ᠶᠡᠬᠡ ᠥᠭᠭᠦᠭᠳᠡᠯ

Wikibilig-с
21:06, 5 Хоёрдугаар сар 2022-ий байдлаарх Uranbilig (яриа | оруулсан хувь нэмэр) хэрэглэгчийн хийсэн залруулга

ᠶᠡᠬᠡ ᠥᠭᠭᠦᠭᠳᠡᠯ ᠭᠡᠳᠡᠭ ᠢᠨᠦ ᠲᠥᠷᠥᠯ ᠵᠥᠢᠯ ᠣᠯᠠᠨ ᠲᠠᠢ᠂ ᠬᠡᠮᠵᠢᠶ ‍ᠡ᠋ ᠨᠢ ᠲᠠᠰᠣᠷᠠᠯᠲᠠ ᠥᠭᠡᠢ ᠶᠡᠬᠡᠰᠬᠥ᠂ ᠥᠨᠳᠥᠷ ᠬᠤᠷᠳᠤ ᠲᠠᠢ ᠪᠥᠥᠳᠥᠭᠡᠭᠳᠡᠬᠦ ᠥᠭᠭᠥᠭᠳᠡᠯ ᠶᠤᠮ᠃[1]
ᠶᠡᠬᠡ ᠥᠭᠭᠥᠭᠳᠡᠯ ᠨᠢ ᠬᠡᠮᠵᠢᠶ ‍ᠡ᠋ ᠪᠣᠯᠤᠨ ᠲᠥᠷᠦᠯ ᠠᠩᠭᠢ ‍ᠢᠢᠨ ᠬᠤᠪᠢ ‍ᠳᠤ ᠤᠯᠠᠮᠵᠢᠯᠠᠯᠲᠤ ᠥᠭᠭᠥᠭᠳᠡᠯ ᠊ᠥᠨ ᠰᠠᠩ ‍ᠣᠨ ᠰᠠᠭᠠᠳ ᠦᠭᠡᠢ ᠪᠣᠯᠪᠠᠰᠤᠷᠠᠭᠤᠯᠵᠤ ᠴᠢᠳᠠᠬᠤ ᠬᠢᠵᠠᠭᠠᠷ ᠡᠴᠡ ᠬᠠᠯᠢᠭᠰᠠᠨ ᠥᠭᠭᠥᠭᠳᠡᠯ ᠪᠢᠯᠡ᠃ ᠶᠡᠬᠡ ᠥᠭᠭᠦᠭᠳᠡᠯ ᠨᠢ ᠶᠠᠬᠡ ᠠᠭᠠᠭᠤᠯᠣᠮᠵᠢ᠂ ᠥᠨᠳᠦᠷ ᠬᠤᠷᠲᠤ᠂ ᠣᠯᠠᠨ ᠵᠥᠢᠯ ᠠᠩᠭᠢ ᠭᠡᠰᠡᠨ ᠣᠨᠴᠠᠯᠢᠭ ᠰᠢᠨᠴᠢ ᠨᠦᠭᠦᠳ ᠲᠠᠢ᠃[2]


ᠲᠠᠪᠤᠨ "V"


align: top
ᠶᠡᠬᠡ ᠥᠭᠭᠦᠭᠳᠡᠯ ‍ᠦᠨ ᠬᠡᠮᠵᠢᠶ ‍ᠡ᠋᠂ ᠬᠤᠷᠳᠤ᠂ ᠣᠯᠠᠨ ᠲᠥᠷᠦᠯᠲᠦ ᠪᠠᠢᠢᠳᠠᠯ ‍ᠤᠨ ᠣᠰᠦᠯᠲᠡ


ᠶᠡᠬᠡ ᠥᠭᠭᠦᠭᠳᠡᠯ ‍ᠢ ᠲᠠᠪᠤᠨ "V" ᠬᠡᠮᠡᠬᠦ ᠲᠠᠪᠤᠨ ᠰᠢᠨᠵᠢ ᠪᠠᠢᠢᠳᠠᠯ ‍ᠢᠢᠠᠷ ᠲᠣᠳᠤᠷᠬᠠᠢᠯᠠᠨ ᠳᠦᠷᠰᠦᠯᠡᠳᠡᠭ᠃


ᠬᠡᠮᠵᠢᠶ᠎ᠡ (Volume) ᠄ ᠻᠣᠮᠫᠠᠨᠢ ‍ᠢᠢᠨ ᠵᠣᠬᠢᠴᠠᠭᠤᠯᠵᠤ᠂ ᠰᠢᠨᠵᠢᠯᠡᠵᠦ᠂ ᠪᠣᠯᠪᠠᠰᠤᠷᠠᠭᠤᠯᠵᠤ ᠪᠤᠢ ᠶᠡᠬᠡ ᠥᠭᠭᠦᠭᠳᠡᠯ ‍ᠦᠨ ᠬᠡᠮᠵᠢᠶ ‍ᠡ᠋᠃

ᠦᠨ᠎ᠡ ᠴᠡᠨ᠎ᠡ (Value)᠄ ᠪᠢᠽᠢᠨ᠍ᠧᠰ ᠦᠨ ᠡᠭᠦᠳᠡᠨ ᠡᠴᠡ ᠡᠨᠡ ᠪᠣᠯ ᠬᠠᠮᠤᠭ ᠤᠨ ᠴᠢᠬᠤᠯᠠ "V" ᠪᠣᠯᠤᠨ᠎ᠠ᠃ ᠶᠡᠬᠡ ᠥᠭᠭᠥᠭᠳᠡᠯ ᠦᠨ ᠦᠨ᠎ᠡ ᠴᠡᠨ᠎ᠡ ᠨᠢ ᠶᠡᠬᠡᠪᠴᠢᠯᠡᠨ ᠦᠢᠯᠡ ᠠᠵᠢᠯᠯᠠᠭᠠᠨ ᠤ ᠦᠷ᠎ᠡ ᠪᠦᠲᠦᠭᠡᠯ ᠢ ᠰᠠᠶ᠋ᠢᠵᠢᠷᠠᠭᠤᠯᠬᠤ᠂ ᠦᠢᠯᠡᠴᠢᠯᠡᠭᠦᠯᠦᠭᠴᠢᠳ ᠲᠡᠢ ᠬᠠᠷᠢᠯᠴᠠᠭ᠎ᠠ ᠪᠠᠨ ᠪᠡᠬᠢᠵᠢᠭᠦᠯᠬᠦ ᠵᠡᠷᠭᠡ ᠪᠢᠽᠢᠨ᠍ᠧᠰ ᠲᠦ ᠪᠤᠢ ᠪᠣᠯᠬᠤ ᠲᠣᠳᠣᠷᠬᠠᠢ ᠪᠥᠭᠡᠳ ᠲᠣᠭ᠎ᠠ ᠪᠠᠷ ᠢᠯᠡᠷᠬᠡᠶ᠋ᠢᠯᠡᠬᠦᠶ᠋ᠢᠴᠡ ᠦᠷ᠎ᠡ ᠰᠢᠮ᠎ᠡ ᠶᠢ ᠠᠪᠴᠢᠷᠠᠬᠤ ᠰᠢᠨ᠎ᠡ ᠮᠡᠳᠡᠯᠭᠡ ᠣᠶ᠋ᠢᠯᠠᠭᠠᠯᠲᠠ ᠳᠦ ᠣᠷᠣᠰᠢᠨ᠎ᠠ᠃

ᠣᠯᠠᠨ ᠲᠥᠷᠦᠯᠲᠦ (Variety)᠄ ᠪᠦᠲᠦᠴᠡ ᠦᠭᠡᠢ ᠪᠣᠯᠤᠨ ᠬᠠᠭᠠᠰ ᠪᠦᠲᠦᠴᠡ ᠲᠡᠢ ᠥᠭᠭᠥᠭᠳᠡᠯ᠂ ᠲᠡᠭᠦᠬᠡᠢ ᠥᠭᠭᠥᠭᠳᠡᠯ ᠵᠡᠷᠭᠡ ᠣᠯᠠᠨ ᠶᠠᠩᠵᠤ ᠪᠠᠶ᠋ᠢᠳᠠᠯ᠂ ᠬᠦᠷᠢᠶ᠎ᠡ᠃

ᠬᠤᠷᠳᠤ (Velocity)᠄ ᠻᠣᠮᠫᠠᠨᠢ ᠨᠤᠭᠤᠳ ᠤᠨ ᠮᠡᠳᠡᠭᠡᠯᠡᠯ ᠬᠦᠯᠢᠶᠡᠨ ᠠᠪᠴᠤ᠂ ᠬᠠᠳᠠᠭᠠᠯᠠᠵᠤ᠂ ᠪᠣᠯᠪᠠᠰᠤᠷᠠᠭᠤᠯᠵᠤ ᠪᠠᠶ᠋ᠢᠭ᠎ᠠ ᠬᠤᠷᠳᠤ᠃ ᠵᠢᠱᠢᠶᠡᠯᠡᠪᠡᠯ᠂ ᠨᠢᠭᠡ ᠡᠳᠦᠷ᠂ ᠴᠠᠭ᠂ ᠬᠤᠭᠤᠴᠠᠭᠠᠨ ᠤ ᠠᠯᠢᠪᠠ ᠨᠢᠭᠡᠴᠡ ᠶᠢᠨ ᠳᠣᠲᠣᠷ᠎ᠠ ᠬᠦᠯᠢᠶᠡᠨ ᠠᠪᠤᠭᠰᠠᠨ ᠣᠯᠠᠨ ᠨᠡᠶ᠋ᠢᠲᠡ ᠶᠢᠨ ᠰᠦᠯᠵᠢᠶᠡᠨ ᠳ᠋ᠡᠬᠢ ᠨᠡᠶ᠋ᠢᠲᠡᠯᠡᠯ᠂ ᠬᠠᠶ᠋ᠢᠯᠲᠠ ᠶᠢᠨ ᠲᠣᠭ᠎ᠠ᠃

ᠦᠨᠡᠨ ᠪᠣᠳᠠᠲᠤ (Veracity)᠄ ᠥᠭᠭᠥᠭᠳᠡᠯ᠂ ᠮᠡᠳᠡᠭᠡᠯᠡᠯ ᠦᠨ "ᠦᠨᠡᠨ" ᠪᠤᠶᠤ ᠨᠢᠭᠲᠠ ᠨᠢᠮᠪᠠᠢ ᠪᠠᠶ᠋ᠢᠳᠠᠯ ᠭᠦᠢᠴᠡᠳᠭᠡᠬᠦ ᠲᠦᠪᠰᠢᠨ ᠦ ᠢᠲᠡᠭᠡᠯ ᠲᠡᠢ ᠦᠢᠯᠡ ᠠᠵᠢᠯᠯᠠᠭ᠎ᠠ ᠶᠠᠪᠤᠭᠤᠯᠬᠤ ᠳᠤ ᠨᠥᠯᠦᠭᠡᠯᠡᠳᠡᠭ᠃


ᠨᠡᠮᠡᠵᠦ ᠦᠵᠡᠵᠦ ᠪᠣᠯᠬᠤ ᠪᠠᠰᠠ ᠨᠢᠭᠡ ᠦᠵᠡᠭᠦᠯᠦᠯᠲᠡ ᠨᠢ ᠬᠤᠪᠢᠰᠤᠮᠵᠢ ᠶᠤᠮ᠄

ᠬᠤᠪᠢᠰᠤᠮᠵᠢ (Variability)᠄ ᠻᠣᠮᠫᠠᠨᠢ ᠨᠤᠭᠤᠳ ᠤᠨ ᠣᠯᠵᠤ ᠠᠪᠬᠤ᠂ ᠪᠣᠯᠪᠠᠰᠤᠷᠠᠭᠤᠯᠬᠤ᠂ ᠰᠢᠨᠵᠢᠯᠡᠬᠦ ᠶᠢ ᠡᠷᠢᠯᠬᠢᠯᠡᠳᠡᠭ ᠥᠭᠭᠥᠭᠳᠡᠯ ᠦᠨ ᠬᠤᠪᠢᠰᠮᠠᠲᠠᠭᠠᠢ ᠴᠢᠨᠠᠷ᠃ ᠵᠢᠱᠢᠶᠡᠯᠡᠪᠡᠯ᠂ ᠪᠢᠴᠢᠪᠦᠷᠢ ᠶᠢᠨ ᠰᠢᠨᠵᠢᠯᠡᠯ ᠳᠦ ᠲᠦᠯᠬᠢᠭᠦᠷ ᠦᠭᠡ᠂ ᠬᠡᠯᠡᠯᠭᠡ ᠶᠢᠨ ᠤᠳᠬ᠎ᠠ ᠳᠤ ᠣᠷᠣᠵᠤ ᠪᠤᠢ ᠥᠭᠡᠷᠡᠴᠢᠯᠡᠯᠲᠡ᠃[3]

ᠲᠡᠢᠢᠨ ᠪᠦᠲᠦᠴᠡ (architecture)

ᠶᠡᠬᠡ ᠥᠭᠭᠥᠭᠳᠡᠯ ᠦᠨ ᠠᠷᠻᠢᠲ᠋ᠧᠻᠲ᠋ᠦ᠌ᠷ ᠨᠢ ᠤᠯᠠᠮᠵᠢᠯᠠᠯᠲᠤ ᠥᠭᠭᠥᠭᠳᠡᠯ ᠦᠨ ᠰᠠᠩ ᠤᠨ ᠰᠢᠰᠲ᠋ᠧᠮ ᠳᠦ ᠬᠡᠲᠦ ᠶᠡᠬᠡᠳᠡᠭᠰᠡᠨ᠂ ᠡᠰᠡᠪᠡᠯ ᠪᠣᠯᠪᠠᠰᠤᠷᠠᠭᠤᠯᠬᠤ ᠬᠦᠴᠦᠨ ᠴᠢᠳᠠᠯ ᠨᠢ ᠦᠯᠦ ᠬᠦᠷᠬᠦ ᠥᠭᠭᠥᠭᠳᠡᠯ ᠢ ᠬᠦᠯᠢᠶᠡᠨ ᠠᠪᠬᠤ᠂ ᠪᠣᠯᠪᠠᠰᠤᠷᠠᠭᠤᠯᠬᠤ᠂ ᠰᠢᠨᠵᠢᠯᠡᠬᠦ ᠳᠦ ᠵᠣᠷᠢᠭᠤᠯᠤᠭᠳᠠᠭᠰᠠᠨ᠃


ᠡᠬᠢ ᠰᠤᠷᠪᠤᠯᠵᠢ

  1. What is Big Data? at Oracle Cloud Infrastructure. ᠬᠠᠨᠳᠤᠭᠰᠠᠨ 2022/01/30 https://www.oracle.com/big-data/what-is-big-data/
  2. Big data analytics. IBM. ᠬᠠᠨᠳᠤᠭᠰᠠᠨ 2022/01/30 https://www.ibm.com/analytics/big-data-analytics
  3. What are the 5 V's of Big Data? ᠬᠠᠨᠳᠤᠭᠰᠠᠨ 2022/02/04 Teradata. https://www.teradata.com/Glossary/What-are-the-V-s