ᠳᠠᠪᠤᠰᠤ
ᠳᠠᠪᠤᠰᠤ
ᠳᠠᠪᠤᠰᠤ ᠭᠡᠵᠦ ᠻᠠᠲᠢᠣᠨ (ᠰᠠᠭᠤᠷᠢ) ᠪᠠ ᠠᠨᠢᠥᠨ (ᠬᠦᠴᠢᠯ) ᠠᠭᠤᠯᠤᠭᠰᠠᠨ ᠢᠣᠨ ᠤ ᠨᠢᠭᠡᠳᠦᠯ ᠶᠤᠮ᠃
ᠳᠠᠪᠤᠰᠤ ᠢ ᠪᠦᠷᠢᠳᠡᠭᠦᠯᠦᠭᠴᠢ ᠻᠠᠲᠢᠣᠨ ᠨᠢ H+ ᠡᠴᠡ ᠥᠭᠡᠷ ᠡ᠋ ᠻᠠᠲᠢᠠᠨ᠂ ᠠᠨᠢᠣᠨ ᠨᠢ OH– ᠡᠴᠡ ᠥᠭᠡᠷ ᠡ᠋ ᠠᠨᠢᠣᠨ ᠪᠠᠢᠢᠨ ᠠ᠋᠃[1]
ᠳᠠᠪᠤᠰᠤ ᠬᠦᠴᠢᠯ᠂ ᠰᠠᠭᠤᠷᠢ ᠤᠷᠪᠠᠯᠳᠤᠭᠤ ᠳ᠋ᠤ ᠠᠭᠦᠰᠳᠡᠭ᠃
ᠬᠦᠴᠢᠯ᠂ ᠰᠠᠭᠤᠷᠢ ᠶ᠋ᠢᠨ ᠤᠷᠪᠠᠯ ᠢ ᠰᠠᠭᠠᠷᠮᠠᠭᠵᠢᠭᠤᠯᠠᠬᠤ ᠤᠷᠪᠠᠯ ᠭᠡᠳᠡᠭ᠃[2]᠄
ᠬᠦᠴᠢᠯ + ᠰᠠᠭᠤᠷᠢ → ᠳᠠᠪᠤᠰᠤ + ᠤᠰᠤ
ᠵᠢᠱᠢᠶ ᠡ᠋᠄ NaCl᠂ CuCl2᠃
ᠠᠭᠤᠰᠮᠠᠯ ᠪᠣᠯᠤᠨ ᠨᠤᠨᠲᠠᠭ ᠲᠥᠯᠦᠪ ᠲᠦ ᠪᠡᠨ ᠨᠡᠮᠡᠬᠦ ᠪᠠ ᠬᠠᠰᠠᠬᠤ ᠴᠡᠨᠡᠭ ᠲᠡᠢ ᠢᠣᠨ ᠨᠤᠭᠤᠳ ᠳ᠋ᠤ ᠪᠦᠷᠢᠨ ᠵᠠᠳᠠᠷᠠᠭᠰᠠᠨ ᠪᠠᠢᠢᠬᠤ ᠲᠤᠯᠠ ᠴᠠᠬᠢᠯᠭᠠᠨ ᠰᠠᠢᠢᠨ ᠳᠠᠮᠵᠢᠭᠤᠯᠳᠠᠭ ᠧᠯᠧᠻᠲ᠋ᠷᠣᠯᠢᠲ ᠪᠠᠢᠢᠳᠠᠭ᠃[3]
ᠨᠡᠷᠡᠰᠢᠯ
ᠳᠠᠪᠤᠰᠤᠨ ᠤ ᠨᠡᠷ ᠡ᠋ ᠻᠠᠲᠢᠣᠨ ᠤ ᠨᠡᠷ ᠡ᠋ ᠪᠡᠷ (ᠵᠢᠱᠢᠶᠡᠯᠡᠪᠡᠯ ᠨᠠᠲ᠋ᠷᠢ ᠶ᠋ᠢᠨ᠂ ᠠᠮᠮᠣᠨᠢᠶ ᠶ᠋ᠢᠨ ᠭᠡᠬᠦ ᠮᠡᠲᠦ) ᠡᠬᠢᠯᠡᠵᠦ᠂ ᠠᠨᠢᠣᠨ ᠤ ᠨᠡᠷ ᠡ᠋ (ᠵᠢᠱᠢᠶᠡᠯᠡᠪᠡᠯ ᠻᠯᠣᠷᠢᠳ᠋᠂ ᠠᠼᠧᠲ᠋ᠠᠲ ᠭᠡᠬᠦ ᠮᠡᠲᠦ ) ᠳᠠᠭᠠᠯᠳᠠᠨ ᠡ᠋᠃
ᠵᠠᠷᠢᠮ ᠦᠶ ᠡ᠋ ᠳ᠋ᠦ ᠳᠠᠪᠤᠰᠤ ᠶ᠋ᠢ ᠵᠥᠪᠬᠡᠨ ᠻᠠᠲᠢᠣᠨ ᠤ ᠨᠡᠷ ᠡ᠋ ᠪᠡᠷ (ᠵᠢᠱᠢᠶᠡᠯᠡᠪᠡᠯ ᠨᠠᠲ᠋ᠷᠢ ᠶ᠋ᠢᠨ ᠳᠠᠪᠤᠰᠤ᠂ ᠠᠮᠮᠣᠨᠢᠶ ᠶ᠋ᠢᠨ ᠳᠠᠪᠤᠰᠤ ᠭᠡᠬᠦ ᠮᠡᠲᠦ) ᠂ ᠡᠰᠡᠪᠡᠯ ᠵᠥᠪᠬᠡᠨ ᠠᠨᠢᠥᠨ ᠤ ᠨᠡᠷ ᠡ᠋ ᠪᠡᠷ (ᠵᠢᠱᠢᠶᠡᠯᠡᠪᠡᠯ ᠻᠯᠣᠷᠢᠳ᠋᠂ ᠠᠼᠧᠲ᠋ᠠᠲ ᠳᠠᠪᠤᠰᠤ ᠭᠡᠬᠦ ᠮᠡᠲᠦ ) ᠨᠡᠷᠡᠯᠡᠳᠡᠭ᠃
ᠤᠶᠠᠯᠳᠤᠭ ᠠ᠋ ᠲᠠᠢ ᠰᠡᠳᠦᠪ
ᠲᠦᠯᠬᠢᠭᠦᠷ ᠦᠭᠡᠰ
давс
ᠡᠬᠢ ᠰᠤᠷᠪᠤᠯᠵᠢ