"ᠮᠣᠩᠭᠤᠯ ᠤᠯᠤᠰ ᠊ᠤᠨ ᠵᠡᠪᠰᠡᠭᠲᠦ ᠬᠦᠴᠦᠨ"-ны өөр хувилбарууд
(ᠠᠯᠳᠠᠭ᠎ᠠ ᠲᠠᠢ ᠬᠡᠰᠡᠭ ᠢ ᠵᠠᠰᠠᠪᠤᠷᠢᠯᠠᠪᠠ) |
(ᠴᠡᠷᠢᠭ ᠤᠨ ᠴᠤᠯᠠ ᠵᠠᠰᠠᠪᠤᠷᠢᠯᠠᠪᠠ) |
||
36-р мөр: | 36-р мөр: | ||
|Height=30 | |Height=30 | ||
}} | }} | ||
<br> | <br>ᠮᠣᠩᠭᠣᠯ ᠤᠯᠤᠰ ᠤᠨ ᠴᠡᠷᠢᠭ ᠤᠨ ᠴᠣᠯᠠ | ||
ᠮᠣᠩᠭᠣᠯ | |||
ᠳᠡᠭᠡᠳᠦ ᠣᠹᠢᠼᠧᠷ | ᠳᠡᠭᠡᠳᠦ ᠣᠹᠢᠼᠧᠷ | ||
ᠭᠧᠨᠧᠷᠠᠯ᠂ ᠳᠡᠰᠯᠡᠭᠴᠢ ᠭᠧᠨᠧᠷᠠᠯ᠂ ᠬᠣᠰᠢᠭᠤᠴᠢ ᠭᠧᠨᠧᠷᠠᠯ᠂ ᠪᠠᠷᠢᠭᠠᠳᠠ ᠢᠢᠨ ᠭᠧᠨᠧᠷᠠᠯ | |||
ᠳᠡᠰᠯᠡᠭᠴᠢ | |||
ᠬᠣᠰᠢᠭᠤᠴᠢ | |||
ᠠᠬᠠᠯᠠᠬᠤ ᠣᠹᠢᠼᠧᠷ | ᠠᠬᠠᠯᠠᠬᠤ ᠣᠹᠢᠼᠧᠷ | ||
ᠬᠤᠷᠠᠨᠳᠠ᠂ ᠳᠡᠳ᠋ ᠬᠤᠷᠠᠨᠳᠠ᠂ ᠬᠣᠰᠢᠭᠤᠴᠢ | |||
ᠳᠡᠳ᠋ | |||
ᠬᠣᠰᠢᠭᠤᠴᠢ | |||
ᠳᠤᠮᠳᠠ ᠣᠹᠢᠼᠧᠷ | ᠳᠤᠮᠳᠠ ᠣᠹᠢᠼᠧᠷ | ||
ᠠᠬᠠᠮᠠᠳ᠂ ᠠᠬᠠᠯᠠᠬᠤ ᠳᠡᠰᠯᠡᠭᠴᠢ᠂ ᠳᠡᠰᠯᠡᠭᠴᠢ | |||
ᠠᠬᠠᠯᠠᠬᠤ | ᠠᠬᠠᠯᠠᠭᠴᠢ ᠢᠢᠨ ᠴᠣᠯᠠ | ||
ᠳᠡᠰᠯᠡᠭᠴᠢ | ᠲᠡᠷᠢᠭᠦᠨ ᠠᠬᠠᠯᠠᠭᠴᠢ᠂ ᠰᠤᠷᠭᠠᠭᠴᠢ ᠠᠬᠠᠯᠠᠭᠴᠢ᠂ ᠠᠬᠠᠯᠠᠬᠤ ᠠᠬᠠᠯᠠᠭᠴᠢ᠂ ᠠᠬᠠᠯᠠᠭᠴᠢ᠂ ᠳᠡᠳ᠋ ᠠᠬᠠᠯᠠᠭᠴᠢ | ||
ᠬᠤᠭᠤᠴᠠᠭᠠᠲᠤ ᠪᠣᠯᠤᠨ ᠭᠡᠷᠡᠳᠦ ᠴᠡᠷᠢᠭ ᠤᠨ ᠠᠯᠪᠠ | |||
ᠲᠡᠷᠢᠭᠦᠨ | ᠬᠠᠭᠠᠭᠴᠢᠳ ᠤᠨ ᠴᠣᠯᠠ | ||
ᠰᠤᠷᠭᠠᠭᠴᠢ | ᠠᠬᠠᠯᠠᠬᠤ ᠲᠦᠷᠦᠭᠦᠴᠢ᠂ ᠲᠦᠷᠦᠭᠦᠴᠢ᠂ ᠳᠡᠳ᠋ ᠲᠦᠷᠦᠭᠦᠴᠢ᠂ ᠠᠬᠠᠯᠠᠬᠤ ᠪᠠᠢᠢᠯᠳᠤᠭᠴᠢ᠂ ᠪᠠᠢᠢᠯᠳᠤᠭᠴᠢ | ||
ᠠᠬᠠᠯᠠᠬᠤ | ᠬᠤᠷᠠᠨᠳᠠ ᠭᠧᠨᠧᠷᠠᠯ᠂ ᠠᠷᠮᠢ ᠶᠢᠨ ᠭᠧᠨᠧᠷᠠᠯ ᠴᠣᠯᠠ 2006 ᠣᠨ ᠤ ᠬᠠᠤᠯᠢ ᠪᠠᠷ ᠬᠡᠷᠡᠭᠯᠡᠭᠳᠡᠬᠦ ᠪᠡᠨ ᠪᠣᠯᠢᠭᠰᠠᠨ᠃ | ||
ᠳᠡᠳ᠋ ᠠᠬᠠᠯᠠᠭᠴᠢ | |||
ᠬᠤᠭᠤᠴᠠᠭᠠᠲᠤ ᠪᠣᠯᠤᠨ | |||
ᠠᠬᠠᠯᠠᠬᠤ | |||
ᠳᠡᠳ᠋ | |||
ᠠᠬᠠᠯᠠᠬᠤ | |||
ᠬᠤᠷᠠᠨᠳᠠ ᠭᠧᠨᠧᠷᠠᠯ᠂ ᠠᠷᠮᠢ ᠶᠢᠨ ᠭᠧᠨᠧᠷᠠᠯ ᠴᠣᠯᠠ 2006 | |||
23:54, 9 Хоёрдугаар сар 2022-ий байдлаарх засвар
ᠮᠣᠩᠭᠤᠯ ᠤᠯᠤᠰ ᠤᠨ ᠵᠡᠪᠰᠡᠭᠲᠦ ᠬᠦᠴᠦᠨ
|
ᠰᠤᠷᠪᠤᠯᠵᠢ ᠪᠢᠴᠢᠭ ᠲᠦ ᠳ᠋ᠦ᠋ᠩᠬᠤ ᠭᠡᠵᠦ ᠲᠡᠮᠳᠡᠭᠯᠡᠭᠳᠡᠭᠰᠡᠨ ᠡᠪᠦᠭᠡ ᠮᠣᠩᠭᠤᠯ ᠠᠢᠢᠮᠠᠭ ᠤᠨ ᠬᠣᠯᠪᠤᠭ᠎ᠠ ᠬᠦᠷᠡᠯ ᠵᠡᠪᠰᠡᠭ ᠦᠨ ᠦᠶ᠎ᠡ ᠳᠤ ᠪᠦᠷᠢᠯᠳᠦᠭᠰᠡᠨ ᠪᠠᠢᠢᠨ ᠠ᠋᠃
ᠲᠡᠳᠡ ᠲᠥᠷᠦᠯᠬᠢ ᠢᠢᠨ ᠳᠠᠢᠢᠴᠢᠨ᠂ ᠭᠠᠷᠮᠠᠭᠠᠢ ᠮᠣᠷᠢᠲᠤ ᠴᠡᠷᠢᠭ ᠦᠳ ᠪᠠᠢᠢᠭᠰᠠᠨ ᠠᠵᠡᠢ᠃
ᠨᠡᠢᠢᠲᠡ ᠢᠢᠨ ᠲᠣᠭᠠᠯᠠᠯ ᠡᠴᠡ ᠡᠮᠦᠨᠡᠬᠢ ᠭᠤᠷᠪᠠᠳᠤᠭᠠᠷ ᠵᠠᠭᠤᠨ ᠤ ᠦᠢ᠎ᠡ ᠳᠦ ᠳ᠋ᠦ᠋ᠩᠬᠤ ᠢᠢᠨ ᠮᠣᠷᠢᠲᠤ ᠴᠡᠷᠡᠭ ᠬᠣᠶᠠᠷ ᠪᠤᠮ ᠭᠠᠷᠤᠢ ᠪᠠᠢᠢᠭᠰᠠᠨ ᠭᠡᠵᠦ ᠰᠤᠷᠪᠤᠯᠵᠢ ᠪᠢᠴᠢᠭ ᠲᠦ ᠥᠭᠦᠯᠡᠵᠡᠢ᠃[1]
ᠾᠢᠦᠩᠨᠦ ᠭᠦᠷᠦᠨ ᠦ ᠴᠡᠷᠢᠭ ᠨᠡᠢᠢᠲᠡ ᠢᠢᠨ ᠲᠣᠭᠠᠯᠠᠯ ᠤᠨ 200 ᠣᠨ ᠳ᠋ᠤ ᠬᠠᠯᠳᠠᠷ᠎ᠠ ᠢᠷᠡᠭᠰᠡᠨ ᠬᠢᠲᠠᠳ ᠤᠨ ᠴᠡᠷᠢᠭ ᠦᠨ ᠲᠦᠷᠢᠮᠬᠡᠢᠢᠯᠡᠯ ᠢ ᠨᠢᠴᠤᠭᠠᠨ ᠴᠢᠨᠠᠭᠰᠢ ᠬᠦᠭᠡᠭᠡᠵᠤ᠂ ᠬᠢᠲᠠᠳ ᠤᠨ ᠬᠠᠨ ᠤᠯᠤᠰ ᠤᠨ ᠨᠡᠢᠢᠰᠯᠡᠯ ᠢ ᠪᠦᠰᠡᠯᠡᠵᠦ ᠪᠠᠢᠢᠵᠡᠢ᠃
ᠪᠣᠭᠳᠠ ᠬᠠᠭᠠᠨᠲᠤ ᠮᠣᠩᠭᠤᠯ ᠤᠯᠤᠰ ᠤᠨ ᠴᠡᠷᠢᠭ 1912 ᠣᠨ ᠳᠤ ᠬᠣᠪᠳᠤ ᠬᠣᠲᠠ ᠢᠢ ᠮᠠᠨᠵᠤ ᠢᠢᠨ ᠭᠠᠷᠨᠢᠽᠣᠨ ᠡᠴᠡ ᠴᠢᠯᠦᠭᠡᠯᠡᠵᠦ᠂ 1913-1915 ᠣᠨ ᠳ᠋ᠤ ᠲᠠᠪᠤᠨ ᠵᠠᠮ ᠤᠨ ᠳᠠᠢᠢᠨ ᠳ᠋ᠤ ᠲᠤᠯᠤᠯᠳᠤᠵᠤ ᠪᠠᠢᠢᠪᠠ᠃
ᠮᠣᠩᠭᠤᠯ ᠴᠡᠷᠢᠭ ᠦᠳ ᠪᠠᠷᠣᠨ ᠤᠩᠭ᠍ᠸᠷᠢᠨ ᠤ ᠤᠳᠤᠷᠢᠳᠤᠯᠭ ᠠ᠋ ᠢᠢᠨ ᠳᠣᠣᠷ ᠠ 1921 ᠣᠨ ᠤ 2 ᠳ᠋ᠤᠭᠠᠷ ᠰᠠᠷ᠎ᠠ ᠳᠤ ᠨᠡᠢᠢᠰᠯᠡᠯ ᠬᠦᠷᠢᠢᠠ ᠢᠢ ᠴᠢᠯᠦᠭᠡᠯᠡᠭᠰᠡᠨ ᠪᠢᠯᠡ᠃
ᠦᠨᠳᠦᠰᠦᠨ ᠦ ᠠᠷᠮᠢ ᠵᠢ 1920 ᠣᠨ ᠳᠤ ᠵᠣᠬᠢᠶᠠᠨ ᠪᠠᠢᠢᠭᠤᠯᠵᠤ ᠪᠠᠢᠢᠭᠰᠠᠨ ᠪᠠᠢᠢᠨ᠎ᠠ᠃
ᠡᠨᠡᠬᠦ ᠰᠢᠨ᠎ᠡ ᠠᠷᠮᠢ ᠨᠢ ᠰᠦᠬᠡᠪᠠᠭᠠᠲᠤᠷ ᠤᠨ ᠰᠢᠭᠤᠳ ᠤᠳᠤᠷᠢᠳᠤᠯᠭ᠎ᠠ ᠳᠣᠣᠷ᠎ᠠ ᠴᠠᠭᠠᠨᠲᠠᠨ ᠤ ᠬᠥᠳᠡᠯᠭᠡᠭᠡᠨ ᠤ ᠣᠷᠣᠰ ᠴᠡᠷᠢᠭ ᠪᠣᠯᠤᠨ ᠡᠨᠡ ᠦᠶ᠎ᠡ ᠳᠦ ᠮᠣᠩᠭᠣᠯ ᠢ ᠡᠵᠡᠯᠡᠭᠰᠡᠨ ᠪᠠᠢᠢᠭᠰᠠᠨ ᠬᠢᠲᠠᠳ ᠤᠨ ᠴᠡᠷᠢᠭ ᠤᠳ ᠤᠨ ᠡᠰᠡᠷᠬᠦ ᠠᠮᠵᠢᠯᠲᠠᠲᠠᠢ ᠲᠤᠯᠤᠯᠳᠤᠭᠰᠠᠨ ᠶᠤᠮ᠃ ᠵᠥᠪᠯᠡᠯᠲᠦ ᠬᠣᠯᠪᠣᠭᠠᠲᠤ ᠤᠯᠤᠰ ᠤᠨ ᠤᠯᠠᠭᠠᠨ ᠠᠷᠮᠢ ᠲᠤᠰᠠᠯᠠᠭᠰᠠᠨ ᠪᠥᠭᠡᠳ ᠪᠦᠭᠦᠳᠡ ᠨᠠᠢᠢᠷᠠᠮᠳᠠᠬᠤ ᠮᠤᠩᠭᠤᠯ ᠠᠷᠠᠳ ᠤᠯᠤᠰ ᠤᠨ ᠨᠤᠲᠤᠭ ᠳᠡᠪᠢᠰᠬᠡᠷ ᠲᠦ 1925 ᠣᠨ ᠬᠦᠷᠲᠡᠯ᠎ᠡ ᠴᠡᠷᠢᠭ ᠢᠢᠡᠨ ᠪᠠᠢᠢᠷᠢᠯᠠᠭᠤᠯᠤᠭᠰᠠᠨ ᠪᠠᠢᠢᠨ᠎ᠠ᠃ ᠭᠧᠣᠫᠣᠯᠢᠲ᠋ᠢᠺ ᠤᠨ ᠪᠠᠢᠢᠷᠢᠰᠢᠯ᠂ ᠡᠳ᠋ ᠤᠨ ᠵᠠᠰᠠᠭ ᠤᠨ ᠬᠦᠴᠦ ᠴᠢᠳᠠᠯ ᠡᠴᠡ ᠪᠠᠨ ᠬᠠᠮᠢᠶᠠᠷᠤᠭᠠᠳ ᠮᠣᠩᠭᠣᠯ ᠤᠯᠤᠰ ᠴᠡᠷᠢᠭ ᠤᠨ ᠬᠦᠴᠦᠷᠬᠡᠭ ᠪᠣᠳᠣᠯᠭ᠎ᠠ ᠬᠡᠷᠡᠭᠵᠢᠭᠦᠯᠳᠡᠭ᠃ ᠮᠣᠩᠭᠣᠯ ᠤᠨ ᠵᠡᠪᠰᠡᠭᠲᠦ ᠬᠦᠴᠦᠨ ᠭᠠᠳᠠᠨ᠎ᠠ ᠢᠢᠨ ᠬᠠᠯᠳᠠᠯᠭ᠎ᠠ ᠢᠢᠨ ᠡᠰᠡᠷᠭᠦ ᠲᠤᠰᠠᠭᠠᠷ ᠲᠣᠭᠲᠠᠨᠢᠯ ᠢᠢᠠᠨ ᠬᠠᠮᠠᠭᠠᠯᠠᠬᠤ ᠬᠢᠵᠠᠭᠠᠷᠳᠠᠮᠠᠯ ᠴᠢᠳᠠᠪᠬᠢᠲᠠᠢ ᠤᠴᠢᠷ ᠦᠨᠳᠦᠰᠦᠨ ᠤ ᠠᠶᠤᠯ ᠦᠭᠡᠢ ᠪᠠᠢᠢᠳᠠᠯ ᠨᠢ ᠳ᠋ᠢᠫᠯᠣᠮᠠᠲ ᠬᠠᠷᠢᠯᠴᠠᠭ᠎ᠠ ᠳᠡᠭᠡᠷ᠎ᠡ ᠶᠡᠬᠡᠳᠡ ᠲᠤᠯᠭᠠᠭᠤᠷᠢᠯᠠᠳᠠᠭ᠃ ᠲᠤᠰ ᠤᠯᠤᠰ ᠲᠣᠮᠣ᠂ ᠰᠢᠭᠤᠷᠬᠠᠢ᠂ ᠮᠡᠷᠭᠡᠵᠢᠯ ᠦᠨ ᠵᠡᠪᠰᠡᠭᠲᠦ ᠬᠦᠴᠦᠨ ᠲᠡᠢ ᠪᠣᠯᠬᠤ ᠪᠣᠳᠣᠯᠭ᠎ᠠ ᠵᠢ ᠪᠠᠷᠢᠮᠲᠠᠯᠠᠵᠤ ᠬᠡᠷᠡᠭᠵᠢᠭᠦᠯᠵᠦ ᠪᠠᠢᠢᠨ᠎ᠠ᠃
|
ᠮᠣᠩᠭᠣᠯ ᠤᠯᠤᠰ ᠤᠨ ᠵᠡᠪᠰᠡᠭᠲᠦ ᠬᠦᠴᠦᠨ ᠰᠢᠶᠸᠷᠠ ᠯᠢᠶᠤᠨ᠂ ᠢᠷᠠᠺ᠂ ᠡᠲ᠋ᠢᠶᠣᠫ᠂ ᠡᠸᠷᠢᠲ᠋ᠷᠧᠶᠠ᠂ ᠪᠠᠷᠠᠭᠤᠨ ᠰᠠᠬᠠᠷᠠ᠂ ᠠᠹᠭᠠᠨᠢᠰᠲ᠋ᠠᠨ᠂ ᠯᠢᠪᠧᠷᠢᠢᠠ᠂ ᠴᠠᠳ᠋᠂ ᠡᠮᠦᠨᠡᠲᠦ ᠰᠦ᠋ᠳᠠᠨ ᠳᠤ ᠡᠩᠬᠡ ᠵᠢ ᠰᠠᠬᠢᠭᠤᠯᠬᠤ ᠠᠵᠢᠯᠯᠠᠭᠠᠨ ᠳᠤ ᠣᠷᠣᠯᠴᠠᠵᠤ ᠪᠠᠢᠢᠨ᠎ᠠ᠃ ᠠᠹᠭᠠᠨᠢᠰᠲ᠋ᠠᠨ ᠳ᠋ᠠᠬᠢ ᠮᠣᠩᠭᠣᠯ ᠤᠨ ᠴᠡᠷᠢᠭ ᠤᠨ ᠪᠠᠭ ᠠᠹᠭᠠᠨ ᠤ ᠦᠨᠳᠦᠰᠦᠨ ᠤ ᠠᠷᠮᠢ ᠢᠢᠨ ᠴᠡᠷᠢᠭ ᠤᠨ ᠵᠡᠪᠰᠡᠭ ᠲᠧᠭᠨᠢᠭ ᠤᠨ ᠶᠡᠬᠡᠬᠡᠨ ᠬᠡᠰᠡᠭ ᠵᠢ ᠪᠦᠷᠢᠳᠦᠭᠦᠯᠳᠡᠭ ᠬᠠᠭᠤᠴᠢᠨ ᠸᠠᠷᠱᠠᠸ ᠤᠨ ᠭᠡᠷ᠎ᠡ ᠢᠢᠨ ᠣᠷᠣᠨ ᠨᠤᠭᠤᠳ ᠤᠨ ᠵᠡᠪᠰᠡᠭ ᠲᠧᠭᠨᠢᠭ ᠳᠡᠭᠡᠷ᠎ᠡ ᠠᠵᠢᠯᠯᠠᠬᠤ ᠳᠤᠨᠢ North Atlantic Treaty Organization / ᠬᠤᠢᠢᠳᠤ ᠠᠲ᠋ᠯᠠᠨᠲ᠋ ᠤᠨ ᠭᠡᠷ᠎ᠠ ᠢᠢᠨ ᠤᠷᠤᠨ ᠨᠤᠭᠤᠳ ᠤᠨ ᠪᠠᠢᠢᠭᠤᠯᠤᠯᠭ᠎ᠠ ᠲᠤᠰᠠᠯᠠᠵᠤ ᠪᠠᠢᠢᠭ᠎ᠠ ᠶᠤᠮ᠃ 2005 / 2006 ᠣᠨ ᠳᠤ ᠮᠣᠩᠭᠣᠯ ᠤᠨ ᠴᠡᠷᠢᠭ ᠤᠨ ᠠᠯᠪᠠᠨ ᠬᠠᠭᠠᠭᠴᠢᠳ ᠺᠣᠰᠤᠸᠥ ᠳ᠋ᠠᠬᠢ ᠪᠧᠯᠭᠢ ᠢᠢᠨ ᠴᠡᠷᠢᠭ ᠤᠨ ᠪᠦᠷᠢᠯᠳᠦᠬᠦᠨ ᠳᠤ ᠡᠭᠦᠷᠭᠡ ᠭᠦᠢᠴᠡᠳᠭᠡᠭᠰᠡᠨ᠃ᠬᠠᠭᠤᠷᠠᠢ ᠵᠠᠮ ᠤᠨ ᠬᠦᠴᠦᠨ ᠨᠢ ᠨᠡᠢᠢᠲᠡ 550 ᠭᠠᠷᠤᠢ ᠲᠠᠩᠺ᠂ ᠬᠤᠶᠠᠭᠲᠤ ᠲᠡᠭᠡᠭᠡᠪᠦᠷᠢᠯᠡᠭᠴᠢ 700 ᠭᠠᠷᠤᠢ᠂ 600 ᠭᠠᠷᠤᠢ ᠶᠡᠬᠡ ᠫᠤᠤ᠂ 650 ᠭᠠᠷᠤᠢ ᠠᠭᠠᠷ ᠤᠨ ᠳᠣᠪᠲᠣᠯᠭᠠᠨ ᠠ᠋ᠴᠠ ᠬᠠᠮᠠᠭᠠᠯᠠᠬᠤ ᠬᠡᠷᠡᠭᠰᠡᠯ᠂ ᠪᠤᠰᠤᠳ ᠴᠡᠷᠢᠭ ᠤᠨ ᠵᠣᠷᠢᠭᠤᠯᠤᠯᠲᠠᠲᠠᠢ ᠲᠧᠭᠨᠢᠭ ᠬᠡᠷᠡᠭᠰᠡᠯ ᠲᠡᠢ ᠶᠤᠮ᠃ ᠡᠳᠡᠭᠡᠷ ᠵᠡᠪᠰᠡᠭ ᠲᠧᠭᠨᠢᠭ ᠤᠨ ᠶᠡᠬᠡᠩᠬᠢ ᠨᠢ 1980 ᠍᠊ᠭᠠᠳ ᠣᠨ ᠤ ᠡᠬᠢ ᠪᠡᠷ ᠵᠥᠪᠯᠡᠯᠲᠦ ᠬᠣᠯᠪᠣᠭᠠᠲᠤ ᠤᠯᠤᠰ ᠲᠤ ᠦᠢᠯᠡᠳᠪᠦᠷᠢᠯᠡᠭᠳᠡᠭᠰᠡᠨ ᠪᠠᠢᠢᠳᠠᠭ ᠪᠥᠭᠡᠳ ᠨᠡᠢᠢᠲᠡ ᠵᠡᠪᠰᠡᠭ ᠲᠧᠭᠨᠢᠭ ᠤᠨ ᠫᠠᠷᠺ ᠤᠨ 60-80% ᠨᠢ III ᠦᠶ᠎ᠡ ᠢᠢᠨ ᠦᠯᠡᠳᠡᠭᠰᠡᠨ ᠬᠤᠪᠢ ᠨᠢ IV ᠦᠶ᠎ᠡ ᠶᠢᠨ ᠬᠢ ᠠᠵᠡᠢ᠃ ᠮᠣᠩᠭᠣᠯ ᠤᠯᠤᠰ ᠤᠨ ᠠᠭᠠᠷ ᠤᠨ ᠳᠣᠪᠲᠣᠯᠭᠠᠨ ᠡᠴᠡ ᠬᠠᠮᠠᠭᠠᠯᠠᠬᠤ ᠴᠡᠷᠢᠭ ᠨᠢ ᠲᠤᠰ ᠤᠯᠤᠰ ᠤᠨ ᠵᠡᠪᠰᠡᠭᠲᠦ ᠬᠦᠴᠦᠨ ᠤ ᠪᠦᠷᠢᠯᠳᠦᠬᠦᠨ ᠳᠤ ᠪᠠᠭᠲᠠᠳᠠᠭ᠃ ᠦᠨᠳᠦᠰᠦᠨ ᠤ ᠠᠭᠠᠷ ᠤᠨ ᠪᠣᠯᠤᠨ ᠠᠭᠠᠷ ᠤᠨ ᠳᠣᠪᠲᠣᠯᠭᠠᠨ ᠡᠴᠡ ᠬᠠᠮᠠᠭᠠᠯᠠᠬᠤ ᠠᠵᠢᠯᠯᠠᠭᠠᠨ ᠳᠤ ᠵᠣᠷᠢᠭᠤᠯᠤᠭᠰᠠᠨ ᠨᠢᠰᠬᠦ ᠬᠦᠴᠦᠨ ᠶᠤᠮ᠃ ᠲᠤᠰ ᠠᠯᠪᠠᠨ ᠤ ᠦᠨᠳᠦᠰᠦᠨ ᠡᠭᠦᠷᠭᠡ ᠨᠢ ᠮᠣᠩᠭᠣᠯ ᠤᠯᠤᠰ ᠤᠨ ᠨᠤᠲᠤᠭ ᠳᠡᠪᠢᠰᠬᠡᠷ ᠤᠨ ᠠᠭᠠᠷ ᠤᠨ ᠣᠷᠣᠨ ᠵᠠᠢ ᠢᠢᠨ ᠠᠶᠤᠯ ᠦᠭᠡᠢ ᠪᠠᠢᠢᠳᠠᠯ ᠵᠢ ᠪᠠᠲᠤᠯᠠᠨ ᠬᠠᠮᠠᠭᠠᠯᠠᠬᠤ ᠳ᠋ᠤ ᠣᠷᠣᠰᠢᠳᠠᠭ᠃ 2011 ᠣᠨ ᠳ᠋ᠤ ᠮᠢᠭ᠌ -21 ᠰᠥᠨᠥᠭᠡᠭᠴᠢ ᠣᠩᠭᠣᠴᠠᠨ ᠨᠤᠭᠤᠳ ᠢ ᠤᠰᠠᠳᠬᠠᠯ ᠳ᠋ᠤ ᠤᠷᠤᠭᠤᠯᠬᠤ ᠨᠡᠷᠡᠢᠢᠳᠦᠯ ᠤᠨ ᠳᠣᠣᠷ᠎ᠠ ᠵᠠᠷᠢᠮ ᠢ ᠨᠢ ᠬᠤᠢᠢᠳᠤ ᠰᠣᠯᠣᠩᠭᠣᠰ ᠤᠷᠤᠭᠤ ᠵᠠᠷᠤᠭᠰᠠᠨ ᠨᠢ ᠲᠣᠭᠲᠠᠭᠠᠭᠳᠠᠭᠰᠠᠨ᠃ 2012 ᠣᠨ ᠳ᠋ᠤ ᠠᠢᠢᠷᠣᠪᠦ᠋ᠰ ᠣᠩᠭᠣᠴᠠ ᠵᠢ ᠮᠣᠩᠭᠣᠯ ᠤᠨ ᠢᠷᠭᠡᠨ ᠤ ᠠᠭᠠᠷ ᠤᠨ ᠲᠡᠭᠡᠭᠡᠪᠦᠷᠢ ᠳ᠋ᠦ ᠪᠤᠴᠠᠭᠠᠵᠤ ᠥᠭᠭᠦᠭᠰᠡᠨ᠃ 2013 ᠣᠨ ᠳ᠋ᠤ ᠮᠣᠩᠭᠣᠯ ᠤᠯᠤᠰ ᠤᠨ ᠠᠭᠠᠷ ᠤᠨ ᠳᠣᠪᠲᠣᠯᠭᠠᠨ ᠡᠴᠡ ᠬᠠᠮᠠᠭᠠᠯᠠᠬᠤ ᠴᠡᠷᠢᠭ ᠤᠨ ᠬᠦᠴᠦᠨ ᠨᠢ ᠠᠮᠧᠷᠢᠺᠠ ᠢᠢᠨ ᠨᠢᠭᠡᠳᠦᠭᠰᠡᠨ ᠤᠯᠤᠰ ᠤᠨ ᠌〈Lockheed Martin〉 ᠺᠣᠮᠫᠠᠨᠢ ᠳ᠋ᠤ ᠦᠢᠯᠡᠳᠪᠦᠷᠢᠯᠡᠭᠰᠡᠨ C-130J ᠮᠠᠷᠺ ᠤᠨ ᠭᠤᠷᠪᠠᠨ ᠣᠩᠭᠣᠴᠠ ᠬᠤᠳᠠᠯᠳᠤᠨ ᠠᠪᠬᠤ ᠪᠠᠷ ᠲᠥᠯᠥᠪᠯᠡᠭᠡᠳ ᠪᠠᠢᠢᠨ᠎ᠠ᠃
|
ᠮᠣᠩᠭᠣᠯ ᠤᠯᠤᠰ ᠤᠨ ᠴᠡᠷᠢᠭ ᠤᠨ ᠴᠣᠯᠠ
ᠳᠡᠭᠡᠳᠦ ᠣᠹᠢᠼᠧᠷ
ᠭᠧᠨᠧᠷᠠᠯ᠂ ᠳᠡᠰᠯᠡᠭᠴᠢ ᠭᠧᠨᠧᠷᠠᠯ᠂ ᠬᠣᠰᠢᠭᠤᠴᠢ ᠭᠧᠨᠧᠷᠠᠯ᠂ ᠪᠠᠷᠢᠭᠠᠳᠠ ᠢᠢᠨ ᠭᠧᠨᠧᠷᠠᠯ
ᠠᠬᠠᠯᠠᠬᠤ ᠣᠹᠢᠼᠧᠷ
ᠬᠤᠷᠠᠨᠳᠠ᠂ ᠳᠡᠳ᠋ ᠬᠤᠷᠠᠨᠳᠠ᠂ ᠬᠣᠰᠢᠭᠤᠴᠢ
ᠳᠤᠮᠳᠠ ᠣᠹᠢᠼᠧᠷ
ᠠᠬᠠᠮᠠᠳ᠂ ᠠᠬᠠᠯᠠᠬᠤ ᠳᠡᠰᠯᠡᠭᠴᠢ᠂ ᠳᠡᠰᠯᠡᠭᠴᠢ
ᠠᠬᠠᠯᠠᠭᠴᠢ ᠢᠢᠨ ᠴᠣᠯᠠ
ᠲᠡᠷᠢᠭᠦᠨ ᠠᠬᠠᠯᠠᠭᠴᠢ᠂ ᠰᠤᠷᠭᠠᠭᠴᠢ ᠠᠬᠠᠯᠠᠭᠴᠢ᠂ ᠠᠬᠠᠯᠠᠬᠤ ᠠᠬᠠᠯᠠᠭᠴᠢ᠂ ᠠᠬᠠᠯᠠᠭᠴᠢ᠂ ᠳᠡᠳ᠋ ᠠᠬᠠᠯᠠᠭᠴᠢ
ᠬᠤᠭᠤᠴᠠᠭᠠᠲᠤ ᠪᠣᠯᠤᠨ ᠭᠡᠷᠡᠳᠦ ᠴᠡᠷᠢᠭ ᠤᠨ ᠠᠯᠪᠠ ᠬᠠᠭᠠᠭᠴᠢᠳ ᠤᠨ ᠴᠣᠯᠠ
ᠠᠬᠠᠯᠠᠬᠤ ᠲᠦᠷᠦᠭᠦᠴᠢ᠂ ᠲᠦᠷᠦᠭᠦᠴᠢ᠂ ᠳᠡᠳ᠋ ᠲᠦᠷᠦᠭᠦᠴᠢ᠂ ᠠᠬᠠᠯᠠᠬᠤ ᠪᠠᠢᠢᠯᠳᠤᠭᠴᠢ᠂ ᠪᠠᠢᠢᠯᠳᠤᠭᠴᠢ
ᠬᠤᠷᠠᠨᠳᠠ ᠭᠧᠨᠧᠷᠠᠯ᠂ ᠠᠷᠮᠢ ᠶᠢᠨ ᠭᠧᠨᠧᠷᠠᠯ ᠴᠣᠯᠠ 2006 ᠣᠨ ᠤ ᠬᠠᠤᠯᠢ ᠪᠠᠷ ᠬᠡᠷᠡᠭᠯᠡᠭᠳᠡᠬᠦ ᠪᠡᠨ ᠪᠣᠯᠢᠭᠰᠠᠨ᠃
ᠡᠬᠢ ᠰᠤᠷᠪᠤᠯᠵᠢ
- ↑ ᠪ᠂ ᠪᠠᠲᠤᠰᠷᠦᠩ᠃ ᠳ᠋ᠦ᠋ᠩᠾᠦ᠃ ᠬᠠᠨᠳᠤᠭᠰᠠᠨ 2021/03/16