ᠪᠠᠳᠮ ᠊ᠠ᠋

Wikibilig-с
10:54, 23 Аравдугаар сар 2020-ий байдлаарх Amin Sudulal (яриа | оруулсан хувь нэмэр) хэрэглэгчийн хийсэн залруулга

ᠪᠠᠳᠮ ‍ᠠ᠋ ᠤᠰᠤᠨ ᠳᠤ ᠤᠷᠭᠤᠳᠠᠭ ᠣᠯᠠᠨ ᠨᠠᠰᠤᠲᠤ ᠤᠷᠭᠤᠮᠠᠯ᠂ ᠰᠢᠯᠤᠭᠤᠨ ᠡᠰᠢ ᠲᠡᠢ᠂ ᠠᠩᠬᠢᠯᠤᠭᠤᠨ ᠦᠨᠦᠷᠲᠦ ᠲᠣᠮᠣ ᠴᠡᠴᠡᠭ ᠲᠡᠢ᠂ ᠳᠦᠭᠦᠷᠡᠭ ᠨᠠᠪᠴᠢ ᠲᠠᠢ᠂ ᠨᠠᠪᠴᠢ ᠨᠢ ᠤᠰᠤᠨ ᠳᠡᠭᠡᠷ᠎ᠡ ᠬᠥᠪᠦᠬᠦ ᠪᠠ ᠤᠰᠤᠨ ᠤ ᠮᠠᠨᠳᠠᠯ ᠠᠴᠠ ᠳᠡᠭᠡᠭᠰᠢ ᠴᠤᠬᠤᠶᠢᠨ ᠤᠷᠭᠤᠬᠤ ᠬᠣᠶᠠᠷ ᠵᠦᠢᠯ ᠪᠤᠢ᠃
ᠴᠡᠴᠡᠭ ᠨᠢ ᠭᠦᠨ ᠤᠯᠠᠭᠠᠨ᠂ ᠴᠠᠶᠢᠪᠤᠷ ᠤᠯᠠᠭᠠᠨ᠂ ᠴᠠᠭᠠᠨ ᠥᠩᠭᠡ ᠲᠡᠢ ᠪᠠᠶᠢᠳᠠᠭ᠃

ᠪᠠᠳᠮ ‍ᠠ᠋ ᠴᠡᠴᠡᠭ

ᠲᠣᠷᠤᠯ ᠵᠤᠶᠢᠯ

ᠮᠣᠩᠭᠣᠯ ᠳᠤ ᠬᠣᠶᠠᠷ ᠲᠥᠷᠦᠯ ᠦᠨ ᠪᠥᠯᠪᠦᠭᠡ ᠪᠤᠶᠤ ᠪᠠᠳᠮᠠᠯᠢᠩᠬᠤ᠎ᠠ ᠴᠡᠴᠡᠭ ᠤᠷᠭᠤᠳᠠᠭ᠃
ᠴᠠᠭᠠᠨ ᠪᠥᠯᠪᠦᠭᠡ ᠨᠢ ᠨᠠᠭᠤᠷ ᠴᠥᠭᠦᠷᠦᠮ᠂ ᠲᠣᠭᠲᠠᠭᠤᠨ ᠤᠷᠤᠰᠬᠠᠯᠲᠤ ᠭᠣᠣᠯ ᠭᠣᠷᠭᠢ᠂ ᠲᠠᠲᠠᠭᠤᠷᠬ᠎ᠠ ᠶᠢᠨ ᠤᠰᠤᠨ ᠳᠤ ᠤᠷᠭᠤᠳᠠᠭ ᠣᠯᠠᠨ ᠨᠠᠰᠤᠲᠤ ᠤᠷᠭᠤᠮᠠᠯ᠃
ᠶᠡᠬᠡ ᠨᠠᠭᠤᠷ ᠤᠳ ᠤᠨ ᠬᠣᠲᠣᠭᠣᠷ᠂ ᠳᠠᠷᠬᠠᠳ ᠤᠨ ᠬᠣᠲᠣᠭᠣᠷ ᠤᠨ ᠴᠡᠴᠡᠭᠲᠦ ᠨᠠᠭᠤᠷ᠂ ᠬᠣᠮ ᠤᠨ ᠬᠣᠭᠣᠯᠠᠢ᠂ ᠬᠠᠩᠭᠠᠢ ᠶᠢᠨ ᠨᠢᠷᠤᠭᠤᠨ ᠤ ᠢᠳᠡᠷ ᠦᠨ ᠭᠣᠣᠯ ᠤᠨ ᠬᠥᠨᠳᠡᠢ ᠶᠢᠨ ᠴᠥᠬᠷᠥᠮ ᠦᠳ᠂ ᠬᠠᠷ᠎ᠠ ᠤᠰᠤ ᠨᠠᠭᠤᠷ᠂ ᠴᠢᠨᠣ᠎ᠠ ᠬᠠᠷᠠᠶᠢᠬᠤ ᠶᠢᠨ ᠭᠣᠣᠯ᠂ ᠬᠣᠮ ᠤᠨ ᠬᠣᠭᠣᠯᠠᠢ ᠳᠤ ᠤᠷᠭᠤᠳᠠᠭ ᠬᠣᠪᠣᠷ ᠲᠠᠷᠬᠠᠴᠠ ᠲᠠᠢ ᠴᠡᠴᠡᠭ ᠶᠤᠮ᠃
ᠦᠷ᠎ᠡ᠂ ᠦᠨᠳᠦᠰᠦᠯᠡᠭ ᠡᠰᠢᠨ ᠡᠴᠡ ᠰᠡᠷᠭᠦᠨ ᠤᠷᠭᠤᠬᠤ ᠳᠤ ᠪᠠᠨ ᠰᠠᠶᠢᠨ᠃
ᠮᠣᠩᠭᠣᠯᠴᠤᠳ ᠴᠠᠭᠠᠨ ᠪᠥᠯᠪᠦᠭᠡ ᠴᠡᠴᠡᠭ ᠢ ᠤᠰᠤᠨ ᠬᠠᠲᠤᠨ ᠬᠠᠭᠠᠨ ᠬᠡᠮᠡᠨ ᠨᠡᠷᠡᠯᠡᠳᠡᠭ᠃
30 ᠰᠠᠨᠲ᠋ᠢᠮᠧᠲ᠋ᠷ ᠥᠨᠳᠦᠷ᠂ 10-18 ᠰᠠᠨᠲ᠋ᠢᠮᠧᠲ᠋ᠷ ᠭᠣᠣᠯᠴᠢ ᠲᠠᠢ᠂ ᠵᠤᠤᠪᠠᠩ ᠳᠤᠭᠤᠢ ᠲᠣᠮᠣ ᠳᠠᠯᠪᠠᠭᠠᠷ ᠨᠠᠪᠴᠢ ᠲᠠᠢ᠂ ᠰᠠᠭᠤᠷᠢ ᠪᠠᠷ ᠢᠶᠠᠨ ᠵᠢᠷᠦᠬᠡᠷᠬᠡᠦ᠂ ᠣᠷᠣᠢ ᠨᠢ ᠱᠣᠪᠬᠣ ᠤᠰᠤᠨ ᠤ ᠮᠠᠨᠳᠠᠯ ᠳᠡᠭᠡᠷ᠎ᠡ ᠤᠷᠭᠤᠳᠠᠭ ᠦᠵᠡᠰᠬᠦᠯᠡᠩᠲᠦ ᠴᠡᠴᠡᠭ ᠶᠤᠮ᠃ 5 ᠰᠠᠷ᠎ᠠ ᠶᠢᠨ ᠰᠡᠭᠦᠯ ᠢᠶᠡᠷ ᠴᠡᠴᠡᠭᠯᠡᠵᠦ 8 ᠰᠠᠷ᠎ᠠ ᠶᠢᠨ ᠰᠡᠭᠦᠯ ᠢᠶᠡᠷ ᠴᠡᠴᠡᠭ ᠨᠢ ᠤᠨᠠᠨ᠎ᠠ᠃
ᠴᠡᠴᠡᠭ ᠨᠢ ᠥᠷᠯᠥᠭᠡ 7 ᠴᠠᠭ ᠤᠨ ᠦᠶᠡᠰ ᠳᠡᠯᠪᠢ ᠪᠡᠨ ᠳᠡᠯᠭᠡᠵᠦ ᠣᠷᠣᠢ 17 ᠴᠠᠭ ᠤᠨ ᠦᠶᠡᠰ ᠳᠡᠯᠪᠢ ᠪᠡᠨ ᠬᠤᠮᠢᠳᠠᠭ.[1]

ᠪᠡᠯᠭᠡᠳᠡᠯ ᠊ᠳᠦ

ᠤᠳᠪᠠᠯᠠ ᠴᠡᠴᠡᠭ

ᠴᠠᠭᠠᠨ ᠯᠢᠩᠬᠤ᠎ᠠ ᠪᠤᠶᠤ ᠪᠠᠳᠮᠠᠯᠢᠩᠬᠤ᠎ᠠ ᠴᠡᠴᠡᠭ ᠢ ᠳᠣᠷᠣᠨ᠎ᠠ ᠳ᠋ᠠᠬᠢᠨ ᠳᠤ ᠶᠡᠬᠡᠳᠡ ᠳᠡᠭᠡᠳᠦᠯᠡᠨ ᠪᠤᠷᠬᠠᠳ ᠢ ᠳᠡᠭᠡᠷ᠎ᠡ ᠨᠢ ᠵᠠᠯᠠᠷᠠᠭᠤᠯᠤᠨ ᠪᠦᠲᠦᠭᠡᠳᠡᠭ᠃
ᠮᠣᠩᠭᠣᠯᠴᠤᠳ ᠰᠣᠶᠣᠮᠪᠣ ᠦᠰᠦᠭ ᠦᠨ ᠳᠣᠣᠷ᠎ᠠ ᠤᠭ ᠴᠡᠴᠡᠭ ᠢ ᠪᠠᠶᠢᠷᠢᠯᠠᠭᠤᠯᠵᠤ ᠢᠷᠡᠭᠰᠡᠨ ᠪᠥᠭᠡᠳ ᠮᠣᠩᠭᠣᠯ ᠤᠯᠤᠰ ᠤᠨ ᠥᠨᠥ ᠶᠢᠨ ᠰᠦᠯᠳᠡ ᠴᠤ ᠴᠠᠭᠠᠨ ᠪᠥᠯᠪᠦᠭᠡ ᠴᠡᠴᠡᠭ ᠲᠡᠢ ᠪᠢᠯᠡ᠃
ᠤᠰᠤᠨ ᠤ ᠢᠷᠤᠭᠠᠷ ᠤᠨ ᠬᠠᠷ᠎ᠠ ᠰᠢᠪᠠᠷ ᠠᠴᠠ ᠤᠷᠭᠤᠳᠠᠭ ᠴᠤ ᠴᠠᠭᠠᠨ ᠴᠡᠴᠡᠭ ᠲᠦ ᠨᠢ ᠭᠬᠢᠷ ᠪᠤᠷᠲᠠᠭ ᠣᠭᠲᠣ ᠬᠠᠯᠳᠠ ᠳᠤᠡᠭ ᠦᠨ ᠠᠳᠠᠯᠢ ᠮᠣᠩᠭᠣᠯ ᠤᠯᠤᠰ ᠤᠨ ᠲᠥᠯᠥᠭᠡ ᠵᠢᠳᠬᠦᠬᠦ ᠬᠥᠮᠥᠨ ᠪᠦᠷᠢ ᠶᠢᠨ ᠰᠡᠳᠬᠢᠯ ᠠᠷᠢᠭᠤᠨ ᠴᠠᠭᠠᠨ ᠪᠠᠶᠢᠬᠤ ᠪᠣᠯᠲᠤᠭᠠᠢ ᠭᠡᠰᠡᠨ ᠪᠡᠯᠭᠡᠳᠡᠯ ᠠᠭᠤᠯᠠᠳᠠᠭ ᠪᠠᠶᠢᠨ᠎ᠠ᠃ [2]

ᠪᠠᠳᠮᠠᠯᠢᠩᠬᠤ᠎ᠠ ᠪᠠᠳᠮ᠎ᠠ ᠯᠢᠩᠬ Бадамлянхуа, бадам, бадма, лянх lotus лотос

ᠡᠬᠢ ᠰᠤᠷᠪᠤᠯᠵᠢ

  1. Mongolcom
  2. Mongolcom