Дэг

Wikibilig-с
14:05, 21 Гуравдугаар сар 2019-ий байдлаарх Wikibilig (яриа | оруулсан хувь нэмэр) хэрэглэгчийн хийсэн залруулга


ᠳᠢᠭ (ᠳᠢᠭᠯᠡᠯᠲᠡ᠂ ᠴᠡᠷᠢᠭ ᠊ᠦᠨ ᠳᠢᠭ᠂ ᠣᠨ ᠊ᠤ ᠢᠯᠭᠠᠭ᠍ ᠊ᠠ᠋) - ᠠᠯᠪᠠ ᠬᠠᠭᠠᠭᠰᠠᠨ ᠬᠤᠭᠠᠴᠠᠭ᠍ ᠊ᠠ᠋ ᠪᠠᠷ ᠢᠯᠭᠠᠭ᠍ ᠊ᠠ᠋ ᠲᠠᠢ ᠴᠡᠷᠢᠭ ᠊ᠦᠨ ᠠᠯᠪᠠᠨ ᠬᠠᠭᠠᠭᠴᠢᠳ ᠬᠣᠭᠣᠷᠤᠨᠳᠤ ᠊ᠢᠢᠨ ᠳᠦᠷᠢᠮ ᠡᠴᠡ ᠭᠠᠳᠠᠭᠤᠷᠬᠢ ᠬᠠᠷᠢᠯᠴᠠᠭ᠍ ᠊ᠠ᠋᠃ ᠭᠤᠲᠤᠭᠠᠨ ᠳᠣᠷᠤᠮᠵᠢᠯᠠᠯ᠂ ᠬᠦᠴᠦᠷᠬᠡᠢᠢᠯᠡᠯ᠂ ᠴᠡᠲᠢᠭ ᠬᠤᠪᠴᠠᠰᠤ ᠊ᠢᠢ ᠡᠮᠦᠰᠬᠦ ᠶᠠᠩᠵᠦ ᠪᠠᠢᠢᠳᠠᠯ ᠊ᠤᠨ ᠢᠠᠯᠭᠠᠭ᠍ ᠊ᠠ᠋ ᠵᠡᠷᠭᠡ ᠪᠡᠷ ᠢᠯᠡᠷᠡᠨ᠍ ᠊ᠡ᠋᠃

ᠴᠡᠷᠢᠭ ᠲᠦ ᠳᠢᠭ ᠬᠡᠷᠬᠢᠨ ᠡᠭᠦᠰᠡᠭᠰᠡᠨ ᠢᠨᠦ

ᠰᠢᠨ᠍ ᠊ᠡ᠋ ᠦᠶ ᠊ᠡ᠋ ᠊ᠢᠢᠨ ᠤᠷᠠᠨ ᠵᠢᠷᠤᠭ ᠊ᠤᠨ ᠤᠷᠠᠯᠢᠭ ᠊ᠢ ᠦᠨᠳᠦᠰᠦᠯᠡᠭᠴᠢ ᠮᠠᠷᠵᠠᠩ ᠬᠡᠮᠡᠬᠦ ᠪᠠᠯᠳᠣ᠎ᠠ ᠊ᠢᠢᠨ ᠰᠢᠷᠠᠪ ᠪᠣᠭᠳᠠ ᠬᠠᠭᠠᠨ ᠊ᠤ ᠲᠣᠷᠭᠠᠨ ᠴᠡᠷᠢᠭ ᠊ᠦᠨ ᠬᠤᠸᠠᠷᠠᠨ ᠳᠣᠲᠤᠷᠠᠬᠢ ᠠᠵᠤ ᠪᠠᠢᠳᠠᠯ ‍ᠢ ᠦᠵᠡᠭᠦᠯᠦᠨ ᠵᠢᠷᠤᠭᠰᠠᠨ ᠪᠠᠢᠳᠠᠭ᠃ ᠤᠭ ᠪᠦᠲᠦᠭᠡᠯ ᠊ᠢ ᠨᠠᠷᠢᠨ ᠠᠵᠢᠪᠠᠰᠤ ᠬᠤᠸᠠᠷᠠᠨ ᠊ᠳᠠᠬᠢ ᠴᠡᠷᠢᠭ ᠊ᠦᠳ ᠵᠠᠷᠢᠮ ᠊ᠢ ᠊ᠢᠢᠠᠨ ᠲᠠᠷᠴᠢᠯᠠᠭᠠᠨ ᠵᠣᠪᠤᠭᠠᠵᠤ ᠪᠤᠢ ᠮᠡᠲᠦ ᠦᠢᠯᠡ ᠪᠠᠢᠳᠠᠯ ᠬᠠᠷᠠᠭᠳᠤᠨ᠍ ᠊ᠠ᠋᠃ ᠮᠥᠨ ᠶᠦᠩᠰᠢᠶᠡᠪᠦ ᠪᠢᠮᠪᠠ ᠊ᠢᠢᠨ ᠷᠢᠨᠴᠡᠨ ᠊ᠦ 《ᠦᠷ ᠊ᠦᠨ ᠲᠤᠶᠠᠭ᠍ ᠊ᠠ᠋》 ᠷᠣᠮᠠᠨ ᠊ᠳᠤ ᠳᠦᠷᠰᠦᠯᠡᠭᠰᠡᠨ ᠊ᠢ ᠪᠠᠷᠢᠮᠠᠲᠠ ᠭᠡᠵᠦ ᠦᠵᠡᠵᠦ ᠪᠣᠯᠳᠠᠭ ᠪᠣᠯ ᠪᠣᠭᠳᠠ ᠬᠠᠭᠠᠨᠲᠤ ᠮᠣᠩᠭᠣᠯ ᠤᠯᠤᠰ ᠊ᠤᠨ ᠴᠡᠷᠢᠭ ᠊ᠦᠨ ᠠᠩᠭᠢ ᠨᠤᠭᠤᠳ ᠊ᠳᠤ ᠴᠡᠷᠢᠭ ᠊ᠦᠳ ᠬᠣᠰᠢᠭᠤ ᠬᠣᠰᠢᠭᠤ ᠪᠠᠷ ᠊ᠢᠢᠠᠨ ᠲᠠᠯᠠᠴᠠᠨ ᠨᠤᠲᠤᠭᠠᠷᠬᠠᠳᠠᠭ ᠪᠠᠢᠭᠰᠠᠨ ᠪᠣᠯᠤᠯᠲᠠᠢ ᠥᠭᠦᠯᠡᠭᠰᠡᠨ ᠪᠠᠢᠳᠠᠭ᠃ ᠬᠠᠷᠢᠨ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠊ᠤᠨ ᠴᠡᠷᠢᠭ ᠲᠦ ᠳᠢᠭ ᠬᠡᠷᠬᠢᠨ ᠠᠭᠡᠰᠦᠭᠰᠡᠨ ᠲᠠᠯ ᠊ᠠ᠋ ᠪᠠᠷ ᠬᠢ ᠬᠠᠮᠤᠭ ᠊ᠤᠨ ᠲᠦᠭᠡᠭᠡᠮᠡᠯ ᠣᠨᠤᠯ ᠪᠣᠯ 1960 -᠊ᠠᠭᠠᠳ ᠣᠨ ᠊ᠤ ᠦᠢ ᠊ᠡ᠋ ᠲᠤ ᠱᠣᠷᠣᠩ ᠊ᠤᠨ ᠬᠣᠷᠢᠭᠳᠠᠯ ᠪᠠᠠᠢᠭᠰᠠᠨ ᠡᠲᠡᠭᠡᠳ ᠊ᠦᠳ ᠊ᠢ ᠵᠡᠪᠡᠰᠡᠭᠲᠦ ᠬᠦᠴᠦᠨ ᠊ᠳᠦ ᠣᠯᠠᠨ ᠊ᠢᠢᠠᠷ ᠲᠠᠲᠤᠭᠰᠠᠨ ᠶᠠᠪᠤᠳᠠᠯ ᠲᠠᠢ ᠬᠣᠯᠪᠠᠳᠠᠭ᠃ ᠡᠷᠡᠭᠦᠦ ᠊ᠢᠢᠨ ᠧᠯᠧᠮᠧᠨ᠍ᠲ᠋ ᠊ᠦᠳ ᠊ᠢ ᠠᠷᠮᠢ ᠊ᠳᠤ ᠱᠣᠷᠣᠩ ᠊ᠤᠨ ᠵᠡᠷᠯᠢᠭ ᠶᠣᠰᠤ ᠳᠢᠭᠯᠢᠮ᠂ ᠬᠤᠯᠠᠭᠠᠶᠢᠴᠢᠳ ᠊ᠦᠨ ᠡᠲᠡᠭᠡᠳ ᠦᠭᠡ ᠬᠡᠯᠡᠯᠭᠡ ᠊ᠢᠢ ᠠᠪᠴᠢᠷᠠᠭᠰᠠᠨ ᠭᠡᠵᠦ ᠦᠵᠡᠳᠡᠭ᠃ ᠶᠠᠭᠠᠬᠢᠭᠠᠳ ᠭᠡᠮᠲᠦ ᠬᠡᠷᠡᠭ ᠲᠦ ᠬᠣᠯᠪᠤᠭᠳᠵᠤ ᠪᠠᠢᠢᠭᠰᠠᠨ ᠡᠲᠡᠭᠡᠳ ᠊ᠦᠳ ᠊ᠢ ᠴᠡᠷᠢᠭ ᠲᠦ ᠲᠠᠲᠠᠬᠤ ᠪᠣᠯᠤᠭᠰᠠᠨ ᠠᠨᠤ ᠵᠥᠪᠯᠡᠯᠲᠡ ᠬᠣᠯᠪᠤᠭᠠᠲᠤ ᠤᠯᠤᠰ ᠊ᠤᠨ ᠲᠤᠷᠰᠢᠯᠭ᠍ ᠊ᠠ᠋ ᠊ᠢᠢ ᠪᠣᠯᠳᠤᠯᠭ᠍ ᠊ᠠ᠋ ᠦᠭᠡᠢ ᠬᠠᠭᠤᠯᠤᠨ ᠳᠠᠭᠤᠷᠢᠶᠠᠭᠰᠠᠨ ᠰᠶᠢᠳᠪᠦᠷᠢ ᠪᠠᠢᠭᠰᠠᠨ ᠪᠣᠯᠤᠯᠲᠠᠢ᠃ ᠲᠡᠢᠮᠦ ᠡᠴᠡ ᠮᠣᠩᠭᠣᠯ ᠊ᠤᠨ ᠠᠷᠠᠳ ᠊ᠤᠨ ᠠᠷᠮᠶ ᠊ᠳᠠᠬᠢ ᠳᠢᠭᠯᠡᠯᠲᠡ ‍ᠢᠢᠨ ᠲᠡᠦᠭᠡ ᠊ᠢᠢ ᠣᠢᠯᠠᠭᠠᠬᠤ ‍ᠢᠢᠨ ᠲᠤᠯᠠ ᠊ᠳᠤ ᠤᠮᠠᠷᠠᠳᠤ ᠬᠥᠷᠰᠢ ᠊ᠢᠢᠨ ᠵᠡᠪᠰᠡᠭᠲᠦ ᠬᠦᠴᠦᠨ ‌ᠳᠡᠬᠢ ᠳᠢᠭ᠂ ᠣᠨ ᠊ᠤ ᠢᠯᠭᠠᠭᠠᠨ ᠊ᠤ ᠲᠡᠦᠬᠡ ᠊ᠢᠢ ᠣᠢᠯᠠᠭᠠᠬᠤ ᠬᠡᠷᠡᠭ ᠲᠡᠢ ᠮᠡᠲᠦ᠃ ᠮᠥᠨ ᠵᠥᠪᠯᠡᠯᠲᠦ ᠊ᠢᠢᠨ ᠠᠷᠮᠶ ᠊ᠳᠤ ᠣᠨ ᠊ᠤ ᠢᠯᠭᠠᠭ᠍ ᠊ᠠ᠋᠂ ᠳᠢᠭ ᠡᠷᠡᠭᠦᠦ ᠊ᠢᠢᠨ ᠠᠷᠬᠠᠭ ᠡᠲᠡᠭᠡᠳ ᠊ᠦᠳ ᠊ᠢ ᠴᠡᠷᠢᠭ ᠲᠦ ᠲᠠᠲᠤᠭᠰᠠᠨ ᠲᠠᠢ ᠬᠣᠯᠪᠤᠭ᠍ ᠊ᠠ᠋ ᠲᠠᠢ ᠭᠡᠰᠡᠨ ᠣᠨᠣᠯ ᠲᠦᠭᠡᠭᠡᠮᠡᠯ ᠶᠠᠷᠢᠭᠳᠠᠳᠠᠭ ᠪᠠᠢᠨ᠍ ᠊ᠠ᠋᠃ ᠳᠡᠯᠡᠬᠡᠢ ᠊ᠢᠢᠨ 2 ᠊ᠳᠤᠭᠠᠷ ᠳᠠᠢᠨ ᠊ᠤ ᠦᠷ ᠊ᠡ᠋ ᠳᠠᠭᠠᠪᠤᠷᠢ ᠊ᠢᠢᠠᠷ ᠴᠡᠷᠢᠭ ᠲᠦ ᠲᠠᠲᠤᠭᠳᠠᠬᠤ ᠬᠦᠮᠦᠨ ᠠᠮᠠ ᠬᠣᠮᠰᠠᠳᠠᠭᠰᠠᠨ ᠲᠤᠯᠠ ᠡᠷᠡᠭᠦᠦ ᠊ᠢᠢᠨ ᠭᠡᠮᠲᠦ ᠬᠡᠷᠡᠭ ᠲᠦ ᠬᠣᠯᠪᠤᠭᠳᠠᠵᠤ ᠶᠠᠪᠤᠭᠰᠠᠨ ᠡᠲᠡᠭᠡᠳ ᠊ᠦᠳ ᠊ᠢ ᠴᠡᠷᠢᠭ ᠲᠦ ᠲᠠᠲᠤᠬᠤ ᠰᠢᠢᠳᠪᠦᠷᠢ ᠭᠠᠷᠴᠤᠬᠤᠢ᠃ ᠭᠡᠪᠴᠢ ᠡᠭᠦᠨ ᠊ᠢ ᠦᠭᠡᠢᠰᠬᠡᠬᠦ ᠦᠵᠡᠯ ᠪᠠᠷᠢᠮᠲᠠᠯᠠᠯ ᠪᠠᠰᠠ ᠪᠠᠢᠨ᠍ ᠊ᠠ᠋᠃ ᠱᠣᠷᠣᠩ ᠊ᠴᠨ ᠵᠠᠩ ᠰᠤᠷᠲᠠᠬᠤᠨ᠂ ᠶᠣᠰᠤ ᠤᠯᠠᠮᠵᠢᠯᠠᠯ ᠵᠥᠪᠯᠡᠯᠲᠦ ᠊ᠢᠢᠨ ᠪᠦᠬᠦᠢ ᠯᠡ ᠪᠠᠢᠷᠢ ᠣᠷᠣᠴᠠᠨ ᠊ᠳᠤ ᠭᠦᠨ ᠨᠡᠪᠲᠡᠷᠡᠭᠰᠡᠨ ᠪᠠᠢᠭᠰᠠᠨ ᠪᠠ ᠵᠠᠯᠠᠭᠤᠴᠤᠳ ᠴᠡᠷᠢᠭ ᠲᠦ ᠨᠢᠭᠡᠨᠲᠡ ᠱᠣᠷᠣᠩ ᠊ᠤᠨ ᠲᠡᠢᠮᠦ ᠶᠣᠰᠤ ᠰᠤᠷᠲᠠᠬᠤᠨ ᠊ᠳᠤ ᠭᠠᠷᠰᠢᠴᠢᠬᠠᠭᠰᠠᠨ ᠢᠷᠡᠳᠡᠭ ᠪᠠᠢᠭᠰᠠᠨ ᠭᠡᠵᠦ ᠦᠵᠡᠳᠡᠭ᠃ ᠪᠦᠭᠦᠳᠡ ᠨᠠᠢᠷᠠᠮᠳᠠᠬᠤ ᠮᠣᠩᠭᠣᠯ ᠠᠷᠠᠳ ᠤᠯᠤᠰ ᠲᠤ ᠴᠤ ᠮᠣᠨ ᠠᠳᠠᠯᠢ ᠰᠣᠼᠢᠶᠠᠯᠢᠰᠮ ᠊ᠤᠨ ᠵᠢᠯ ᠊ᠦᠳ ᠊ᠳᠤ ᠪᠠᠢᠷᠢ ᠣᠷᠣᠴᠠ᠂ ᠬᠠᠰᠢᠶ ᠊ᠠ᠋ ᠭᠤᠳᠤᠮᠵᠢ ᠪᠦᠬᠦᠨ ᠊ᠳᠦ ᠬᠡᠦᠬᠡᠳ ᠪᠠᠭᠠᠴᠤᠳ ᠳᠤᠮᠳᠠ ᠱᠣᠷᠣᠩ ᠊ᠤᠨ ᠵᠠᠩ ᠬᠠᠷᠢᠯᠴᠠᠭ᠍ ᠊ᠠ᠋᠂ ᠦᠭᠡ ᠬᠡᠯᠡᠯᠭᠡ ᠬᠡᠪ ᠊ᠦᠨ ᠦᠵᠡᠭᠳᠡᠯ ᠪᠣᠯᠵᠤ ᠪᠠᠢᠭᠰᠠᠨ ᠪᠢᠯᠡ᠃

ᠳᠢᠭ ᠲᠠᠢ ᠬᠣᠯᠪᠤᠭ᠍ ᠊ᠠ᠋ ᠲᠠᠢ ᠦᠭᠡ ᠬᠡᠯᠡᠯᠭᠡ

  • ᠭᠣᠭᠤᠵᠢᠭᠤᠷ - ᠰᠢᠨ᠍ ᠊ᠡ᠋ ᠴᠡᠷᠢᠭ᠂ ᠡᠬᠢᠨ ᠊ᠦ ᠵᠢᠯ ᠊ᠳᠡᠭᠡᠨ ᠪᠠᠢᠢᠭ᠍ ᠊ᠠ᠋ ᠴᠡᠷᠢᠭ
  • ᠠᠰᠠᠮᠠᠨ ᠴᠡᠷᠢᠭ - ᠬᠣᠶᠠᠷ ᠊ᠳᠠᠬᠢ ᠵᠢᠯ ᠊ᠳᠡᠭᠡᠨ ᠪᠠᠢᠢᠭ᠍ ᠊ᠠ᠋ ᠴᠡᠷᠢᠭ
  • ᠬᠠᠯᠠ ᠴᠡᠷᠢᠭ - ᠬᠠᠯᠠᠭᠳᠠᠬᠤ ᠵᠢᠯ ᠊ᠳᠡᠭᠡᠨ ᠪᠠᠢᠢᠭ᠍ ᠊ᠠ᠋ ᠴᠡᠷᠢᠭ
  • ᠵᠠ - ᠵᠢᠭᠰᠠᠭᠠᠯ ᠊ᠤᠨ ᠳᠠᠷᠤᠭ᠍ ᠊ᠠ᠋
  • ᠣᠨᠵᠠᠪ - ᠠᠳᠠᠯᠢ ᠣᠨ ᠊ᠤ ᠴᠡᠷᠢᠭ
  • ᠳᠢᠭᠯᠡᠬᠦ - ᠭᠣᠭᠤᠵᠢᠭᠤᠷ ᠴᠡᠷᠢᠭ ᠊ᠢ ᠭᠤᠲᠤᠭᠠᠨ ᠳᠣᠷᠤᠮᠵᠢᠯᠠᠵᠤ ᠰᠢᠳᠬᠡᠬᠦ ᠪᠡᠶ ᠊ᠡ᠋ ᠮᠠᠬᠠᠪᠣᠳ᠂ ᠰᠡᠳᠬᠢᠯ ᠰᠠᠨᠠᠭᠠ᠍ ᠊ᠠ᠋ ᠪᠠᠷ ᠳᠠᠷᠤᠮᠲᠠᠯᠠᠬᠤ
  • ᠳᠢᠭᠯᠡᠬᠴᠢ - ᠭᠣᠭᠤᠵᠢᠭᠤᠷ ᠴᠡᠷᠢᠭ ᠊ᠢ ᠳᠢᠭᠡᠳᠡᠭ ᠡᠲᠡᠭᠡᠳ
  • ᠫᠠᠯᠠᠩ ᠊ᠳᠤ ᠰᠠᠭᠤᠯᠭᠠᠬᠤ - ᠭᠣᠭᠤᠵᠢᠭᠤᠷ ᠴᠡᠷᠢᠭ ᠊ᠢ ᠭᠤᠲᠤᠭᠠᠨ ᠳᠣᠷᠤᠮᠵᠢᠯᠠᠵᠤ ᠰᠢᠳᠬᠡᠬᠦ ᠨᠢᠭᠡ ᠳᠢᠭ
  • ᠳ᠋ᠢᠠᠭᠷᠠᠮ - ᠭᠣᠭᠤᠵᠢᠭᠤᠷ ᠴᠡᠷᠢᠭ ᠊ᠢ ᠭᠤᠲᠤᠭᠠᠨ ᠳᠣᠷᠤᠮᠵᠢᠯᠠᠵᠤ ᠰᠢᠳᠬᠡᠬᠦ ᠨᠢᠭᠡ ᠳᠢᠭ
  • ᠥᠨ ᠊ᠤ ᠢᠯᠭᠠᠭ᠍ ᠊ᠠ᠋ - ᠠᠰᠮᠠᠨ᠂ ᠬᠠᠯᠠ ᠴᠡᠷᠢᠭ᠂ ᠵᠠ ᠨᠠᠷ ᠭᠣᠭᠤᠵᠢᠭᠤᠷ ᠴᠡᠷᠢᠭ ᠊ᠢ ᠳᠢᠭᠯᠡᠬᠦ ᠶᠣᠰᠤ᠂ ᠤᠯᠠᠮᠵᠢᠯᠠᠯ

ᠰᠡᠳᠬᠢᠭᠳᠡᠯ

<Comments/>