Авлига

Wikibilig-с
09:38, 27 Тавдугаар сар 2019-ий байдлаарх Niislel Niisleliinhen (яриа | оруулсан хувь нэмэр) хэрэглэгчийн хийсэн залруулга


ᠠᠪᠯᠢᠭ᠎ ᠊ᠠ᠋ ᠪᠣᠯ ᠢᠲᠡᠭᠡᠵᠦ ᠣᠯᠭᠠᠭᠰᠠᠨ ᠡᠷᠬᠡ ᠮᠡᠳᠡᠯ ᠊ᠢ ᠬᠤᠪᠢ ᠊ᠢᠢᠨ ᠠᠰᠢᠭ ᠬᠣᠨᠵᠢᠶ᠎ ᠊ᠠ᠋ ᠣᠯᠬᠤ ᠵᠣᠷᠢᠯᠭ᠎ ᠊ᠠ᠋ ᠪᠠᠷ ᠤᠷᠪᠠᠭᠤᠯᠤᠨ ᠠᠰᠢᠭᠯᠠᠬᠤ ᠭᠡᠵᠦ ᠲᠣᠳᠤᠷᠬᠠᠢᠢᠯᠠᠵᠡᠢ᠃ Transparency International ᠪᠠᠢᠢᠭᠠᠭᠤᠠᠯᠭ ᠊ᠠ᠋ ᠠᠪᠯᠢᠭ᠍ ᠊ᠠ᠋ ᠊ᠢᠢ ᠢᠩᠭᠢᠵᠦ ᠲᠣᠳᠤᠷᠬᠠᠢᠢᠯᠠᠵᠡᠢ᠃ ᠲᠡᠭᠦᠨᠴᠢᠯᠡᠨ ᠠᠯᠳᠠᠭᠳᠠᠭᠰᠠᠨ ᠮᠥᠩᠭᠦᠨ ᠊ᠦ ᠬᠡᠮᠵᠢ ᠊ᠡ᠋ ᠬᠢᠭᠡᠳ ᠬᠠᠮᠢᠭ ᠊ᠠ᠋ ᠭᠡᠮᠲᠦ ᠦᠢᠯᠡᠳᠡᠯ ᠶᠠᠪᠣᠭᠳᠠᠵᠤ ᠪᠠᠢᠢᠭ ᠊ᠠ᠋ ᠡᠴᠡ ᠬᠠᠮᠢᠶᠠᠷᠠᠨ ᠠᠪᠯᠢᠭ ᠊ᠠ᠋ ᠊ᠢᠢ ᠶᠡᠬᠡ ᠠᠪᠯᠢᠭ ᠊ᠠ᠋᠂ ᠵᠢᠵᠢᠭ (ᠳᠣᠣᠷᠠᠳᠤ ᠲᠦᠪᠰᠢᠨ ᠊ᠦ) ᠠᠪᠯᠢᠭ ᠊ᠠ᠋᠂ ᠤᠯᠤᠰ ᠲᠥᠷᠦ ᠊ᠢᠢᠨ ᠠᠪᠯᠢᠭ ᠊ᠠ᠋ ᠭᠡᠵᠦ ᠠᠩᠭᠢᠯᠠᠵᠤ ᠪᠣᠯᠤᠨ᠍ ᠊ᠠ᠋ ᠭᠡᠵᠡᠢ ᠃ ᠮᠣᠩᠭᠣᠯ ᠤᠯᠤᠰ ᠊ᠤᠨ ᠠᠪᠤᠯ ᠶᠢᠨ ᠡᠰᠡᠷᠡᠭ ᠬᠠᠤᠯᠢ ᠊ᠳᠤ 《ᠠᠪᠯᠢᠭ ᠊ᠠ᠋》 ᠭᠡᠵᠦ ᠡᠨᠡ ᠬᠠᠤᠯᠢ ᠶᠢᠨ 4.1 ᠊ᠳᠦ ᠵᠢᠭᠠᠭᠰᠠᠨ ᠡᠲᠡᠭᠡᠳ ᠠᠯᠪᠠᠨ ᠲᠤᠰᠢᠶᠠᠯ ᠤᠨ ᠡᠷᠬᠡ ᠮᠡᠳᠡᠯ ᠢᠶᠡᠨ ᠬᠤᠪ ᠤᠨ ᠠᠰᠢᠭ ᠬᠣᠨᠵᠢᠶ᠎ᠠ ᠣᠯᠬᠤ ᠳᠤ ᠤᠷᠪᠠᠭᠤᠯᠤᠨ ᠠᠰᠢᠭᠯᠠᠬᠤ᠂ ᠪᠤᠰᠤᠳ ᠲᠤ ᠳᠠᠪᠠᠭᠤ ᠪᠠᠶᠢᠳᠠᠯ ᠣᠯᠭᠣᠬᠤ᠂ ᠢᠷᠭᠡᠨ᠂ ᠬᠠᠤᠯᠢ ᠶᠢᠨ ᠡᠲᠡᠭᠡᠳ ᠡᠴᠡ ᠲᠡᠷᠬᠡᠦ ᠬᠠᠤᠯᠢ ᠪᠤᠰᠤ ᠳᠠᠪᠠᠭᠤ ᠪᠠᠶᠢᠳᠠᠯ ᠢ ᠣᠯᠵᠤ ᠠᠪᠬᠤ ᠦᠢᠯᠡᠳᠦᠯ᠂ ᠡᠰᠡ ᠦᠢᠯᠡᠳᠬᠦᠢ ᠪᠡᠷ ᠢᠯᠡᠷᠡᠬᠦ ᠠᠯᠢᠪᠠ ᠡᠷᠬᠡ ᠵᠦᠢ ᠶᠢᠨ ᠵᠥᠷᠢᠴᠡᠯ ᠢ ᠬᠡᠯᠡᠨ᠍ ᠊ᠡ᠋ ᠭᠡᠵᠦ ᠵᠢᠭᠠᠵᠡᠢ᠃ ᠬᠠᠷᠢᠨ 4.1 ᠊ᠳᠦ ᠵᠢᠭᠠᠭᠰᠠᠨ ᠡᠲᠡᠭᠡᠳ ᠨᠢ - ᠲᠥᠷᠥ ᠶᠢᠨ ᠤᠯᠤᠰ ᠲᠥᠷᠥ ᠶᠢᠨ᠂ ᠵᠠᠬᠢᠷᠭᠠᠨ ᠤ᠂ ᠲᠤᠰᠬᠠᠢ ᠠᠯᠪᠠᠨ ᠤ ᠤᠳᠤᠷᠢᠳᠬᠤ ᠪᠣᠯᠤᠨ ᠭᠦᠢᠴᠡᠳᠭᠡᠬᠦ ᠠᠯᠪᠠᠨ ᠲᠤᠰᠢᠶᠠᠯᠲᠠᠨ; - ᠲᠥᠷᠥ ᠶᠢᠨ ᠦᠢᠯᠡᠴᠢᠯᠡᠭᠡᠨ ᠦ ᠠᠯᠪᠠᠨ ᠤ ᠤᠳᠤᠷᠢᠳᠬᠤ ᠠᠯᠪᠠᠨ ᠲᠤᠰᠢᠶᠠᠯᠲᠠᠨ ᠪᠣᠯᠤᠨ ᠶᠡᠷᠦᠩᠬᠡᠢ ᠨᠢᠭᠲᠠᠯᠠᠨ ᠪᠣᠳᠣᠭᠴᠢ᠂ ᠠᠬᠠᠯᠠᠬᠤ ᠨᠢᠭᠲᠠᠯᠠᠨ ᠪᠣᠳᠣᠭᠴᠢ; - ᠲᠥᠷᠥ ᠶᠢᠨ ᠪᠣᠯᠤᠨ ᠣᠷᠣᠨ ᠨᠤᠲᠤᠭ ᠤᠨ ᠥᠮᠴᠢᠲᠤ᠂ ᠲᠥᠷᠥ ᠶᠢᠨ ᠪᠣᠯᠤᠨ ᠣᠷᠣᠨ ᠨᠤᠲᠤᠭ ᠤᠨ ᠥᠮᠴᠢ ᠶᠢᠨ ᠣᠷᠣᠯᠴᠠᠭ᠎ᠠ ᠲᠠᠢ ᠬᠠᠤᠯᠢ ᠶᠢᠨ ᠡᠲᠡᠭᠡᠳ ᠦᠨ ᠤᠳᠤᠷᠢᠳᠬᠤ ᠪᠣᠯᠤᠨ ᠻᠣᠮᠫᠠᠨᠢ ᠶᠢᠨ ᠡᠷᠬᠡ ᠪᠦᠬᠦᠢ ᠠᠯᠪᠠᠨ ᠲᠤᠰᠢᠶᠠᠯᠲᠠᠨ; - ᠣᠯᠠᠨ ᠨᠡᠶᠢᠲᠡ ᠶᠢᠨ ᠷᠠᠳᠢᠣ᠋᠂ ᠲᠧᠯᠧᠸᠢᠰ ᠦᠨ ᠦᠨᠳᠦᠰᠦᠨ ᠦ ᠵᠥᠪᠯᠡᠯ ᠦᠨ ᠳᠠᠷᠤᠭ᠎ᠠ᠂ ᠭᠡᠰᠢᠭᠦᠨ᠂ ᠶᠡᠷᠦᠩᠬᠡᠢ ᠵᠠᠬᠢᠷᠤᠯ; - ᠤᠯᠤᠰ ᠤᠨ ᠪᠣᠯᠤᠨ ᠣᠷᠣᠨ ᠨᠤᠲᠤᠭ ᠤᠨ ᠲᠥᠰᠥᠪ ᠡᠴᠡ ᠰᠠᠩᠬᠦᠵᠢᠯᠲᠡ ᠠᠪᠴᠤ ᠲᠥᠷᠥ ᠶᠢᠨ ᠲᠣᠳᠣᠷᠬᠠᠢ ᠴᠢᠭ ᠡᠭᠦᠷᠭᠡ ᠶᠢ ᠬᠠᠤᠯᠢ ᠲᠣᠭᠲᠠᠭᠠᠮᠵᠢ ᠶᠢᠨ ᠳᠠᠭᠠᠤ ᠭᠦᠢᠴᠡᠳᠭᠡᠵᠦ ᠪᠠᠶᠢᠭ᠎ᠠ ᠲᠥᠷᠥ ᠶᠢᠨ ᠪᠤᠰᠤ ᠪᠠᠶᠢᠭᠤᠯᠤᠯᠭ᠎ᠠ ᠶᠢᠨ ᠤᠳᠤᠷᠢᠳᠬᠤ ᠠᠯᠪᠠᠨ ᠲᠤᠰᠢᠶᠠᠯᠲᠠᠨ; - ᠮᠣᠩᠭᠣᠯ ᠤᠯᠤᠰ ᠤᠨ ᠶᠡᠷᠦᠩᠬᠡᠶᠢᠯᠡᠭᠴᠢ᠂ ᠤᠯᠤᠰ ᠤᠨ ᠶᠡᠬᠡ ᠬᠤᠷᠠᠯ᠂ ᠪᠦᠬᠦ ᠱᠠᠲᠤᠨ ᠤ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠰᠣᠩᠭᠣᠭᠤᠯᠢ ᠳᠤ ᠨᠡᠷ᠎ᠡ ᠳᠡᠪᠰᠢᠭᠴᠢ; - ᠪᠦᠬᠦ ᠱᠠᠲᠤᠨ ᠤ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠳᠠᠷᠤᠭ᠎ᠠ᠂ ᠲᠥᠯᠥᠭᠡᠯᠡᠭᠴᠢ; - ᠡᠷᠬᠡ ᠪᠦᠬᠦᠢ ᠪᠠᠶᠢᠭᠤᠯᠤᠯᠭ᠎ᠠ ᠠᠴᠠ ᠪᠠᠲᠤᠯᠠᠭᠰᠠᠨ ᠵᠢᠭᠰᠠᠭᠠᠯᠲᠠ ᠳᠤ ᠵᠢᠭᠠᠭᠰᠠᠨ ᠠᠯᠪᠠᠨ ᠲᠤᠰᠢᠶᠠᠯᠲᠠᠨ᠃ - ᠢᠷᠡᠭᠡᠳᠦᠢ ᠶᠢᠨ ᠥᠪ ᠰᠠᠩ ᠤᠨ ᠲᠤᠬᠠᠢ ᠬᠠᠤᠯᠢ ᠶᠢᠨ 4.1.7 ᠊ᠳᠦ ᠵᠢᠭᠠᠭᠰᠠᠨ ᠢᠷᠡᠭᠡᠳᠦᠢ ᠶᠢᠨ ᠥᠪ ᠰᠠᠩ ᠻᠣᠷᠫᠣᠷᠠᠼᠢ ᠶᠢᠨ ᠡᠷᠬᠡ ᠪᠦᠬᠦᠢ ᠠᠯᠪᠠᠨ ᠲᠤᠰᠢᠶᠠᠯᠲᠠᠨ᠂ ᠬᠢᠨᠠᠯᠲᠠ ᠶᠢᠨ ᠵᠥᠪᠯᠡᠯ ᠦᠨ ᠭᠡᠰᠢᠭᠦᠨ - ᠡᠳᠡᠭᠡᠷ ᠠᠵᠡᠢ᠃

ᠠᠪᠯᠢᠭᠠᠴᠢᠳ ᠊ᠤᠨ
ᠡᠰᠡᠷᠭᠦ
ᠢᠷᠭᠡᠷᠳ ᠊ᠦᠨ
ᠲᠡᠮᠡᠴᠡᠯ

ᠨᠢᠭᠡᠳᠦᠭᠰᠡᠨ ᠦᠨᠳᠦᠰᠦᠲᠡᠨ ᠊ᠦ ᠪᠠᠢᠢᠭᠠᠭᠤᠯᠭ᠎ ᠊ᠠ᠋ ᠡᠴᠡ ᠭᠠᠷᠭᠠᠭᠰᠠᠨ 《ᠠᠪᠯᠢᠭ ᠊ᠠ᠋ ᠲᠠᠢ ᠲᠡᠮᠡᠴᠡᠬᠦ ᠫᠷᠠᠻᠲ᠋ᠢᠻ ᠠᠷᠭ᠍ ᠊ᠠ᠋ ᠬᠡᠮᠵᠢᠶᠡᠨ ᠊ᠦ ᠲᠠᠯ ᠠ ᠪᠠᠷ ᠫᠷᠣᠻᠦ᠋ᠷᠣᠷ᠂ ᠮᠥᠷᠳᠡᠨ ᠪᠠᠶᠢᠴᠠᠭᠠᠭᠴᠢ ᠨᠠᠷ ᠲᠤ ᠵᠣᠷᠢᠭᠤᠯᠤᠭᠰᠠᠨ ᠭᠠᠷ ᠊ᠤᠨ ᠠᠪᠤᠯᠭ᠎ ᠊ᠠ᠋》 ᠊ᠳᠤ ᠠᠪᠯᠢᠭ᠍ ᠊ᠠ᠋ ᠊ᠢᠢ ᠳᠠᠷᠠᠭᠠᠬᠢ ᠪᠠᠢᠢᠳᠠᠯ ᠊ᠢᠢᠠᠷ ᠠᠩᠭᠢᠯᠠᠭᠰᠠᠨ ᠪᠠᠢᠢᠨ ᠊ᠠ᠋᠃ ᠡᠭᠦᠨ ᠊ᠳᠦ᠄ - ᠶᠡᠬᠡ ᠠᠪᠯᠢᠭ᠎ ᠊ᠠ᠋ ᠪᠠ ᠵᠢᠵᠢᠭ ᠠᠪᠯᠢᠭ᠎ ᠊ᠠ᠋ (grand corruption/petty corruption)᠃ ᠪᠠᠭ᠎ ᠊ᠠ᠋ ᠠᠪᠯᠢᠭ ᠊ᠠ᠋ ᠊ᠢᠢ ᠮᠥᠨ ᠳᠣᠣᠷᠠᠳᠤ ᠲᠦᠪᠰᠢᠨ ᠊ᠦ ᠠᠪᠯᠢᠭ᠎ ᠊ᠠ᠋᠂ ᠭᠤᠳᠤᠮᠵᠢᠨ ᠊ᠤ ᠠᠪᠯᠢᠭ᠎ ᠊ᠠ᠋᠂ ᠵᠠᠬᠢᠷᠭᠠᠨ ᠊ᠤ ᠠᠪᠯᠢᠭ᠎ ᠊ᠠ᠋ ᠭᠡᠬᠦᠴᠢᠯᠡᠨ ᠨᠡᠷᠡᠯᠡᠳᠡᠭ ᠪᠠᠢᠢᠨ᠎ ᠊ᠠ᠋᠃ - ᠢᠳᠡᠪᠬᠢ ᠲᠡᠢ ᠪᠠ ᠢᠳᠡᠪᠬᠢ ᠦᠭᠡᠶ ᠠᠪᠯᠢᠭ᠎ ᠊ᠠ᠋ - ᠬᠠᠬᠤᠤᠯᠢ - ᠱᠠᠮᠰᠢᠭᠳᠠᠭᠤᠯᠬᠤ᠂ ᠬᠤᠯᠠᠭᠠᠶ᠂ ᠯᠤᠶᠢᠪᠠᠷ - ᠰᠦᠷᠳᠡᠭᠦᠯᠬᠦ (extortion) - ᠴᠢᠭ ᠡᠭᠦᠷᠭᠡ ᠪᠡᠨ ᠤᠷᠪᠠᠭᠤᠯᠤᠨ ᠠᠰᠢᠭᠯᠠᠬᠤ (abuse of functions) - ᠳᠠᠪᠠᠭᠤ ᠪᠠᠢᠢᠳᠠᠯ ᠣᠯᠭᠠᠬᠤ᠂ ᠵᠢᠭᠡᠰᠡᠬᠦ (favouritism, nepotism) - ᠠᠰᠢᠭ ᠰᠥᠨᠢᠷᠬᠠᠯ ᠊ᠤᠨ ᠵᠥᠷᠢᠴᠡᠯ ᠡᠭᠦᠰᠬᠡᠬᠦ᠂ ᠠᠰᠢᠭᠯᠠᠬᠤ - ᠤᠯᠤᠰ ᠲᠥᠷᠦ ᠊ᠢᠢᠨ ᠵᠣᠬᠢᠰ ᠦᠭᠡᠢ ᠬᠠᠨᠳᠢᠪ - ᠡᠳᠡᠭᠡᠷ ᠲᠥᠷᠦᠯ ᠬᠡᠯᠪᠡᠷᠢ ᠨᠤᠭᠦᠳ ᠊ᠢ ᠢᠯᠠᠭᠠᠨ ᠲᠣᠳᠤᠷᠬᠠᠢᠢᠯᠠᠭᠰᠠᠨ ᠪᠠᠢᠢᠨ ᠊ᠠ᠋᠃ ᠨᠢᠭᠡᠳᠦᠭᠰᠡᠨ ᠦᠨᠳᠦᠰᠦᠲᠡᠨ ᠊ᠦ ᠪᠠᠢᠢᠭᠠᠭᠤᠯᠭ᠎ ᠊ᠠ᠋ ᠊ᠢᠢᠨ ᠠᠪᠯᠢᠭ᠎ ᠊ᠠ᠋ ᠊ᠢᠢᠨ ᠡᠰᠡᠷᠭᠦ ᠻᠣᠨ᠍ᠸᠧᠨ᠍ᠼ ᠲᠦ ᠥᠭᠦᠯ᠋ᠡᠭᠰᠡᠨᠴᠢᠯᠡᠨ ᠠᠪᠯᠢᠭ᠎ ᠊ᠠ᠋ ᠠᠷᠠᠳᠴᠢᠯᠠᠯ᠂ ᠬᠠᠤᠯᠢ ᠳᠡᠭᠡᠳᠦᠯᠡᠬᠦ ᠶᠣᠰᠤ ᠊ᠢᠢ ᠰᠠᠵᠢᠭᠤᠯᠵᠤ᠂ ᠬᠦᠮᠦᠨ ᠡᠷᠬᠡ ᠊ᠢᠢᠨ ᠵᠥᠷᠢᠴᠡᠯ ᠡᠭᠦᠰᠬᠡᠵᠦ᠂ ᠵᠠᠬ ᠊ᠠ᠋ ᠵᠡᠭᠡᠯᠢ ᠊ᠢᠢ ᠭᠠᠵᠢᠭᠤᠳᠠᠭᠤᠯᠵᠤ᠂ ᠠᠮᠢᠳᠤᠷᠠᠯ ᠊ᠤᠨ ᠴᠢᠨᠠᠷ ᠊ᠢ ᠵᠢᠪᠡᠷᠡᠭᠡᠵᠦ᠂ ᠵᠣᠬᠢᠶᠠᠨ ᠪᠠᠢᠢᠭᠠᠭᠤᠯᠭᠯᠠ ᠲᠠᠢ ᠭᠡᠮᠲᠦ ᠬᠡᠷᠡᠭ᠂ ᠲᠧᠷᠷᠣᠷᠢᠰᠮ ᠭᠡᠬᠦ ᠮᠡᠲᠦ ᠬᠦᠮᠦᠨ ᠊ᠳᠦ ᠠᠮᠤᠭᠤᠯᠠᠩ ᠠᠮᠢᠳᠤᠷᠠᠯ ᠊ᠳᠤ ᠠᠶᠤᠯ ᠤᠴᠢᠷᠠᠭᠤᠯᠬᠤ ᠦᠵᠡᠭᠳᠡᠯ ᠊ᠦᠳ ᠭᠠᠭᠠᠷᠠᠬᠤ ᠨᠥᠬᠦᠴᠡᠯ ᠪᠦᠷᠢᠳᠦᠭᠦᠯᠳᠡᠭ᠃ ᠠᠪᠯᠢᠭ᠎ ᠊ᠠ᠋ ᠡᠳ᠋ ᠊ᠦᠨ ᠵᠠᠰᠠᠭ ᠊ᠤᠨ ᠢᠯᠵᠠᠷᠠᠯ ᠊ᠤᠨ ᠵᠠᠩᠭᠢᠯᠠᠭ᠎ ᠊ᠠ᠋᠂ ᠶᠠᠳᠠᠭᠤᠷᠠᠯ ᠊ᠢ ᠪᠠᠭᠤᠷᠠᠭᠤᠯᠬᠤ ᠊ᠳᠤ ᠲᠡᠭᠡᠭᠯᠡᠬᠦ ᠰᠠᠳᠠᠭ᠎ ᠊ᠠ᠋᠂ ᠬᠥᠭᠵᠢᠯ ᠊ᠦᠨ ᠭᠣᠣᠯ ᠴᠢᠳᠦᠷ ᠲᠤᠱᠠ ᠪᠣᠯᠳᠠᠭ ᠪᠠᠢᠢᠨ ᠊ᠠ᠋᠃ ᠨᠡᠢᠢᠭᠡᠮ ᠊ᠳᠦ ᠠᠪᠯᠢᠭ᠎ ᠊ᠠ᠋ ᠡᠭᠦᠰᠳᠡᠭ ᠰᠢᠯᠲᠠᠭᠠᠨ ᠊ᠤᠳ᠄ - ᠲᠥᠷᠦ ᠵᠠᠬᠢᠷᠭᠠᠨ ᠊ᠤ ᠪᠠᠶᠢᠭᠤᠯᠤᠯᠭ᠎ ᠊ᠠ᠋ ᠨᠤᠭᠤᠳ ᠊ᠤᠨ ᠬᠦᠨᠳᠦ ᠰᠣᠷᠲᠠᠯ᠂ ᠣᠯᠠᠨ ᠱᠠᠲᠤ ᠳᠠᠮᠵᠢᠯᠭ᠎ ᠊ᠠ᠋ - ᠲᠥᠷᠦ ᠊ᠢᠢᠨ ᠪᠠᠶᠢᠭᠤᠯᠤᠯᠭ᠎ ᠊ᠠ᠋ ᠊ᠤᠨ ᠦᠢᠯᠡ ᠠᠵᠢᠯᠠᠯᠭ ᠎᠊ᠠ᠋ ᠢᠯᠡ ᠲᠣᠳᠤ᠂ ᠨᠡᠭᠡᠯᠲᠡ ᠲᠡᠢ ᠪᠤᠰᠤ - ᠣᠢᠢᠯᠠᠭᠠᠮᠵᠢ ᠦᠭᠡᠢ ᠬᠠᠤᠯᠢ᠂ ᠳᠦᠷᠢᠮ᠂ ᠵᠢᠷᠤᠮ - ᠴᠠᠯᠢᠩ ᠬᠥᠯᠦᠰᠦ ᠪᠠᠭ᠎ ᠊ᠠ᠋᠂ ᠠᠮᠢᠵᠢᠷᠠᠭᠠᠨ ᠊ᠤ ᠥᠷᠲᠡᠭ ᠥᠨᠳᠦᠷ᠂ ᠶᠠᠳᠠᠭᠤᠷᠠᠯ᠂ ᠲᠥᠷᠦ ᠊ᠢᠢᠨ ᠠᠯᠪᠠᠨ ᠊ᠤ ᠶᠣᠰᠤ ᠵᠦᠢ ᠊ᠢᠢᠨ ᠳᠣᠷᠤᠢᠢᠲᠠᠯ - ᠰᠶᠢᠳᠪᠦᠷᠢ ᠭᠠᠷᠭᠠᠬᠤ ᠊ᠳᠤ ᠠᠯᠪᠠᠨ ᠲᠤᠰᠢᠶᠠᠯᠲᠠᠨ ᠊ᠤ ᠬᠤᠪᠢ ᠊ᠢᠢᠨ ᠦᠵᠡᠯ ᠪᠣᠳᠤᠯ᠂ ᠨᠥᠯᠦᠭᠡᠯᠡᠬᠦ ᠣᠷᠣᠨ ᠵᠠᠢ ᠶᠡᠬᠡ ᠭᠡᠬᠦ ᠮᠡᠲᠦ ᠰᠢᠯᠲᠠᠭᠠᠨ ᠨᠤᠭᠤᠳ ᠨᠡᠷᠡᠯᠡᠵᠦ ᠪᠣᠯᠮᠤᠢ᠃ ᠠᠪᠯᠢᠭ ᠊ᠠ᠋ ᠲᠤ ᠣᠷᠣᠯᠴᠠᠭᠴᠢᠳ ᠭᠣᠣᠯᠳᠠᠭᠤ ᠳᠠᠯᠳᠠ ᠬᠡᠯᠪᠡᠷᠢ ᠪᠡᠷ ᠬᠤᠤᠪᠢᠯᠳᠤᠨ ᠦᠢᠯᠡᠳᠳᠡᠭ᠃ ᠮᠣᠩᠭᠣᠯ ᠤᠯᠤᠰ ᠤᠨ ᠬᠠᠤᠯᠢ ᠳᠤ ᠠᠪᠯᠢᠭ ᠊ᠠ᠋ ᠠᠪᠤᠭᠰᠠᠨ᠂ ᠥᠭᠭᠦᠭᠰᠡᠨ᠂ ᠵᠠᠭᠤᠴᠢᠯᠠᠭᠰᠠᠨ ᠡᠲᠡᠭᠡᠳ ᠦᠳ ᠲᠦ ᠡᠷᠡᠭᠦᠦ ᠶᠢᠨ ᠬᠠᠷᠢᠭᠤᠴᠠᠯᠭ᠎ᠠ ᠬᠦᠯᠢᠶᠡᠯᠭᠡᠬᠦ ᠪᠡᠷ ᠬᠠᠤᠯᠢᠴᠢᠯᠠᠭᠰᠠᠨ ᠪᠠᠶᠢᠳᠠᠭ᠃ ᠭᠡᠲᠡᠯ᠎ᠡ ᠬᠡᠵᠢᠶ᠎ᠡ ᠴᠤ ᠠᠪᠯᠢᠭ ᠊ᠠ᠋ ᠥᠭᠭᠦᠭᠰᠡᠨ ᠬᠦᠮᠦᠰ ᠨᠢᠭᠡ ᠨᠢ ᠨᠥᠭᠥᠭᠡ ᠶᠢᠨ ᠢᠶᠡᠨ ᠡᠰᠡᠷᠡᠭ ᠡᠷᠭᠦᠳᠡᠯ ᠭᠣᠮᠣᠳᠠᠯ ᠭᠠᠷᠭᠠᠳᠠᠭ ᠦᠭᠡᠢ᠃ ᠶᠠᠭᠠᠬᠢᠭᠠᠳ ᠭᠡᠪᠡᠯ ᠨᠢᠭᠡ ᠨᠢ ᠠᠯᠪᠠᠨ ᠲᠤᠰᠢᠶᠠᠯ ᠢᠶᠠᠨ ᠠᠰᠢᠭᠯᠠᠭᠠᠳ ᠠᠰᠢᠭ ᠣᠯᠴᠢᠬᠠᠭᠰᠠᠨ᠂ ᠨᠢᠭᠡ ᠨᠢ ᠠᠪᠯᠢᠭ ᠊ᠠ᠋ ᠥᠭᠭᠦᠭᠡᠳ ᠥᠪᠡᠷ ᠦᠨ ᠠᠰᠢᠭ ᠢᠶᠠᠨ ᠣᠯᠴᠢᠬᠠᠭᠰᠠᠨ ᠪᠠᠶᠢᠬᠤ ᠳᠤ ᠵᠠᠷᠭᠤᠯᠳᠤᠬᠤ ᠶᠠᠮᠠᠷ ᠴᠤ ᠱᠠᠭᠠᠷᠳᠠᠯᠭ᠎ᠠ ᠪᠠᠶᠢᠬᠤ ᠦᠭᠡᠢ᠃ ᠲᠡᠭᠡᠭᠡᠳ ᠠᠪᠯᠢᠭ ᠊ᠠ᠋ ᠠᠪᠤᠭᠰᠠᠨ ᠬᠦᠮᠦᠨ ᠢ ᠨᠢ ᠰᠢᠳᠬᠡᠳᠡᠭ ᠬᠠᠤᠯᠢ ᠲᠠᠢ ᠪᠠᠶᠢᠬᠤ ᠦᠭᠡᠢ ᠪᠣᠯ ᠬᠡᠨ ᠠᠪᠯᠢᠭ ᠊ᠠ᠋ ᠠᠪᠴᠢᠬᠠᠯ᠎ᠠ᠂ ᠥᠭᠴᠢᠬᠡᠭᠡᠳ᠂ ᠵᠠᠭᠤᠴᠢᠯᠠᠴᠢᠬᠠᠭᠠᠳ ᠪᠢ ᠠᠪᠤᠯ ᠶᠢᠨ ᠬᠡᠷᠡᠭ ᠬᠡᠶᠢᠴᠢᠬᠡᠯ᠎ᠡ ᠭᠡᠳ ᠥᠪᠡᠷ ᠢ ᠪᠡᠨ ᠪᠠᠷᠢᠵᠤ ᠥᠭᠬᠦ ᠪᠢᠯᠡ ᠳ᠋ᠡ! ᠠᠪᠯᠢᠭ ᠊ᠠ᠋ ᠨᠢ ᠨᠡᠶᠢᠭᠡᠮ ᠤᠨ ᠡᠳ᠋ ᠊ᠦᠨ ᠵᠠᠰᠠᠭ ᠤᠨ ᠬᠦᠷᠢᠶᠡᠨ ᠳᠦ᠂ ᠤᠯᠤᠰ ᠲᠥᠷᠥ ᠶᠢᠨ ᠬᠦᠷᠢᠶᠡᠨ ᠳᠦ᠂ ᠬᠠᠤᠯᠢᠵᠦᠢ ᠣᠶᠤᠨ ᠰᠠᠨᠠᠭᠠᠨ ᠤ ᠬᠦᠷᠢᠶᠡᠨ ᠳᠦ ᠭᠡᠳ ᠨᠡᠶᠢᠭᠡᠮ ᠳᠦ ᠪᠦᠬᠦᠯᠢ ᠳᠦ ᠨᠢ ᠬᠣᠣᠷ ᠬᠥᠨᠥᠭᠡᠯ ᠠᠪᠴᠢᠷᠠᠵᠤ ᠴᠢᠳᠠᠳᠠᠭ ᠬᠣᠣᠷᠲᠤ ᠦᠵᠡᠭᠳᠡᠯ ᠶᠤᠮ᠃

ᠠᠪᠯᠢᠭᠠᠴᠢᠳ ᠊ᠤᠨ
ᠢᠷᠡᠭᠡᠳᠦᠢ


ᠡᠬᠢ
ᠰᠤᠷᠪᠤᠯᠵᠢ

https://www.transparency.org/what-is-corruption
ᠠᠪᠯᠢᠭ ᠊ᠠ᠋ ᠊ᠢᠢᠨ ᠡᠰᠡᠷᠭᠦ ᠬᠠᠤᠯᠢ www.legalinfo.mn
https://www.unodc.org/pdf/crime/corruption/Handbook.pdf United Nations Handbook on Practical Anti-Corruption Measures for Prosecutors and Investigators. Vienna, September 2004
http://vip76.mn

ᠰᠡᠳᠬᠢᠭᠳᠡᠯ

<Comments/>

ᠲᠦᠯᠬᠢᠭᠦᠷ
ᠦᠭᠡᠰ

ᠠᠪᠯᠢᠭᠠᠯ
авлига
авлигал
авилгал
коррупция