ᠮᠣᠩᠭᠣᠯ ᠬᠡᠯᠡᠨ ‍ᠦ ᠵᠥᠪ ᠪᠢᠴᠢᠬᠦ ᠳᠦᠷᠢᠮ ‍ᠦᠨ ᠵᠢᠷᠤᠮᠯᠠᠭᠰᠠᠨ ᠲᠣᠯᠢ

Wikibilig-с
15:41, 9 Хоёрдугаар сар 2021-ий байдлаарх Пүрэвбадрал (яриа | оруулсан хувь нэмэр) хэрэглэгчийн хийсэн залруулга

ᠮᠣᠩᠭᠣᠯ ᠬᠡᠯᠡᠨ ᠦ ᠵᠥᠪ ᠪᠢᠴᠢᠬᠦ ᠳᠦᠷᠢᠮ ᠦᠨ ᠵᠢᠷᠤᠮᠯᠠᠭᠰᠠᠨ ᠲᠣᠯᠢ ᠪᠢᠴᠢᠭ ᠪᠣᠯᠪᠠᠰᠤ᠂ ᠮᠣᠩᠭᠣᠯ ᠻᠢᠷᠢᠯᠯ ᠦᠰᠦᠭ ᠦᠨ ᠨᠡᠶ᠋ᠢᠲᠡ ᠪᠡᠷ ᠳᠠᠭᠠᠵᠤ ᠮᠥᠷᠳᠡᠬᠦ ᠵᠥᠪ ᠪᠢᠴᠢᠬᠦ ᠵᠦᠢ ᠶᠢᠨ ᠠᠯᠪᠠᠨ ᠶᠣᠰᠣᠨ ᠤ ᠲᠣᠯᠢ ᠪᠢᠴᠢᠭ ᠮᠥᠨ᠃ ᠤᠭ ᠲᠣᠯᠢ ᠶᠢ ᠬᠡᠯᠡᠨ ᠦ ᠪᠣᠳᠤᠯᠭ᠎ᠠ ᠶᠢᠨ ᠦᠨᠳᠦᠰᠦᠨ ᠦ ᠵᠥᠪᠯᠡᠯ᠎ ᠡᠷᠬᠢᠯᠡᠨ ᠡᠮᠬᠡᠳᠬᠡᠭᠰᠡᠨ ᠪᠥᠯᠦᠭᠡ᠃ ᠲᠣᠯᠢ ᠨᠢ ᠪᠠᠭ᠎ᠠ ᠳᠤᠮᠳᠠ ᠠᠬᠠᠯᠠᠬᠤ ᠰᠤᠷᠭᠠᠭᠤᠯᠢ ᠶᠢᠨ ᠰᠤᠷᠤᠭᠴᠢᠳ ᠢ ᠡᠬᠡ ᠬᠡᠯᠡ ᠪᠡᠨ ᠰᠠᠶ᠋ᠢᠨ ᠰᠤᠷᠬᠤ ᠳᠤ ᠦᠯᠡᠮᠵᠢ ᠳᠡᠮᠵᠢᠯᠭᠡ ᠪᠣᠯᠬᠤ ᠠᠴᠠ ᠭᠠᠳᠠᠨ᠎ᠠ᠂ ᠠᠷᠠᠳ ᠤᠨ ᠪᠢᠴᠢᠭ ᠦᠰᠦᠭ ᠦᠨ ᠬᠠᠷᠠᠩᠭᠤᠢ ᠶᠢ ᠠᠷᠢᠯᠭᠠᠬᠤ ᠳᠤ᠂ ᠴᠣᠭᠴᠠ ᠮᠡᠳᠡᠭᠡᠯᠡᠯ ᠥᠭᠬᠦ ᠳᠦ ᠲᠤᠰᠠ ᠳᠡᠮ ᠮᠥᠨ ᠪᠤᠢ ᠢ᠎ᠠ᠃

ᠬᠡᠯᠡᠨ ᠦ ᠪᠣᠳᠤᠯᠭ᠎ᠠ ᠶᠢᠨ ᠦᠨᠳᠦᠰᠦᠨ ᠦ ᠵᠥᠪᠯᠡᠯ ᠦᠨ ᠳᠠᠷᠭ᠎ᠠ ᠶᠢᠨ ᠌᠒᠐᠑᠖ ᠣᠨ ᠤ ᠲᠤᠰᠢᠶᠠᠯ ᠶ᠋ᠢᠠᠷ ᠵᠥᠪ ᠪᠢᠴᠢᠭ ᠦᠨ ᠵᠢᠷᠤᠮᠯᠠᠭᠰᠠᠨ ᠲᠣᠯᠢ ᠵᠣᠬᠢᠶᠠᠷ᠎ᠠ ᠪᠣᠯᠵᠤ᠂ ᠡᠭᠦᠨᠴᠡ ᠬᠣᠶ᠋ᠢᠰᠢᠳᠠ ᠒ ᠵᠢᠯ ᠦᠨ ᠳᠠᠷᠠᠭ᠎ᠠ ᠡᠮᠬᠡᠳᠬᠡᠵᠤ ᠳᠠᠭᠤᠰᠴᠤ᠂ ᠬᠡᠪᠯᠡᠭᠳᠡᠵᠦᠬᠦᠢ᠃ ᠲᠤᠰᠠ ᠲᠣᠯᠢ ᠶᠢ ᠮᠣᠩᠭᠣᠯ ᠤᠯᠤᠰ ᠤᠨ ᠶᠡᠬᠡ ᠰᠤᠷᠭᠠᠭᠤᠯᠢ᠂ ᠮᠣᠩᠭᠣᠯ ᠤᠯᠤᠰ ᠤᠨ ᠪᠣᠯᠪᠠᠰᠤᠷᠠᠯ ᠤᠨ ᠶᠡᠬᠡ ᠰᠤᠷᠭᠠᠭᠢᠯᠢ᠂ ᠰᠢᠨᠵᠢᠯᠡᠬᠦ ᠤᠬᠠᠭᠠᠨ ᠤ ᠠᠻᠠᠳᠧᠮᠢᠶ᠎ᠠ᠎ ᠶᠢᠨ ᠌᠒᠘ ᠡᠷᠳᠡᠮᠲᠡᠨ ᠰᠤᠳᠤᠯᠤᠭᠠᠴᠢ ᠨᠠᠷ ᠠᠴᠠ ᠪᠦᠷᠢᠳᠦᠭᠰᠡᠨ ᠪᠠᠭ ᠬᠠᠮᠲᠤ ᠣᠯᠠᠨ ᠲᠤᠭᠤᠷᠪᠢᠭᠰᠠᠨ ᠠᠵᠤᠭᠤ᠃

ᠣᠳᠣ᠎ᠠ ᠪᠠᠷ ᠴᠠᠭᠠᠰᠤᠨ ᠬᠡᠪᠯᠡᠮᠡᠯ᠂ ᠭᠠᠷ ᠤᠲᠠᠰᠤᠨ ᠳᠡᠭᠡᠷᠡᠬᠢ ᠪᠠ ᠴᠠᠬᠢᠮ ᠲᠣᠯᠢ ᠭᠡᠮᠡᠨ ᠓ ᠬᠤᠪᠢᠯᠪᠤᠷᠢᠲᠠᠢ ᠪᠠᠶ᠋ᠢᠭ᠎ᠠ᠃ ᠴᠢᠨᠠᠭᠰᠢᠳᠠ ᠵᠥᠪ ᠪᠢᠴᠢᠭ ᠦᠨ ᠠᠯᠳᠠᠭ᠎ᠠ ᠰᠢᠯᠭᠠᠭᠴᠢ ᠭᠠᠷᠭᠠᠨ ᠲᠦᠭᠡᠬᠦ ᠲᠥᠯᠦᠪᠲᠡᠢ ᠪᠦᠢ ᠬᠡᠮᠡᠨ ᠬᠡᠯᠡᠨ ᠦ ᠪᠣᠳᠤᠯᠭ᠎ᠠ ᠶᠢᠨ ᠦᠳᠦᠰᠦᠨ ᠦ ᠵᠥᠪᠯᠡᠯ ᠡᠴᠡ ᠮᠡᠳᠡᠭᠡᠯᠡᠯ᠎ᠡ᠃

ᠲᠡᠦᠬᠡ 

᠑᠙᠘᠓ ᠣᠨ ᠳᠤ ᠴᠡ‍᠂ ᠳᠠᠮᠳᠢᠨᠰᠦ᠋ᠷᠦᠩ ᠪᠠ ᠪ᠂ ᠣᠰᠣᠷ ᠠᠪᠤᠭᠠᠢ ᠨᠠᠷ ᠮᠣᠩᠭᠣᠯ ᠦᠰᠦᠭ ᠦᠨ ᠳᠦᠷᠢᠮ ᠦᠨ ᠲᠣᠯᠢ ᠶᠢ ᠬᠡᠪᠯᠡᠭᠦᠯᠦᠭᠰᠡᠨ ᠠᠪᠴᠤ᠂ ᠣᠯᠠᠨ ᠪᠢᠴᠢᠯᠭᠡᠲᠡᠢ ᠦᠭᠡᠰ ᠦᠨ ᠠᠰᠠᠭᠤᠳᠠᠯ᠂ ᠮᠣᠩᠭᠣᠯ ᠬᠡᠯᠡᠨ ᠦ ᠵᠥᠪ ᠪᠢᠴᠢᠬᠦ ᠳᠦᠷᠢᠮ ᠥᠭᠡᠷᠡᠴᠢᠯᠡᠭᠳᠡᠭᠰᠡᠨ ᠮᠡᠲᠦ ᠮᠠᠷᠭᠠᠭᠠᠨ ᠲᠥᠭᠡᠷᠢᠭᠳᠡᠯ ᠪᠠᠶ᠋ᠢᠩᠭᠤ ᠶᠢᠨ ᠮᠠᠷᠭᠤᠭᠠᠨ ᠮᠡᠲᠡᠭᠡᠭᠡ ᠶᠢᠨ ᠰᠡᠳᠦᠪ ᠪᠣᠯᠤᠨ ᠳᠠᠭᠠᠮᠵᠢᠷᠠᠭᠰᠠᠭᠠᠷ᠂ ᠬᠦᠮᠦᠰ ᠢ ᠲᠠᠯᠠᠴᠠᠯ ᠬᠤᠪᠢᠶᠠᠭᠳᠤᠯ ᠳᠦ ᠬᠥᠲᠦᠯᠵᠡᠢ᠃ ᠡᠶ᠋ᠢᠮᠦ ᠶᠢᠨ ᠲᠤᠯᠠ ᠣᠯᠠᠨ ᠪᠢᠴᠢᠯᠭᠡᠲᠦ ᠦᠭᠡ ᠶᠢ ᠨᠢᠭᠡ ᠮᠥᠰᠦᠨ ᠡᠮᠬᠡᠳᠬᠡᠨ ᠵᠢᠷᠤᠮᠯᠠᠬ᠂ ᠻᠢᠷᠢᠯᠯ ᠦᠰᠦᠭ ᠦᠨ ᠳᠦᠷᠢᠮ ᠢ ᠲᠣᠳᠤᠳᠬᠬᠤ ᠬᠡᠷᠡᠭ ᠲᠤᠯᠭᠠᠷᠠᠵᠡᠢ᠃ ᠶᠡᠷᠦ ᠨᠢ ᠮᠣᠩᠭᠣᠯ ᠤᠯᠤᠰ ᠻᠢᠷᠢᠯᠯ ᠦᠰᠦᠭ ᠲᠤ ᠰᠢᠯᠵᠢᠭᠰᠡᠨ ᠴᠠᠭ ᠠᠴᠠ ᠬᠣᠶ᠋ᠢᠰᠢ ᠵᠥᠪ ᠪᠢᠴᠢᠭ ᠦᠨ ᠲᠠᠯᠠᠭᠠᠷᠬᠢ ᠮᠠᠷᠭᠤᠭᠠᠨ ᠪᠠᠶ᠋ᠢᠭᠰᠠᠭᠠᠷ ᠢᠷᠡᠭᠰᠡᠨ ᠪᠢᠯᠡ᠃ ᠡᠶ᠋ᠢᠮᠦ ᠠᠰᠠᠭᠤᠳᠠᠯ ᠢ ᠵᠥᠪᠬᠡᠨ ᠲᠣᠯᠢ ᠪᠢᠴᠢᠭ ᠶᠢᠡᠷ ᠰᠢᠢᠳᠦᠨ᠎ᠡ ᠪᠣᠯᠬᠤ ᠶᠢ ᠭᠧᠷᠮᠠᠨ ᠤᠯᠤᠰ ᠤᠨ ᠳ᠋ᠦ᠋ᠳᠧᠨ(Duden) ᠲᠣᠯᠢ ᠶᠢᠨ ᠵᠢᠰᠢᠭ ᠡᠴᠡ ᠲᠣᠳᠤ ᠬᠠᠷᠠᠵᠤ ᠪᠣᠯᠤᠨ᠎ᠠ ᠪᠤᠢ᠃

ᠳ᠋ᠦ᠋ᠳᠧᠨ(Duden) ᠲᠣᠯᠢ ᠵᠣᠬᠢᠶᠠᠭᠴᠢᠳ ᠠᠴᠠ ᠵᠥᠪᠯᠡᠭᠡ ᠠᠪᠴᠤ ᠣᠷᠴᠢᠨ ᠦᠶ᠎ᠡ ᠶᠢᠨ ᠬᠡᠯᠪᠡᠷᠢ ᠪᠦᠬᠦᠢ ᠲᠡᠶ᠋ᠢᠮᠦ ᠲᠣᠯᠢ ᠵᠣᠬᠢᠶᠠᠭᠰᠠᠨ ᠤ ᠤᠴᠢᠷ ᠡᠶ᠋ᠢᠮᠦ ᠠᠵᠡᠢ᠃

ᠲᠣᠯᠢ ᠵᠣᠬᠢᠶᠠᠭᠳᠠᠭᠰᠠᠨ ᠶᠢᠠᠷ ᠡᠮᠦᠨ᠎ᠡ ᠵᠢᠷᠤᠮᠯᠠᠭᠰᠠᠨ ᠗᠐᠐ ᠦᠭᠡ ᠶᠢ ᠬᠦᠴᠦᠨ ᠦᠭᠡᠢ ᠪᠣᠯᠭᠠᠭᠰᠠᠨ ᠪᠢᠯᠡ᠃

ᠪᠠᠭᠲᠠᠭᠰᠠᠨ ᠦᠭᠡ᠂ ᠬᠡᠮᠵᠢᠶ᠎ᠡ ᠪᠠ ᠪᠤᠰᠤᠳ ᠵᠦᠢᠯᠡᠰ