ᠵᠦᠢᠯᠡᠰ ᠊ᠦᠨ ᠢᠨ᠍ᠲ᠋ᠧᠷᠨᠧᠲ
ᠵᠦᠢᠯᠡᠰ ᠦᠨ ᠢᠨ᠍ᠲ᠋ᠧᠷᠨᠧᠲ (ᠮᠥᠨ ᠶᠠᠭᠤᠮᠠᠰ ᠤᠨ ᠢᠨ᠍ᠲ᠋ᠧᠷᠧᠲInternet ᠭᠡᠳᠡᠭ; ᠠᠩᠯᠢ ᠪᠠᠷ Internet of Things; ᠲᠣᠪᠴᠢ ᠬᠡᠯᠪᠡᠷᠢ ᠢᠨᠦ IoT) ᠨᠢ ᠪᠡᠶᠡᠲᠦ ᠪᠣᠯᠤᠨ ᠬᠡᠶ᠋ᠢᠰᠪᠦᠷᠢ ᠵᠦᠢᠯᠡᠰ ᠢ ᠰᠦᠯᠵᠢᠶᠡᠨ ᠳᠦ ᠬᠣᠯᠪᠣᠬᠤ ᠪᠣᠯᠤᠮᠵᠢ ᠶᠢ ᠪᠤᠢ ᠪᠣᠯᠭᠠᠭᠰᠠᠨ ᠲᠦᠭᠡᠮᠡᠯ ᠳᠡᠳ᠋ ᠪᠦᠲᠦᠴᠡ ᠶᠢᠨ ᠲᠧᠻᠨᠣᠯᠣᠭᠢtechnology ᠪᠢᠯᠡ᠃ ᠡᠨᠡᠬᠦ ᠲᠧᠻᠨᠣᠯᠣᠭᠢ ᠪᠠᠷ ᠬᠣᠯᠪᠣᠭᠳᠠᠭᠰᠠᠨ ᠵᠦᠢᠯᠡᠰ ᠨᠢ ᠮᠡᠳᠡᠭᠡᠯᠡᠯ ᠬᠣᠯᠪᠣᠭᠠᠨ ᠤ ᠲᠧᠻᠨᠣᠯᠣᠭᠢ ᠳᠤ ᠲᠦᠰᠢᠭᠯᠡᠨ ᠬᠠᠷᠢᠯᠴᠠᠨ ᠠᠵᠢᠯᠯᠠᠨ᠎ᠠ᠃[1]
ᠵᠦᠢᠯᠡᠰ ᠦᠨ ᠢᠨ᠍ᠲ᠋ᠧᠷᠨᠧᠲ ᠲᠧᠻᠨᠣᠯᠣᠭᠢ ᠳᠤ ᠬᠡᠷᠡᠭᠵᠢᠭᠰᠡᠨ ᠹᠦᠨᠻᠼ ᠤᠳfunction ᠨᠢ ᠬᠦᠮᠦᠰ ᠪᠣᠯᠤᠨ ᠰᠦᠯᠵᠢᠶᠡᠨ ᠳᠦ ᠬᠣᠯᠪᠣᠭᠳᠠᠭᠰᠠᠨ ᠠᠯᠢᠪᠠ ᠴᠠᠬᠢᠮ ᠰᠢᠰᠲ᠋ᠧᠮsystem᠂ ᠮᠥᠨ ᠲᠤᠬᠠᠢ ᠶᠢᠨ ᠰᠢᠰᠲ᠋ᠧᠮ ᠦᠳ ᠦᠨ ᠬᠣᠭᠣᠷᠣᠨᠳᠣ ᠬᠠᠷᠢᠯᠴᠠᠨ ᠦᠢᠯᠡᠴᠢᠯᠡᠯᠴᠡᠬᠦ ᠪᠣᠯᠤᠮᠵᠢ ᠶᠢ ᠪᠦᠷᠢᠳᠦᠭᠦᠯᠳᠡᠭ᠃ ᠶᠠᠭᠤᠮᠠᠰ ᠲᠤ ᠰᠠᠭᠤᠯᠭᠠᠭᠰᠠᠨ ᠪᠢᠴᠢᠯ ᠻᠣᠮᠫᠢᠶᠦ᠋ᠲ᠋ᠧᠷ ᠤᠳcomputer ᠬᠦᠮᠦᠰ ᠦᠨ ᠠᠩᠬᠠᠷᠤᠯ ᠢ ᠲᠠᠲᠠᠬᠤ ᠦᠭᠡᠢ ᠪᠡᠷ ᠠᠵᠢᠯᠯᠠᠵᠤ᠂ ᠬᠦᠮᠦᠨ ᠦ ᠦᠢᠯᠡ ᠠᠵᠢᠯᠯᠠᠭ᠎ᠠ ᠶᠢ ᠳᠡᠮᠵᠢᠨ᠎ᠡ᠃ ᠲᠤᠬᠠᠶ᠋ᠢᠯᠠᠪᠠᠯ ᠡᠯᠳᠡᠪ ᠮᠡᠳᠡᠷᠡᠭᠴᠢ ᠨᠦᠭᠦᠳ ᠪᠦᠬᠦᠢ ᠪᠢᠴᠢᠯ ᠻᠣᠮᠫᠢᠶᠦ᠋ᠲ᠋ᠧᠷ ᠢ ᠬᠤᠪᠴᠠᠰᠤᠨ ᠳᠤ ᠰᠠᠭᠤᠯᠭᠠᠨ ᠠᠵᠢᠯᠯᠠᠭᠤᠯᠵᠤ ᠪᠣᠯᠤᠨ᠎ᠠ᠃
ᠮᠠᠷᠻ ᠸᠠᠶ᠋ᠢᠽᠧᠷMark Weiser 1991 ᠣᠨ ᠳᠤ ᠪᠢᠴᠢᠭᠰᠡᠨ ᠌᠌᠌᠌"21 ᠍ ᠳᠦᠭᠡᠷ ᠵᠠᠭᠤᠨ ᠤ ᠻᠣᠮᠫᠢᠶᠦ᠋ᠲ᠋ᠧᠷ" ᠬᠡᠮᠡᠬᠦ ᠨᠡᠶ᠋ᠢᠲᠡᠯᠡᠯ ᠳᠦ ᠪᠡᠨ[2] ᠮᠡᠳᠡᠷᠡᠷᠡᠭᠴᠢ ᠪᠡᠷ ᠲᠣᠨᠣᠭᠯᠠᠭᠳᠠᠵᠤ ᠬᠦᠷᠢᠶᠡᠯᠡᠩ ᠪᠤᠢ ᠤᠷᠴᠢᠨ ᠳᠤ ᠪᠠᠨ ᠰᠠᠭᠠᠳ ᠦᠭᠡᠢ ᠬᠣᠯᠪᠣᠭᠳᠠᠭᠰᠠᠨ ᠵᠦᠢᠯᠡᠰ ᠦᠨ ᠲᠤᠬᠠᠢ "ᠲᠦᠭᠡᠮᠡᠯ ᠡᠯᠪᠡᠭᠲᠦ ᠲᠣᠭᠠᠴᠠᠭᠠᠯᠠᠯ" ᠨᠡᠷ᠎ᠡ ᠲᠣᠮᠢᠶ᠎ᠠ ᠶᠢ ᠠᠩᠬ᠎ᠠ ᠠᠰᠢᠭᠯᠠᠨ ᠢᠯᠡᠷᠬᠡᠶ᠋ᠢᠯᠡᠭᠰᠡᠨ ᠪᠠᠶ᠋ᠢᠳᠠᠭ᠃
ᠵᠦᠢᠯᠡᠰ ᠦᠨ ᠢᠨ᠍ᠲ᠋ᠧᠷᠨᠧᠲ ᠭᠡᠳᠡᠭ ᠨᠢ ᠢᠯᠡᠳᠲᠡ ᠲᠣᠳᠣᠷᠬᠠᠶ᠋ᠢᠯᠠᠭᠳᠠᠬᠤ ᠪᠡᠶᠡᠲᠦ ᠵᠦᠢᠯᠡᠰ ᠢ ᠢᠨ᠍ᠲ᠋ᠧᠷᠨᠧᠲ ᠠᠳᠠᠯᠢ ᠵᠠᠷᠴᠢᠮ ᠲᠠᠢ ᠪᠦᠲᠦᠴᠡ ᠳ᠋ᠡᠬᠢ ᠬᠡᠶ᠋ᠢᠰᠪᠦᠷᠢ ᠳᠦᠷᠰᠦᠯᠡᠯ ᠲᠡᠢ ᠬᠤᠯᠪᠤᠬᠤ ᠰᠦᠯᠵᠢᠶ᠎ᠡ ᠶᠤᠮ᠃ ᠡᠨᠡᠬᠦ ᠰᠦᠯᠵᠢᠶ᠎ᠡ ᠨᠢ ᠣᠷᠣᠯᠴᠠᠭᠴᠢ ᠬᠦᠮᠦᠰ ᠦᠨ ᠵᠡᠷᠭᠡᠴᠡᠭᠡ ᠡᠳ᠋ ᠵᠦᠢᠯᠡᠰ ᠡᠴᠡ ᠪᠥᠷᠢᠳᠦᠨ᠎ᠡ᠃ "ᠵᠦᠢᠯᠡᠰ ᠦᠨ ᠢᠨ᠍ᠲ᠋ᠧᠷᠨᠧᠲ" ᠭᠡᠳᠡᠭ ᠨᠡᠷ᠎ᠡ ᠲᠣᠮᠢᠶ᠎ᠠ ᠶᠢ ᠠᠩᠬ᠎ᠠ 1999 ᠣᠨ ᠳᠤ ᠻᠧᠸᠢᠨ ᠡᠱᠲ᠋ᠣᠨKevin Ashton ᠬᠡᠷᠡᠭᠯᠡᠭᠰᠡᠨ ᠪᠠᠶ᠋ᠢᠳᠠᠭ ᠴᠤ ᠪᠢᠴᠢᠭ ᠢᠶᠡᠷ ᠪᠠᠷᠢᠮᠲᠠᠵᠢᠭᠭᠠᠳᠦᠢ ᠪᠠᠶ᠋ᠢᠨ᠎ᠠ᠃[3] "Auto-ID Labs" ᠍ ᠤᠨ ᠦᠢᠯᠡ ᠠᠵᠢᠯᠯᠠᠭᠠᠨ ᠤ ᠶᠠᠪᠤᠴᠠ ᠳᠤ ᠵᠦᠢᠯᠡᠰ ᠦᠨ ᠢᠨ᠍ᠲ᠋ᠧᠷᠨᠧᠲ ᠦᠨ ᠲᠠᠯ᠎ᠠ ᠪᠠᠨ ᠮᠡᠳᠡᠳᠡᠭ ᠪᠣᠯᠴᠣᠭᠠᠭᠰᠠᠨ ᠪᠠᠶ᠋ᠢᠳᠠᠭ᠃[4]
ᠷᠠᠳᠢᠣ᠋ ᠦᠶᠡᠯᠡᠵᠡᠯ ᠳᠦ ᠲᠦᠰᠢᠭᠯᠡᠨ ᠲᠠᠨᠢᠬᠤ (RFID) ᠠᠷᠭ᠎ᠠ ᠠᠰᠢᠭᠯᠠᠨ ᠢᠯᠭᠠᠨ ᠲᠠᠨᠢᠬᠤ ᠶᠢ ᠵᠦᠢᠯᠡᠰ ᠦᠨ ᠢᠨ᠍ᠲ᠋ᠧᠷᠨᠧᠲ ᠦᠨ ᠰᠠᠭᠤᠷᠢ ᠭᠡᠵᠦ ᠦᠵᠡᠬᠦ ᠲᠣᠬᠢᠶᠠᠯᠳᠤᠯ ᠪᠠᠶ᠋ᠢᠳᠠᠭ᠃ ᠭᠡᠪᠡᠴᠦ ᠡᠨᠡ ᠲᠧᠻᠨᠣᠯᠣᠭᠢ ᠨᠢ ᠢᠨ᠍ᠲ᠋ᠧᠷᠨᠧᠲ ᠦᠨ ᠫᠷᠣᠲ᠋ᠣᠻᠣᠯ ᠳᠤ ᠰᠠᠭᠤᠷᠢᠯᠠᠨ ᠰᠢᠭᠤᠳ ᠬᠠᠷᠢᠯᠴᠠᠳᠠᠭ ᠦᠭᠡᠢ ᠲᠤᠯᠠ ᠵᠦᠢᠯᠡᠰ ᠦᠨ ᠢᠨ᠍ᠲ᠋ᠧᠷᠨᠧᠲ ᠦᠨ ᠦᠷ᠎ᠡ ᠬᠥᠪᠦᠷᠡᠯ ᠲᠡᠳᠦᠢ ᠪᠡᠷ ᠯᠠ ᠭᠡᠵᠦ ᠦᠵᠡᠵᠦ ᠪᠣᠯᠤᠨ᠎ᠠ᠃ ᠮᠡᠳᠡᠷᠡᠭᠴᠢ᠂ ᠢᠳᠡᠪᠬᠢᠵᠢᠭᠦᠯᠦᠭᠴᠢ ᠵᠡᠷᠭᠡ ᠪᠦᠷᠢᠯᠳᠦᠬᠦᠨ ᠬᠡᠰᠡᠭ ᠦᠳ ᠨᠢ ᠲᠥᠯᠥᠪ ᠢ ᠨᠢ ᠢᠯᠡᠷᠡᠭᠦᠯᠬᠦ᠂ ᠦᠢᠯᠡᠳᠦᠯ ᠭᠦᠢᠴᠡᠳᠭᠡᠭᠦᠯᠬᠦ ᠵᠡᠷᠭᠡ ᠠᠵᠢᠯᠯᠠᠭ᠎ᠠ ᠶᠢ ᠥᠷᠭᠡᠵᠢᠭᠦᠯᠵᠦ ᠥᠭᠴᠦ ᠪᠠᠶ᠋ᠢᠨ᠎ᠠ᠃ ᠵᠦᠢᠯᠡᠰ ᠦᠨ ᠢᠨ᠍ᠲ᠋ᠧᠷᠨᠧᠲ ᠦᠨ ᠥᠷᠭᠡᠳᠬᠡᠭᠰᠡᠨ ᠲᠣᠳᠣᠷᠬᠠᠶ᠋ᠢᠯᠠᠯᠲᠠ ᠨᠤᠭᠤᠳ ᠨᠢ ᠢᠷᠡᠭᠡᠳᠦᠢ ᠶᠢᠨ ᠢᠨ᠍ᠲ᠋ᠧᠷᠨᠧᠲ (Future Internet)[5] ᠍ ᠲᠠᠢ ᠬᠣᠯᠪᠣᠭᠠᠲᠠᠢ ᠪᠣᠯᠬᠤ ᠶᠢ ᠲᠣᠳᠣᠳᠬᠠᠵᠤ᠂ ᠨᠥᠭᠦᠭᠡᠲᠡᠭᠦᠷ ᠣᠶᠢᠷᠠᠯᠴᠠᠭ᠎ᠠ ᠰᠤᠳᠤᠯᠭᠠᠨ ᠤ ᠰᠡᠳᠦᠪ ᠦᠳ ᠡᠴᠡ ᠵᠠᠭᠠᠭᠯᠠᠵᠤ ᠥᠭᠭᠦᠳᠡᠭ᠃
ᠲᠡᠢᠢᠨ ᠪᠦᠲᠦᠴᠡ (architecture)
ᠵᠦᠢᠯᠡᠰ ᠦᠨ ᠢᠨ᠍ᠲ᠋ᠧᠷᠨᠧᠲ ᠦᠨ ᠰᠠᠭᠤᠷᠢ ᠠᠷᠻᠢᠲ᠋ᠧᠻᠲ᠋ᠣᠷ ᠠᠨᠤ ᠦᠨᠳᠦᠰᠦᠨ ᠳᠦ ᠪᠡᠨ 4 ᠳᠠᠪᠬᠤᠷᠭ᠎ᠠ ᠠᠴᠠ ᠪᠥᠷᠢᠳᠦᠨ᠎ᠡ᠃
ᠲᠡᠳᠡᠭᠡᠷ 4 ᠳᠠᠪᠬᠤᠷᠭ᠎ᠠ ᠠᠨᠤ᠄ ᠮᠡᠳᠡᠷᠡᠭᠴᠢ ᠳᠠᠪᠬᠤᠷᠭ᠎ᠠ (Sensing Layer)᠂ ᠰᠦᠯᠵᠢᠶᠡᠨ ᠦ ᠳᠠᠪᠬᠤᠷᠭ᠎ᠠ (Network Layer)᠂ ᠥᠭᠭᠥᠭᠳᠡᠯ ᠪᠣᠯᠪᠠᠰᠤᠷᠠᠭᠤᠯᠬᠤ ᠳᠠᠪᠬᠤᠷᠭ᠎ᠠ (Data Processing Layer)᠂ ᠬᠡᠷᠡᠭᠯᠡᠭᠡᠨ ᠦᠨ ᠳᠠᠪᠬᠤᠷᠭ᠎ᠠ (Application Layaer) ᠶᠤᠮ᠃[6]
ᠮᠡᠳᠡᠷᠡᠭᠴᠢ ᠳᠠᠪᠬᠤᠷᠭ᠎ᠠ᠄
ᠡᠨᠡ ᠳᠠᠪᠬᠤᠷᠭ᠎ᠠ ᠳᠤ ᠮᠡᠳᠡᠷᠡᠭᠴᠢ᠂ ᠢᠳᠡᠪᠬᠢᠵᠢᠭᠦᠯᠦᠭᠴᠢ᠂ ᠲᠥᠬᠥᠭᠡᠷᠦᠮᠵᠢ ᠨᠦᠭᠦᠳ ᠪᠠᠶ᠋ᠢᠳᠠᠭ᠃ ᠡᠳᠡᠭᠡᠷ ᠮᠡᠳᠡᠷᠡᠭᠴᠢ᠂ ᠢᠳᠡᠪᠬᠢᠵᠢᠭᠦᠯᠦᠭᠴᠢ ᠨᠢ ᠥᠭᠭᠥᠭᠳᠡᠯ (ᠹᠢᠽᠢᠻ/ᠣᠷᠴᠢᠨ ᠤ ᠫᠠᠷᠠᠮᠧᠲ᠋ᠷ ᠦᠳparameter) ᠬᠦᠯᠢᠶᠡᠨ ᠠᠪᠴᠤ᠂ ᠪᠣᠯᠪᠠᠰᠤᠷᠠᠭᠤᠯᠵᠤ᠂ ᠰᠦᠯᠵᠢᠶ᠎ᠡ ᠪᠡᠷ ᠳᠠᠮᠵᠢᠭᠤᠯᠳᠠᠭ᠃
ᠰᠦᠯᠵᠢᠶᠡᠨ ᠦ ᠳᠠᠪᠬᠤᠷᠭ᠎ᠠ᠄
ᠡᠨᠡ ᠳᠠᠪᠬᠤᠷᠭ᠎ᠠ ᠳᠤ ᠢᠨ᠍ᠲ᠋ᠧᠷᠨᠧᠲ/ᠰᠦᠯᠵᠢᠶᠡᠨ ᠦ ᠭᠠᠷᠴᠠ ᠨᠤᠭᠤᠳ (gateway)᠂ ᠥᠭᠭᠥᠭᠳᠡᠯ ᠠᠪᠬᠤ ᠰᠢᠰᠲ᠋ᠧᠮ (DAS) ᠪᠠᠶ᠋ᠢᠳᠠᠭ᠃ ᠥᠭᠭᠥᠭᠳᠡᠯ ᠠᠪᠬᠤ ᠰᠢᠰᠲ᠋ᠧᠮ ᠨᠢ ᠥᠭᠭᠥᠭᠳᠡᠯ ᠢ ᠨᠢᠭᠡᠳᠬᠡᠬᠦ᠂ ᠬᠥᠷᠪᠡᠭᠦᠯᠬᠦ ᠡᠭᠦᠷᠭᠡ ᠭᠦᠢᠴᠡᠳᠭᠡᠳᠡᠭ (ᠮᠡᠳᠡᠷᠡᠭᠴᠢ ᠶᠢᠨ ᠠᠨᠠᠯᠣᠭ᠌analog ᠥᠭᠭᠥᠭᠳᠡᠯ ᠢ ᠴᠤᠭᠯᠠᠭᠤᠯᠵᠤ᠂ ᠨᠢᠭᠡᠳᠬᠡᠭᠡᠳ ᠳ᠋ᠢᠵᠢᠲ᠋ᠠᠯdigital ᠥᠭᠭᠥᠭᠳᠡᠯ ᠪᠣᠯᠭᠠᠨ ᠬᠤᠪᠢᠷᠠᠭᠠᠬᠤ ᠭᠡᠬᠦ ᠮᠡᠲᠦ)᠃ ᠠᠬᠢᠭᠰᠠᠨ ᠭᠠᠷᠴᠠ ᠨᠤᠭᠤᠳ ᠨᠢ ᠮᠡᠳᠡᠷᠡᠭᠴᠢ ᠶᠢᠨ ᠰᠦᠯᠵᠢᠶ᠎ᠡ ᠪᠣᠯᠤᠨ ᠢᠨ᠍ᠲ᠋ᠧᠷᠨᠧᠲ ᠦᠨ ᠬᠣᠭᠣᠷᠣᠨᠳᠣ ᠬᠣᠯᠪᠣᠭᠠᠰᠤ ᠨᠡᠭᠡᠭᠡᠵᠦ ᠥᠭᠬᠦ ᠦᠨᠳᠦᠰᠦᠨ ᠡᠭᠦᠷᠭᠡ ᠶᠢᠨ ᠰᠠᠴᠠᠭᠤ ᠬᠣᠣᠷ ᠲᠠᠢ ᠫᠷᠣᠭ᠌ᠷᠠᠮ ᠠᠴᠠ (malware) ᠬᠠᠮᠠᠭᠠᠯᠠᠬᠤ᠂ ᠵᠠᠷᠢᠮ ᠲᠣᠬᠢᠶᠠᠯᠳᠤᠯ ᠳᠤ ᠣᠷᠣᠭᠤᠯᠤᠭᠰᠠᠨ ᠥᠭᠭᠥᠭᠳᠡᠯ᠂ ᠥᠭᠭᠥᠭᠳᠡᠯ ᠦᠨ ᠤᠳᠤᠷᠢᠳᠤᠯᠭ᠎ᠠ ᠶᠢᠨ ᠦᠢᠯᠡᠴᠢᠯᠡᠭᠡᠨ ᠳᠦ ᠦᠨᠳᠦᠰᠦᠯᠡᠨ ᠰᠢᠢᠳᠪᠦᠷᠢ ᠭᠠᠷᠭᠠᠬᠤᠴᠢᠯᠠᠨ ᠠᠵᠢᠯᠯᠠᠳᠠᠭ᠃
ᠥᠭᠭᠥᠭᠳᠡᠯ ᠪᠣᠯᠪᠠᠰᠤᠷᠠᠭᠤᠯᠬᠤ ᠳᠠᠪᠬᠤᠷᠭ᠎ᠠ᠄
ᠡᠨᠡ ᠪᠣᠯ ᠵᠦᠢᠯᠡᠰ ᠦᠨ ᠢᠨ᠍ᠲ᠋ᠧᠷᠨᠧᠲ ᠦᠨ ᠪᠣᠯᠪᠠᠰᠤᠷᠠᠭᠤᠯᠬᠤ ᠨᠢᠭᠡᠴᠡ᠃ ᠡ᠊ᠨᠳᠡ ᠥᠭᠭᠥᠭᠳᠡᠯ ᠳᠦ ᠰᠢᠨᠵᠢᠯᠡᠭᠡ ᠬᠢᠵᠦ᠂ ᠤᠷᠢᠳᠴᠢᠯᠠᠨ ᠪᠣᠯᠪᠠᠰᠤᠷᠠᠭᠤᠯᠤᠭᠰᠠᠨ ᠤ ᠳᠠᠷᠠᠭ᠎ᠠ ᠥᠭᠭᠥᠭᠳᠡᠯ ᠦᠨ ᠲᠥᠪ ᠦᠷᠦᠭᠦ ᠢᠯᠡᠭᠡᠳᠡᠭ᠃ ᠲᠡᠨᠳᠡ ᠨᠢ ᠥᠭᠭᠥᠭᠳᠡᠯ ᠢ ᠫᠷᠣᠭ᠌ᠷᠠᠮ ᠬᠠᠩᠭᠠᠮᠵᠢ ᠬᠢᠨᠠᠵᠤ᠂ ᠳᠠᠷᠤᠭ᠎ᠠ ᠶᠢᠨ ᠦᠢᠯᠡᠳᠦᠯ ᠳᠦ ᠪᠡᠯᠡᠳᠳᠡᠭ᠃
ᠬᠡᠷᠡᠭᠯᠡᠭᠡᠨ ᠦ ᠳᠠᠪᠬᠤᠷᠭ᠎ᠠ᠄
ᠡᠨᠡ ᠪᠣᠯ ᠵᠦᠢᠯᠡᠰ ᠦᠨ ᠢᠨ᠍ᠲ᠋ᠧᠷᠨᠧᠲ ᠦᠨ ᠠᠷᠻᠢᠲ᠋ᠧᠻᠲ᠋ᠣᠷ ᠤᠨ 4 ᠦᠶ᠎ᠡ ᠱᠠᠲᠤ ᠶᠢᠨ ᠡᠴᠦᠰ ᠦᠨ ᠳᠠᠪᠬᠤᠷᠭ᠎ᠠ ᠶᠤᠮ᠃ ᠥᠭᠭᠥᠭᠳᠡᠯ ᠦᠨ ᠲᠥᠪ ᠦᠳ ᠪᠤᠶᠤ ᠡᠭᠦᠯᠡ ᠢᠨᠦ ᠥᠭᠭᠥᠭᠳᠡᠯ ᠢ ᠤᠳᠤᠷᠢᠳᠴᠤ᠂ ᠠᠰᠢᠭᠯᠠᠳᠠᠭ ᠮᠡᠳᠡᠭᠡᠯᠡᠯ ᠦᠨ ᠤᠳᠤᠷᠢᠳᠤᠯᠭ᠎ᠠ ᠶᠢᠨ ᠦᠶ᠎ᠡ ᠱᠠᠲᠤ ᠶᠤᠮ᠃ ᠲᠤᠬᠠᠶ᠋ᠢᠯᠠᠪᠠᠯ᠂ ᠬᠥᠳᠡᠭᠡ ᠠᠵᠤ ᠠᠬᠤᠢ᠂ ᠡᠷᠡᠭᠦᠯ ᠮᠡᠨᠳᠦ᠂ ᠰᠠᠨᠰᠠᠷ ᠰᠤᠳᠤᠯᠤᠯ᠂ ᠪᠠᠲᠤᠯᠠᠨ ᠬᠠᠮᠠᠭᠠᠯᠠᠬᠤ ᠭᠡᠬᠦ ᠮᠡᠲᠦ ᠡᠴᠦᠰ ᠦᠨ ᠬᠡᠷᠡᠭᠯᠡᠭᠴᠢ ᠶᠢᠨ ᠫᠷᠣᠭ᠌ᠷᠠᠮ ᠤᠳ ᠥᠭᠭᠥᠭᠳᠡᠯ ᠢ ᠠᠰᠢᠭᠯᠠᠨ᠎ᠠ᠃[6]
ᠵᠦᠢᠢᠯᠡᠰ ᠦᠨ ᠢᠨ᠍ᠲ᠋ᠧᠷᠨᠧᠲ ᠦᠨ ᠹᠢᠽᠢᠻ ᠪᠥᠲᠥᠴᠡ ᠢᠢᠨ ᠵᠠᠭᠠᠭᠯᠠᠯ ᠢ ᠬᠠᠮᠤᠭ ᠤᠨ ᠡᠩ ᠦᠨ ᠢᠢᠡᠷ ᠪᠦᠳᠦᠭᠦᠪᠴᠢᠯᠠᠪᠠᠯ ᠲᠥᠬᠥᠭᠡᠷᠡᠮᠵᠢ ᠢᠢᠨ ᠥᠶᠡᠯᠢᠭ (Device Tier᠂ ᠭᠠᠷᠴᠠ ᠢᠢᠨ ᠥᠶᠡᠯᠢᠭ (Edge Gate Tier᠂ ᠡᠭᠦᠯᠡ ᠢᠢᠨ ᠥᠶᠡᠯᠢᠭ (Cloud Tier) ᠡᠴᠡ ᠪᠥᠷᠢᠳᠦᠮᠦᠢ᠃
ᠡᠬᠢ ᠰᠤᠷᠪᠤᠯᠵᠢ
- ↑ ᠣᠯᠠᠨ ᠤᠯᠤᠰ ᠤᠨ ᠴᠠᠬᠢᠯᠭᠠᠨ ᠬᠣᠯᠪᠤᠭᠠᠨ ᠤ ᠡᠪᠰᠡᠯ᠃ Overview of the Internet of things. https://www.itu.int/ITU-T/recommendations/rec.aspx?rec=y.2060 ᠬᠠᠨᠳᠤᠭᠰᠠᠨ 2021/12/11
- ↑ Mark Weiser. The Computer for the 21st Century. 1991. https://www.lri.fr/~mbl/Stanford/CS477/papers/Weiser-SciAm.pdf
- ↑ Kevin Ashton: That „Internet of Things“ Thing. In: RFID Journal. 22. 2009.
- ↑ F. Mattern, Ch. Flörkemeier: Vom Internet der Computer zum Internet der Dinge (PDF; 868 kB). In: Informatik-Spektrum. Vol. 33, No. 2, S. 107–121, April 2010. http://www.vs.inf.ethz.ch/publ/papers/Internet-der-Dinge.pdf
- ↑ CERP-IOT: Internet of Things Strategic Research Roadmap. 15. September 2009. https://web.archive.org/web/20120227190246/http://www.grifs-project.eu/data/File/CERP-IoT%20SRA_IoT_v11.pdf
- ↑ 6.0 6.1 Architecture of Internet of Things (IoT). https://www.geeksforgeeks.org/architecture-of-internet-of-things-iot ᠰᠡᠭᠦᠯ ᠳ᠋ᠦ ᠰᠢᠨᠡᠴᠢᠯᠡᠭᠰᠡᠨ 2020/06/25