠨᠤᠤᠯ ᠨᠢᠳᠤᠨ ᠳ᠋ᠡᠭᠡᠨ ᠠᠷᠭᠠᠯ ᠪᠠᠷᠢᠵᠤ ᠨᠢᠭᠤᠭᠳᠠᠳᠠᠭ ᠬᠡᠨᠡᠨ ᠠᠮᠢᠳᠠᠨ ᠠᠵᠤᠭᠤ᠃<br>
ᠮᠠᠨᠤᠤᠯ ᠨᠢᠳᠤᠨ ᠳ᠋ᠡᠭᠡᠨ ᠠᠷᠭᠠᠯ ᠪᠠᠷᠢᠵᠤ ᠨᠢᠭᠤᠭᠳᠠᠳᠠᠭ ᠬᠡᠨᠡᠨ ᠠᠮᠢᠳᠠᠨ ᠠᠵᠤᠭᠤ᠃<br>
= =
= =
[[Category:ᠠᠮᠢᠲᠠᠨ ᠰᠤᠳᠤᠯᠤᠯ‏‎]]
[[Category:ᠪᠢᠣᠯᠣᠭᠢ‏‎]]

18:16, 6 Аравдугаар сар 2020-ий байдлаарх засвар

ᠮᠠᠨᠤᠤᠯ

Otocolobus
ᠬᠡᠮᠡᠬᠦ ᠶ᠋ᠢ ᠢᠨᠦ
ᠬᠤᠯᠤᠭᠠᠷ
ᠴᠢᠬᠢᠲᠦ
ᠭᠡᠵᠦ
ᠮᠣᠩᠭᠣᠯᠴᠢᠯᠠᠵᠤ
ᠪᠣᠯᠬᠤ
ᠮᠡᠲᠦ


ᠮᠠᠨᠤᠤᠯ
ᠰᠢᠩᠵᠢᠯᠡᠬᠦ ᠤᠬᠠᠭᠠᠨ ᠊ᠤ ᠠᠩᠭᠢᠯᠠᠯ
ᠠᠢᠢᠮᠠᠭ ᠠᠮᠢᠲᠠᠨ
ᠬᠦᠷᠢᠶ ᠊ᠡ᠋ ᠬᠥᠪᠴᠢᠲᠡᠨ
ᠠᠩᠬᠢ ᠬᠥᠬᠦᠲᠡᠨ
ᠪᠠᠭ ᠮᠢᠬ ᠊ᠠ᠋ ᠢᠳᠡᠰᠢᠲᠡᠨ
ᠣᠪᠤᠭ ᠮᠢᠢ ᠶ᠋ᠢᠨ ᠬᠢᠨ
ᠲᠥᠷᠦᠯ Felis
ᠵᠦᠢᠯ F.manul
ᠯᠠᠲ᠋ᠢᠨ᠍ ᠨᠡᠷ ᠊ᠡ᠋
Felis manul/Otocolobus manul

(Pallas, 1776)


ᠮᠠᠨᠤᠤᠯ ᠭᠡᠷ ᠊ᠦᠨ ᠮᠤᠤᠷ ᠊ᠤᠨ ᠬᠡᠮᠵᠢᠶᠡᠨ ᠊ᠦ 50-60 cm ᠤᠷᠲᠤ ᠪᠡᠶ ᠊ᠡ᠋ ᠲᠡᠢ᠂ 25 cm ᠤᠷᠲᠤ ᠰᠡᠭᠦᠯ ᠲᠡᠢ᠂ ᠳᠤᠮᠳᠠᠵᠢ ᠪᠠᠷ 3.6 ᠻᠢᠯᠣᠭᠷᠠᠮ ᠵᠢᠩ ᠲᠡᠢ᠃
ᠥᠩᠭᠡ ᠰᠢᠷᠠᠪᠲᠤᠷ ᠪᠢᠳᠡᠷ ᠲᠡᠢ᠃
ᠠᠰᠢᠶ ᠊ᠠ᠋ ᠊ᠢᠢᠨ ᠬᠡᠭᠡᠷ ᠊ᠡ᠋ ᠲᠠᠯ ᠊ᠠ᠋ ᠊ᠳᠤᠷ 1000-4000 ᠮᠧᠲ᠋ᠧᠷ ᠊ᠦᠨ ᠥᠨᠳᠡᠷ ᠲᠦᠷ ᠨᠤᠲᠤᠭᠯᠠᠳᠠᠭ᠃
ᠮᠠᠨᠤᠤᠯ ᠊ᠤᠨ ᠵᠤᠯᠵᠠᠭ᠎ᠠ ᠊ᠢᠢ ᠨᠣᠭᠤᠭᠠᠯᠠᠢ ᠭᠡᠳᠡᠭ᠃
ᠪᠤᠰᠤᠳ ᠮᠤᠤᠷ ᠊ᠤᠨ ᠲᠥᠷᠦᠯ ᠡᠴᠡ ᠢᠯᠭᠠᠭ᠎ ᠊ᠠ᠋ ᠲᠠᠢ ᠨᠢ ᠳᠤᠭᠤᠢ ᠬᠡᠦᠬᠡᠨ ᠬᠠᠷᠠᠭ᠎ ᠊ᠠ᠋ ᠲᠠᠢ᠃
ᠬᠥᠯ ᠨᠢ ᠪᠣᠭᠣᠨᠢ᠂ ᠪᠠᠨᠳᠠᠭᠠᠷ᠂ ᠦᠰᠦ ᠨᠢ ᠤᠷᠲᠤ᠂ ᠥᠳᠬᠡᠨ᠃ ᠦᠰᠦᠨ ᠦ ᠥᠩᠭᠡ ᠤᠯᠠᠷᠢᠯ ᠊ ᠢᠶᠠᠨ ᠳᠠᠭᠠᠨ ᠥᠭᠡᠷᠡᠴᠢᠯᠡᠭᠳᠡᠨ᠎ ᠊ᠡ᠋᠃
ᠡᠪᠦᠯ ᠨᠢ ᠰᠠᠷᠠᠯᠳᠠᠭᠤ᠂ ᠬᠡ ᠪᠠᠭᠠᠲᠠᠢ ᠪᠠᠶᠢᠳᠠᠭ᠃ ᠴᠢᠬᠢ ᠨᠢ ᠳᠣᠭᠣᠭᠰᠢ ᠪᠠᠨ ᠪᠠᠶᠢᠳᠠᠭ ᠲᠤᠯᠠ ᠤᠭᠤᠯᠢ ᠮᠡᠲᠦ ᠲᠥᠷᠬᠥ ᠲᠡᠢ ᠪᠣᠯᠳᠠᠭ᠃
ᠬᠠᠷᠢᠴᠠᠩᠭᠤᠢ ᠬᠠᠪᠲᠠᠭᠠᠢ ᠨᠢᠭᠤᠷ ᠲᠠᠢ᠃
ᠮᠠᠨᠤᠤᠯ ᠰᠥᠨᠢ ᠶᠢᠨ ᠢᠳᠡᠪᠬᠢ ᠲᠡᠢ᠂ ᠤᠯᠠ ᠮᠥᠷ ᠪᠠᠷᠤᠭ ᠦᠯᠡᠳᠡᠭᠡᠳᠡᠭ ᠦᠭᠡᠢ ᠲᠤᠯᠠ ᠲᠣᠭ᠎ ᠊ᠡ᠋ ᠲᠣᠯᠣᠭᠠᠢ ᠶᠢ ᠲᠣᠳᠣᠷᠬᠠᠢ ᠭᠠᠷᠭᠠᠬᠤ ᠊ᠳᠤ ᠬᠡᠴᠡᠭᠦᠦ ᠪᠠᠶᠢᠳᠠᠭ ᠠᠵᠢ᠃
ᠳᠡᠭᠡᠳᠦ ᠲᠠᠯ᠎ ᠊ᠡ᠋ ᠨᠢ ᠵᠢᠷᠭᠤᠭᠠᠨ ᠵᠤᠯᠵᠠᠭ᠎ ᠊ᠡ᠋ ᠭᠠᠷᠭᠠᠬᠤ ᠪᠥᠭᠡᠳ ᠨᠣᠭᠣᠯᠠᠢ ᠭᠡᠵᠦ ᠨᠡᠷᠡᠯᠡᠨ᠎ ᠊ᠡ᠋᠃
ᠲᠠᠪᠤᠳᠤᠭᠠᠷ ᠰᠠᠷ᠎ ᠊ᠡ᠋  ᠊ᠶᠢᠨ ᠡᠬᠢ ᠪᠡᠷ ᠲᠥᠯᠯᠡᠵᠦ ᠡᠬᠡ ᠮᠠᠨᠤᠤᠯ ᠨᠢ ᠶᠢᠰᠦᠳᠦᠭᠡᠷ ᠰᠠᠷ᠎ ᠊ᠡ᠋ ᠬᠦᠷᠲᠡᠯ᠎ ᠊ᠡ᠋ ᠲᠡᠳᠡᠨ ᠊ᠢ ᠪᠡᠨ ᠥᠰᠬᠡᠨ᠎ ᠊ᠡ᠋᠃
ᠳᠥᠩᠭᠡᠵᠢ ᠲᠦᠷᠦᠭᠰᠡᠨ ᠨᠣᠭᠣᠯᠠᠢ ᠨᠢ ᠲᠤᠩ ᠵᠢᠵᠢᠭᠬᠡᠨ᠂ 70-120 ᠭᠷᠠᠮ ᠵᠢᠩ ᠬᠦᠷᠡᠳᠡᠭ ᠪᠥᠭᠡᠳ ᠶᠡᠬᠡᠩᠬᠢ ᠨᠢ ᠲᠥᠷᠦᠭᠡᠳ ᠤᠳᠠᠯ ᠦᠭᠡᠢ ᠬᠠᠯᠳᠠᠪᠤᠷᠢ ᠠᠪᠴᠤ ᠦᠬᠦᠳᠡᠭ ᠪᠠᠶᠢᠨ᠎ ᠊ᠡ᠋᠃
ᠳᠠᠷᠬᠠᠯᠠᠯ ᠊ ᠤᠨ ᠰᠢᠰᠲ᠋ᠧᠮ ᠨᠢ ᠰᠤᠯᠠ ᠲᠤᠯᠠ ᠨᠢᠭᠡᠨ ᠡᠴᠡ ᠪᠡᠨ ᠬᠠᠯᠳᠠᠪᠤᠷᠢ ᠠᠪᠬᠤ ᠦᠭᠡᠢ  ᠊ᠶᠢᠨ ᠲᠤᠯᠠᠳᠠ ᠦᠷᠡᠵᠢᠯ  ᠊ᠦᠨ ᠦᠶ᠎ ᠊ᠡ᠋  ᠊ᠳᠦ ᠴᠤᠭᠯᠠᠵᠤ ᠪᠤᠰᠤᠳ ᠦᠶ᠎ ᠊ᠡ᠋ ᠊ᠳᠦ ᠭᠠᠭᠴᠠ ᠭᠠᠭᠴᠠ ᠪᠠᠷ  ᠊ᠢᠶᠠᠨ ᠠᠮᠢᠳᠤᠷᠠᠨ᠎ ᠊ᠡ᠋᠃
ᠳᠡᠯᠡᠬᠡᠢ  ᠊ᠶᠢᠨ ᠤᠯᠠᠭᠠᠨ ᠨᠣᠮ  ᠊ᠤᠨ ᠵᠢᠭᠰᠠᠭᠠᠯᠲᠠᠨ  ᠊ᠳᠤ ᠤᠰᠠᠳᠴᠤ ᠪᠣᠯᠵᠣᠰᠢ ᠦᠭᠡᠢ ᠠᠮᠢᠲᠠᠳ ᠊ᠤᠨ ᠲᠣᠭᠠᠨ  ᠊ᠳᠤ ᠣᠷᠣᠳᠠᠭ᠃
ᠪᠤᠰᠤᠳ ᠮᠤᠤᠷᠠᠨ ᠠᠴᠠ ᠢᠯᠡᠭᠦᠦ ᠤᠳᠠᠭᠠᠨ ᠬᠥᠳᠡᠯᠭᠡᠭᠡᠨᠲᠡᠢ ᠲᠤᠯᠠ ᠠᠩ ᠊ᠢᠢᠠᠨ ᠣᠲᠣᠵᠤ ᠪᠠᠷᠢᠳᠠᠭ ᠣᠨᠴᠠᠯᠢᠭ ᠲᠠᠢ᠃
ᠦᠯᠢᠢ ᠴᠠᠭᠠᠨ ᠣᠭᠣᠳᠣᠨ᠎ ᠊ᠡ᠋ ᠵᠡᠷᠭᠡ ᠮᠡᠷᠡᠭᠴᠢ ᠠᠮᠢᠲᠠᠳ  ᠊ᠢᠶᠠᠷ ᠬᠣᠭᠣᠯᠠᠯᠠᠳᠠᠭ᠃ ᠭᠡᠪᠡᠴᠦ ᠦᠯᠦ  ᠊ᠶᠢᠨ ᠴᠠᠭᠠᠨ ᠣᠭᠣᠲᠣᠨ᠎ ᠊ᠡ᠋ ᠊ᠢᠢ ᠬᠣᠣᠷᠳᠠᠭᠤᠯᠬᠤ ᠵᠣᠷᠢᠯᠭ᠎ ᠊ᠡ᠋ ᠪᠠᠷ ᠠᠰᠢᠭᠯᠠᠳᠠᠭ ᠬᠢᠮᠢ  ᠊ᠶᠢᠨ ᠪᠣᠳᠠᠰ ᠲᠤ ᠳᠠᠪᠬᠤᠷ ᠬᠣᠣᠷᠳᠠᠵᠤ ᠬᠣᠷᠭᠣᠳᠠᠵᠤ ᠪᠠᠶᠢᠭ᠎ ᠊ᠡ᠋ ᠊ᠶᠢ ᠰᠤᠳᠤᠯᠤᠭᠠᠴᠢᠳ ᠲᠣᠭᠲᠠᠭᠠᠵᠠᠢ᠃
ᠮᠥᠨ ᠪᠣᠭᠣᠨᠢ ᠮᠥᠴᠢ ᠲᠡᠢ ᠲᠤᠯᠠ ᠶᠡᠬᠡ ᠴᠠᠰᠤ ᠣᠷᠣᠭᠰᠠᠨ ᠦᠶ᠎ ᠊ᠡ᠋  ᠊ᠳᠦ ᠶᠠᠪᠤᠵᠤ ᠴᠢᠳᠠᠬᠤ ᠦᠭᠡᠢ ᠦᠷᠡᠭᠳᠡᠬᠦ ᠲᠣᠬᠢᠶᠠᠯᠳᠤᠯ ᠴᠤ ᠪᠠᠶᠢᠨ᠎ ᠊ᠡ᠋᠃
ᠦᠨᠡᠭᠡ᠂ ᠪᠦᠷᠭᠦᠳ᠂ ᠰᠢᠷ᠎ ᠊ᠡ᠋ ᠰᠢᠪᠠᠭᠤ ᠭᠡᠳ ᠲᠤᠨᠢᠶ᠎ ᠊ᠡ᠋ ᠮᠠᠭᠤ ᠲᠠᠢ ᠵᠢᠵᠢᠭ ᠨᠣᠭᠣᠯᠠᠢ ᠨᠤᠭᠤᠳ ᠊ ᠢ ᠨᠢ ᠪᠠᠷᠢᠵᠤ ᠢᠳᠡᠳᠡᠭ ᠠᠮᠢᠲᠠᠨ ᠣᠯᠠᠨ ᠪᠠᠶᠢᠳᠠᠭ ᠠᠵᠢ᠃
ᠮᠠᠨᠤᠤᠯ ᠨᠢᠳᠤᠨ ᠳ᠋ᠡᠭᠡᠨ ᠠᠷᠭᠠᠯ ᠪᠠᠷᠢᠵᠤ ᠨᠢᠭᠤᠭᠳᠠᠳᠠᠭ ᠬᠡᠨᠡᠨ ᠠᠮᠢᠳᠠᠨ ᠠᠵᠤᠭᠤ᠃