Янгир

Wikibilig-с
05:09, 2 Наймдугаар сар 2020-ий байдлаарх Amin Sudulal (яриа | оруулсан хувь нэмэр) хэрэглэгчийн хийсэн залруулга

ᠶᠠᠩᠭᠢᠷ




ᠶᠠᠩᠭᠢᠷ
ᠰᠢᠩᠵᠢᠯᠡᠬᠦ ᠤᠬᠠᠭᠠᠨ ᠊ᠤ ᠠᠩᠭᠢᠯᠠᠯ
ᠠᠢᠢᠮᠠᠭ ᠠᠮᠢᠲᠠᠨ
ᠬᠦᠷᠢᠶ ᠊ᠡ᠋ ᠬᠥᠪᠴᠢᠲᠡᠨ
ᠠᠩᠬᠢ ᠬᠥᠬᠦᠲᠡᠨ
ᠪᠠᠭ ᠲᠤᠷᠤᠭᠤᠲᠠᠨ
ᠣᠪᠤᠭ ᠲᠤᠭᠤᠯᠮᠠᠶᠢᠲᠠᠨ ‍ᠤ ᠬᠢᠨ (Bovidae)
ᠲᠥᠷᠦᠯ Capra (ᠢᠮᠠᠭ᠍ᠠ᠋)
ᠵᠦᠢᠯ C. sibirica
ᠯᠠᠲ᠋ᠢᠨ᠍ ᠨᠡᠷ ᠊ᠡ᠋
=Capra sibirica

(Pallas, 1776)


ᠮᠣᠩᠭᠣᠯ ᠣᠷᠥᠨ ‍ᠣ ᠶᠠᠩᠭᠢᠷ ᠨᠢ Siberian ibex, Altai ibex, Gobi ibex ᠭᠡᠬᠥᠴᠢᠯᠡᠨ ᠬᠡᠯᠡᠭᠳᠡᠳᠡᠭ ᠪᠠᠢᠢᠨ᠌ᠠ᠋᠃ ᠶᠠᠩᠭᠢᠷ ᠣᠯᠠᠨ ᠵᠦᠢᠯ ᠦᠨ ᠠᠮᠢᠲᠠᠨ ‍ᠣ ᠬᠤᠪᠢ ᠳᠤ ᠴᠢᠬᠤᠯᠠ ᠠᠩ ᠨᠢ ᠪᠠᠶᠢᠳᠠᠭ. Fedosenko, Blank ᠨᠠᠷ ᠨᠢᠭᠡᠨ ᠢᠷᠪᠢᠰ ᠦᠨ ᠠᠨ ᠭᠥᠷ ᠢᠶᠡᠨ ᠬᠢᠵᠦ ᠶᠠᠪᠤᠭᠰᠠᠨ 14 ᠻᠢᠯᠣᠮᠧᠲ᠋ᠷ ᠵᠠᠮ ᠳᠤ 30 ᠶᠠᠩᠭᠢᠷ ᠤᠨ ᠰᠡᠭ ᠵᠡᠮ ᠢᠯᠡᠷᠡᠭᠦᠯᠵᠡᠢ᠃ ᠢᠷᠪᠢᠰ ᠪᠣᠯ ᠶᠠᠩᠭᠢᠷ ᠢ ᠬᠠᠮᠤᠭ ᠤᠨ ᠶᠡᠬᠡ ᠠᠩᠨᠠᠳᠠᠭ ᠮᠢᠬᠠᠴᠢᠨ ᠶᠤᠮ᠃ ᠶᠠᠩᠭᠢᠷ ᠡᠻᠲ᠋ᠣᠫᠠᠷᠠᠽᠢᠲ ᠪᠠ ᠡᠩᠳᠣᠫᠠᠷᠠᠽᠢᠲ ᠣᠯᠠᠨ ᠣᠷᠭᠠᠨᠢᠰᠮ ᠤᠨ ᠵᠦᠢᠯ ᠢ ᠠᠭᠤᠯᠠᠳᠠᠭ᠃ ᠡᠻᠲ᠋ᠣᠫᠠᠷᠠᠽᠢᠲ ᠲᠠᠢ ᠲᠤᠯᠠ ᠱᠠᠭᠠᠵᠠᠭᠠᠢ (Pica pica) ᠪᠣᠯᠤᠨ ᠪᠤᠰᠤᠳ ᠰᠢᠪᠠᠭᠤᠳ ᠲᠠᠢ ᠰᠢᠮᠪᠢᠣᠽ ᠬᠠᠷᠢᠯᠴᠠᠭ᠎ᠠ ᠡᠭᠦᠰᠳᠡᠭ᠃ ᠲᠡᠳᠡᠭᠡᠷ ᠰᠢᠪᠠᠭᠤᠳ ᠨᠢ ᠶᠠᠩᠭᠢᠷ ᠤᠨ ᠪᠡᠶ᠎ᠡ ᠳᠡᠭᠡᠷᠡᠬᠢ ᠬᠦᠨᠡᠰᠦ ᠶᠢ ᠢᠳᠡᠬᠦ ᠪᠠ ᠬᠠᠷᠢᠨ ᠶᠠᠩᠭᠢᠷ ᠡᠶᠢᠮᠦ ᠠᠷᠭ᠎ᠠ ᠪᠠᠷ ᠪᠡᠶ᠎ᠡ ᠪᠡᠨ ᠴᠡᠪᠡᠷᠯᠡᠭᠦᠯᠵᠦ᠂ ᠢᠩᠭᠢᠵᠦ ᠬᠠᠷᠢᠯᠴᠠᠨ ᠪᠡᠶ᠎ᠡ ᠪᠡᠶᠡᠳᠡᠭᠡ ᠲᠤᠰᠠᠲᠠᠢ ᠠᠮᠢᠳᠤᠷᠠᠳᠠᠭ ᠪᠠᠶᠢᠨ᠎ᠠ᠃ ᠲᠠᠷᠬᠠᠨ ᠪᠡᠯᠴᠢᠭᠡᠷᠯᠡᠳᠡᠭ ᠨᠤᠲᠤᠭ ᠲᠤ ᠪᠠᠨ ᠶᠠᠩᠭᠢᠷ ᠡᠪᠡᠰᠦ ᠨᠣᠭᠣᠭ᠎ᠠ ᠢᠳᠡᠵᠦ᠂ ᠤᠷᠭᠤᠮᠠᠯᠠᠰᠢᠯ ᠳᠤ ᠨᠥᠯᠦᠭᠡᠯᠡᠳᠡᠭ᠃ ᠲᠤᠬᠠᠢ ᠶᠢᠨ ᠠᠭᠣᠯᠠ ᠤᠨ ᠪᠥᠰᠡ ᠳᠦ ᠠᠮᠢᠳᠤᠷᠠᠭᠴᠢ ᠪᠤᠰᠤᠳ ᠲᠤᠷᠤᠭᠤᠲᠠᠨ ᠠᠮᠢᠲᠠᠨ ᠤ ᠵᠦᠢᠯ ᠦᠳ ᠲᠡᠢ ᠪᠡᠯᠴᠢᠭᠡᠷ ᠨᠢ ᠳᠠᠪᠬᠤᠴᠠᠬᠤ ᠨᠢ ᠬᠣᠪᠣᠷ ᠤᠴᠢᠷ ᠠᠴᠠ ᠨᠣᠴᠢᠲᠠᠢ ᠥᠷᠢᠰᠦᠯᠳᠦᠳᠡᠭ ᠦᠭᠡᠢ᠃

ᠮᠣᠩᠭᠣᠯ
ᠶᠠᠩᠭᠢᠷ