ᠫᠯᠧᠢᠰᠲ᠋ᠣᠼᠧᠨ ᠊ᠦ ᠴᠡᠴᠡᠷᠯᠢᠭ
ᠫᠯᠧᠢᠢᠰᠲ᠋ᠣᠼᠧᠨ ᠦ ᠴᠡᠴᠡᠷᠯᠢᠭ (Плейстоценовый Парк) ᠨᠢ ᠣᠷᠣᠰ ᠦ᠋ᠨ ᠬᠣᠯᠪᠤᠭᠠᠨ ᠦ ᠤᠯᠤᠰ ᠦ᠋ᠨ ᠰᠠᠬᠠСаха ᠪᠦᠭᠦᠳᠡ ᠨᠠᠢᠢᠷᠠᠮᠳᠠᠬᠤ ᠤᠯᠤᠰ ᠦ᠋ᠨ ᠨᠤᠲᠤᠭ ᠳᠡᠪᠢᠰᠬᠡᠷ ᠲᠦ᠂ ᠵᠡᠭᠦᠨ ᠤᠮᠠᠷᠠᠳᠤ ᠰᠢᠪᠢᠷ ᠦ᠋ᠨ ᠻᠣᠯᠢᠮᠠКолыма ᠮᠥᠷᠡᠨ ᠦ ᠬᠥᠪᠡᠭᠡᠨ ᠳ᠋ᠦ ᠣᠷᠣᠰᠢᠬᠤ ᠪᠠᠢᠢᠭᠠᠯᠢ ᠶ᠋ᠢᠨ ᠨᠥᠭᠡᠴᠡ ᠭᠠᠵᠠᠷ᠃
ᠲᠤᠰ ᠨᠥᠭᠡᠴᠡ ᠭᠠᠵᠠᠷ ᠢ ᠠᠩᠬ ᠠ᠋ 1996 ᠣᠨ ᠳ᠋ᠤ ᠰ᠂ ᠽᠢᠮᠣᠹСергей Афанасьевич Зимов ᠪᠠᠢᠢᠭᠤᠯᠤᠭᠰᠠᠨ᠃
ᠨᠡᠢᠢᠲᠡ ᠲᠠᠯᠠᠪᠠᠢ 144 ᠬᠠᠪᠲᠠᠭᠠᠶ ᠳᠥᠷᠪᠡᠯᠵᠢᠨ ᠻᠢᠯᠣᠮᠧᠲ᠋ᠧᠷ᠃[1]
2.6 ᠰᠠᠶ ᠠ᠋ ᠵᠢᠯ ᠦ᠋ᠨ ᠲᠡᠷᠲᠡᠭᠡ ᠡᠬᠢᠯᠡᠵᠦ 12 ᠮᠢᠩᠭᠠᠨ ᠵᠢᠯ ᠦ᠋ᠨ ᠲᠡᠷᠲᠡᠭᠡ ᠲᠡᠭᠦᠰᠦᠭᠰᠡᠨ ᠫᠯᠧᠢᠢᠰᠲᠣᠼᠧᠨPleistocene ᠭᠠᠯᠴᠤᠩ ᠦ᠋ᠨ ᠧᠻᠣᠰᠢᠰᠲ᠋ᠧᠮecosystem ᠢ ᠰᠡᠷᠭᠦᠭᠡᠬᠦ ᠡᠷᠳᠡᠮ ᠰᠢᠨᠵᠢᠯᠡᠭᠡᠨ ᠦ ᠲᠣᠮᠣᠬᠠᠨ ᠲᠥᠰᠦᠯ ᠶᠤᠮ᠃
ᠫᠯᠧᠢᠢᠰᠲᠣᠼᠧᠨ ᠨᠢ ᠡᠳᠦᠭᠡ ᠪᠢᠳᠡᠨ ᠦ ᠠᠮᠢᠳᠤᠷᠠᠵᠤ ᠪᠤᠢ ᠾᠣᠯᠣᠼᠧᠨ᠍Holocene ᠬᠡᠮᠡᠬᠦ ᠭᠠᠯᠴᠤᠩ ᠦ᠋ᠨ ᠶᠠᠭ ᠡᠮᠦᠨᠡᠬᠢ ᠭᠠᠯᠴᠤᠩ ᠪᠢᠯᠡ᠃
ᠵᠣᠷᠢᠯᠬ᠍ᠠ᠋
ᠫᠯᠧᠢᠢᠰᠲ᠋ᠣᠼᠧᠨ ᠊ᠦ ᠴᠡᠴᠡᠷᠯᠢᠭ ᠦ᠋ᠨ ᠵᠣᠷᠢᠯᠬ᠍ᠠ᠋ ᠨᠢ
1 ᠳ᠋ᠦ᠂ ᠲᠣᠮᠣ ᠡᠪᠡᠰᠦᠨ ᠲᠡᠵᠢᠭᠡᠯᠲᠡᠨ ᠨᠣᠭᠦᠳ ᠲᠤᠢᠢᠯ ᠦ᠋ᠨ ᠪᠦᠰᠡ ᠶ᠋ᠢᠨ ᠲᠦᠨ᠍ᠲᠷᠠ ᠬᠢᠭᠡᠳ ᠬᠡᠭᠡᠷ ᠠ᠋ ᠶ᠋ᠢᠨ ᠧᠻᠣᠰᠢᠰᠲ᠋ᠧᠮ ᠳ᠋ᠦ ᠬᠡᠷᠬᠢᠨ ᠨᠥᠯᠦᠭᠡᠯᠡᠳᠡᠭ ᠢ ᠰᠤᠳᠤᠯᠬᠤ᠃[2]
2 ᠲᠤ᠂ ᠲᠣᠮᠣ ᠡᠪᠡᠰᠦᠨ ᠲᠡᠵᠢᠭᠡᠯᠲᠡᠨ ᠨᠣᠭᠦᠳ ᠮᠥᠩᠬᠡ ᠴᠡᠪᠳᠡᠭ ᠬᠢᠭᠡᠳ ᠳᠡᠯᠡᠬᠡᠢ ᠶ᠋ᠢᠨ ᠳᠤᠯᠠᠭᠠᠷᠠᠯ ᠳ᠋ᠤ ᠬᠡᠷᠬᠢᠨ ᠨᠥᠯᠦᠭᠡᠯᠡᠳᠡᠭ ᠢ ᠰᠤᠳᠤᠯᠬᠤ᠃[3]
ᠠᠮᠢᠲᠠᠨ ᠤ ᠠᠢᠮᠠᠭ
ᠬᠠᠳᠠᠭᠠᠯᠠᠭᠳᠠᠨ ᠦᠯᠡᠳᠡᠭᠰᠡᠨ ᠠᠮᠢᠲᠠᠳ ᠡᠴᠡ ᠳᠤᠷᠠᠳᠤᠪᠠᠯ
ᠤᠮᠠᠷ ᠠ᠋ ᠶ᠋ᠢᠨ ᠪᠤᠭᠤ Rangifer
tarandus᠂
ᠬᠠᠨᠳᠠᠭᠠᠢ Alce
alces ᠂
ᠰᠢᠯᠢᠭᠦᠰᠦ Lynx
lynx ᠂
ᠴᠢᠨᠤ ᠠ᠋ Canis
lupus ᠂
ᠬᠦᠷᠡᠩ ᠪᠠᠭᠠᠪᠠᠭᠠᠢ Ursus
arctos ᠂
ᠨᠣᠬᠠᠢ ᠵᠢᠭᠡᠬᠡ Gulo
gulo ᠂
ᠦᠨᠡᠭᠡ Vulpes
vulpes ᠂
ᠴᠠᠭᠠᠨ ᠦᠨᠡᠭᠡ Vulpes
lagopus
ᠪᠠᠢᠢᠨ ᠠ᠋᠃
ᠡᠳᠦᠭᠡ
ᠴᠠ ᠪᠤᠭᠤ᠂
ᠶᠠᠻᠤᠲ ᠠᠳᠤᠭᠤ᠂
ᠬᠠᠨᠳᠠᠭᠠᠢ᠂
ᠵᠠᠭᠠᠷᠲᠤ ᠪᠤᠬ ᠠ᠋᠂
ᠰᠠᠷᠯᠤᠭ᠂
ᠬᠣᠨᠢ᠂
ᠬᠠᠯᠢᠮᠠᠭ ᠦᠬᠡᠷ᠂
ᠪᠤᠬ ᠠ᠋ ᠭᠥᠷᠦᠭᠡᠰᠦ ᠶ᠋ᠢ
ᠨᠤᠲᠤᠭᠰᠢᠭᠤᠯᠤᠭᠠᠳ ᠪᠠᠢᠢᠭ ᠠ᠋ ᠪᠢᠯᠡ᠃
ᠮᠥᠨ ᠭᠧᠨ ᠦ᠋ᠨ ᠢᠨ᠍ᠵᠧᠨᠧᠷᠴᠢᠯᠡᠯ ᠦ᠋ᠨ ᠠᠷᠭ ᠠ᠋ ᠪᠠᠷ ᠠᠷᠰᠯᠠᠨ ᠵᠠᠭᠠᠨ ᠵᠡᠷᠭᠡ ᠮᠥᠰᠦᠲᠦᠯᠭᠡ ᠶ᠋ᠢᠨ ᠦᠶ ᠠ᠋ ᠶ᠋ᠢᠨ ᠠᠮᠢᠲᠠᠳ ᠢ ᠰᠡᠷᠭᠦᠭᠡᠨ ᠨᠤᠲᠤᠭᠰᠢᠭᠤᠯᠬᠤ ᠲᠥᠯᠦᠪᠯᠡᠭᠡ ᠪᠠᠢᠢᠳᠠᠭ᠃[4]
ᠲᠦᠯᠬᠢᠭᠦᠷ ᠦᠭᠡᠰ
Pleistocene park
Ice age
Genetic engineering
Mammoth
Плейстоцений цэцэрлэг
Мөстлөгийн үе
Генийн инженерчлэл
арслан заан
Плейстоцений галчун
Ледниковый период
Плейстоценовый отдел
мамонт
генная инженерия
ᠡᠬᠢ ᠰᠤᠷᠪᠤᠯᠵᠢ
- ↑ https://pleistocenepark.org/park
- ↑ Sergey A. Zimov (6 May 2005): “Pleistocene Park: Return of the mammoths’ ecosystem” In: Science, pages 796–798.
- ↑ Sergey A. Zimov (6 May 2005): “Pleistocene Park: Return of the mammoths’ ecosystem” In: Science, pages 796–798.
- ↑ https://pleistocenepark.org/park