ᠬᠢᠶᠠᠭᠲᠤ ‍ᠢᠢᠨ ᠭᠡᠷ ‍ ‍ᠡ᠋᠂ ᠋1915

Wikibilig-с
14:00, 6 Есдүгээр сар 2020-ий байдлаарх Пүрэвбадрал (яриа | оруулсан хувь нэмэр) хэрэглэгчийн хийсэн залруулга

ᠬᠢᠶᠠᠭᠲᠤ ‍ᠢᠢᠨ ᠭᠡᠷ᠎ ‍ᠡ᠋

ᠠᠷᠤ
ᠪᠠ
ᠥᠪᠦᠷ
ᠮᠣᠩᠭᠣᠯ
1914
ᠣᠨ ᠳ᠋ᠤ

1915 ᠣᠨ ‍ᠤ ᠬᠢᠶᠠᠭᠲᠤ ‍ᠢᠢᠨ ᠭᠤᠷᠪᠠᠨ ᠤᠯᠤᠰ ‍ᠤᠨ ᠭᠡᠷ ᠎‍ᠡ᠋ ᠨᠢ ᠻᠣᠯᠣᠨᠤᠴᠢᠯᠠᠯ ᠢᠳᠡ ᠨᠣᠶᠠᠷᠬᠠᠵᠦ ᠪᠠᠶ᠋ᠢᠭᠰᠠᠨ ᠴᠠᠭ ᠦᠶ ‍ᠡ᠋ ‍ᠳᠦ ᠶᠡᠬᠡ ᠭᠦᠷᠦᠨ ᠨᠦᠭᠦᠳ ᠪᠠᠬ᠋᠎‍ᠠ᠋ ᠪᠠᠭᠤᠷᠠᠢ ᠣᠷᠣᠨ᠌‍ᠠ᠋ ᠦᠪᠡᠷ ‍ᠢᠢᠨ ᠬᠦᠰᠡᠯ ᠡᠷᠡᠮᠡᠯᠵᠡᠯ ‍ᠢ ᠲᠤᠯᠬᠭᠠᠨ ᠬᠦᠯᠢᠶᠡᠯᠭᠡᠳᠡᠭ ᠡᠷᠬᠡ ᠲᠡᠭᠰᠢ ᠪᠤᠰᠤ ᠵᠠᠷᠴᠢᠮ ᠦᠢᠯᠡᠴᠢᠯᠡᠵᠦ ᠪᠠᠶ᠋ᠢᠬᠤ ᠳ᠋ᠤ ᠬᠢᠭᠳᠡᠭᠰᠡᠨ᠃ ᠬᠢᠶᠠᠭᠲᠤ ‍ᠢᠢᠨ ᠭᠡᠷ ‍ᠡ᠋ ᠡᠴᠡ ᠡᠮᠦᠨ᠌‍ᠡ᠋᠂ 1913 ᠣᠨ ‍ᠳᠤ ᠣᠷᠣᠰ᠂ ᠬᠢᠲᠠᠳ ᠬᠣᠶᠠᠷ ᠮᠣᠩᠭᠤᠯ ‍ᠤᠨ ᠠᠰᠠᠭᠤᠳᠠᠯ ‍ᠢᠢᠠᠷ ᠲᠤᠰᠬᠠᠢ ᠭᠡᠷ ‍ᠡ᠋ ᠪᠠᠶ᠋ᠢᠭᠤᠯᠤᠭᠠᠳ ᠪᠠᠶ᠋ᠢᠪᠠ᠃ ᠲᠡᠷᠡᠬᠦ ᠭᠡᠷ ‍ᠡ᠋ ᠪᠡᠷ ᠮᠣᠩᠭᠤᠯ ᠬᠢᠲᠠᠳ ‍ᠤᠨ ᠡᠵᠡᠨ ᠡᠷᠬᠡ ‍ᠢᠢᠨ ᠳᠣᠣᠷ ‍ᠠ᠋ ᠣᠷᠤᠰᠢᠬᠣ ᠦᠪᠡᠷ ᠲᠡᠭᠡᠨ ᠵᠠᠰᠠᠬᠤ ᠡᠷᠬᠡᠲᠦ ᠤᠯᠤᠰ ᠪᠠᠶ᠋ᠢᠬᠤ ᠪᠠᠷ ᠲᠣᠭᠲᠠᠵᠤᠬᠤᠢ᠃ ᠭᠤᠷᠪᠠᠨ ᠤᠯᠤᠰ ‍ᠤᠨ ᠬᠡᠯᠡᠯᠴᠡᠭᠡᠷ ᠶ᠋ᠢᠡᠷ ᠬᠣᠶᠠᠷ ᠲᠠᠯ᠎‍ᠠ᠋ ᠡᠭᠦᠨ ‍ᠢᠢᠡᠨ ᠮᠣᠩᠭᠤᠯ ‍ᠤᠨ ᠲᠠᠯ᠎‍ᠠ᠋ ‍ᠳᠦ ᠲᠤᠯᠬᠭᠠᠨ ᠬᠦᠯᠢᠶᠡᠯᠭᠡᠬᠦ ‍ᠢᠢ ᠭᠣᠣᠯ ᠵᠣᠷᠢᠯᠭ᠎‍ᠠ᠋ ᠪᠣᠯᠭᠠᠭᠰᠠᠨ ᠪᠢᠯᠡ᠃

ᠭᠡᠷ ‍ᠡ᠋ ‍ᠢᠢ ᠬᠡᠯᠡᠯᠴᠡᠬᠦ ᠶᠠᠪᠤᠴᠠ ‍ᠠ᠋ ᠭᠤᠷᠪᠠᠨ ᠲᠠᠯ᠎‍᠎‍ᠠ᠋ ᠤᠪᠡᠷ ᠤᠪᠡᠷᠰᠡᠳ ‍ᠦᠨ ᠪᠠᠢᠷᠢ ᠰᠠᠭᠤᠷᠢ ‍ᠢᠢ ᠬᠠᠲᠠᠭᠤ ᠪᠠᠷᠢᠮᠲᠠᠯᠠᠵᠤ᠂ ᠰᠠᠨᠠᠯ ᠶᠡᠬᠡᠬᠡᠨ ᠵᠦᠷᠢᠵᠦ ᠪᠠᠶ᠋ᠢᠪᠠ᠃ ᠲᠡᠢᠮᠦ ᠡᠴᠡ ᠬᠢᠶᠠᠭᠲᠤ ‍ᠢᠢᠨ ᠬᠡᠯᠡᠯᠴᠡᠭᠡᠷ 1914.08.26 ᠡᠴᠡ 1915.05.25 ᠬᠦᠷᠲᠡᠯ᠎‍ᠡ᠋ ᠪᠦᠲᠦᠨ ᠶᠢᠰᠦᠨ ᠰᠠᠷ ‍ᠠ᠋ ᠰᠤᠨᠵᠢᠷᠠᠨ ᠦᠷᠭᠦᠯᠵᠢᠯᠡᠵᠦᠬᠦᠢ᠃


ᠮᠣᠩᠭᠤᠯ᠄

᠆ ᠲᠤᠰᠠᠭᠠᠷ ᠲᠣᠭᠲᠠᠨᠢᠯ ‍ᠢᠢᠠᠨ ᠪᠠᠲᠤᠯᠠᠭᠠᠵᠢᠭᠤᠯᠬᠤ᠂ ᠮᠣᠩᠭᠤᠯ ᠤᠯᠤᠰ ᠳᠤ ᠨᠢᠭᠡᠳᠬᠦ ‍ᠢᠢ ᠪᠡᠨ ᠢᠯᠡᠷᠬᠡᠶ᠋ᠢᠯᠡᠡᠭᠰᠡᠨ ᠪᠤᠰᠤᠳ ᠮᠣᠩᠭᠤᠯᠴᠤᠳ ‍ᠢᠢᠠᠨ ᠦᠪᠡᠷ ᠲᠡᠭᠡᠨ ᠨᠢᠭᠡᠳᠬᠡᠨ ᠠᠪᠤᠬᠤ ‍ᠢᠢ ᠵᠣᠷᠢᠵᠤ ᠪᠠᠶ᠋ᠢᠪᠠ᠃

ᠬᠢᠲᠠᠳ ᠤᠯᠤᠰ᠄

᠆ ᠮᠣᠩᠭᠤᠯ ᠤᠯᠤᠰ ‍ᠢᠢᠠᠷ ᠤᠪᠡᠷ ‍ᠢᠢᠡᠷ ᠨᠢ ᠲᠤᠰᠠᠭᠠᠷ ᠲᠣᠭᠲᠠᠨᠢᠯ ‍ᠢ ᠨᠢ ᠬᠦᠴᠦᠨ ᠦᠭᠡᠢ ᠪᠣᠯᠭᠠᠭᠤᠯᠬᠤ᠂ ᠠᠷᠤ᠂ ᠦᠪᠦᠷ ᠮᠣᠩᠭᠤᠯ ‍ᠢ ᠦᠪᠡᠷ ‍ᠢᠢᠨ ᠮᠤᠵᠢ ‍ᠪᠠᠨ ᠪᠣᠯᠭᠠᠬᠤ᠂ ᠣᠯᠠᠨ᠌‍ᠠ᠋ ᠡᠷᠭᠦᠭᠳᠡᠭᠰᠡᠨ ᠣᠨ ‍ᠤ ᠴᠣᠯᠠ᠂ ᠬᠠᠭᠠᠨ ᠭᠡᠳᠡᠭ ᠴᠣᠯᠠ ‍ᠢᠢ ᠬᠡᠷᠡᠭᠯᠡᠬᠦ ᠦᠭᠡᠢ ᠪᠣᠯᠭᠠᠬᠤ ‍ᠢᠢ ᠵᠣᠷᠢᠪᠠᠢ᠃

ᠣᠷᠣᠰ ᠣᠯᠤᠰ᠄

᠆ ᠠᠷᠤ ᠮᠣᠩᠭᠤᠯ ‍ᠠ᠋ ᠬᠢᠲᠠᠳ ‍ᠤᠨ ᠡᠵᠡᠷᠬᠡᠢᠢᠯᠡᠯ ‍ᠢ ᠶᠣᠰᠣ ᠳᠡᠳᠦᠢ ᠲᠣᠭᠲᠠᠭᠠᠵᠤ᠂ 1912 ᠣᠨ ‍ᠳᠤ ᠮᠣᠩᠭᠤᠯ ᠲᠠᠢ ᠬᠢᠭᠰᠡᠨ ᠭᠡᠷ ‍ᠡ᠋ ᠪᠡᠷ ᠣᠯᠵᠤ ᠠᠪᠤᠭᠰᠠᠨ ᠤᠯᠤᠰ ᠲᠦᠷᠦ᠂ ᠡᠳ᠋ ‍ᠦᠨ ᠵᠠᠰᠠᠭ ‍ᠦᠨ ᠪᠠᠶ᠋ᠢᠷᠢ ᠰᠠᠭᠤᠷᠢ ‍ᠪᠠᠨ ᠠᠯᠳᠠᠬᠤ ᠦᠭᠡᠢ ᠪᠠᠶ᠋ᠢᠬᠤ ‍ᠢᠢ ᠡᠷᠡᠮᠡᠯᠵᠡᠵᠡᠢ᠃

ᠭᠤᠷᠪᠠᠨ ᠤᠯᠤᠰ ‍ᠤᠨ ᠭᠡᠷ ᠎‍ᠡ᠋ ᠪᠡᠷ ᠮᠣᠩᠭᠤᠯ ᠤᠯᠤᠰ ‍ᠤᠨ ᠲᠤᠰᠠᠭᠠᠷ ᠲᠣᠭᠲᠠᠨᠢᠯ᠂ ᠪᠢᠶ ‍ᠡ᠋ ᠳᠠᠭᠠᠭᠠᠭᠰᠠᠨ ᠪᠠᠶ᠋ᠢᠳᠠᠯ ‍ᠢ ᠬᠢᠵᠠᠭᠠᠷᠯᠠᠵᠤ᠂ ᠎〔〔ᠦᠪᠡᠷᠲᠡᠭᠡᠨ ᠡᠵᠡᠷᠬᠡᠬᠦ ᠡᠷᠬᠡ ᠭᠠᠳᠠᠭᠠᠳᠤ ᠮᠣᠩᠭᠤᠯ〕〕‍‍‍ ‍ᠤᠨ ᠬᠢᠯᠢ ‍ᠢᠢ ᠵᠦᠪᠬᠡᠨ ᠬᠠᠯᠬ᠎‍ᠠ᠋ ᠳᠦᠷᠪᠡᠨ ᠠᠶ᠋ᠢᠮᠠᠭ᠂ ᠬᠣᠪᠲᠤ ‍ᠢᠢᠨ ᠬᠢᠵᠠᠭᠠᠷ ‍ᠢᠢᠠᠷ ᠵᠠᠭᠠᠭᠯᠠᠵᠤ᠂ ᠮᠣᠩᠭᠤᠯᠴᠤᠳ ᠨᠢᠭᠡᠳᠦᠮᠡᠯ ᠨᠢᠭᠡ ᠤᠯᠤᠰ ᠪᠣᠯᠬᠤ ᠦᠢᠯᠡ ᠬᠡᠷᠡᠭ ‍ᠢ ᠬᠦᠴᠦ ‍ᠪᠡᠷ ᠲᠠᠰᠤᠯᠵᠡᠢ᠃ ᠢᠩᠭᠡᠭᠰᠡᠨ ‍ᠢᠢᠡᠷ ᠠᠷᠤ᠂ ᠦᠪᠦᠷ ᠵᠡᠷᠭᠡ ᠮᠣᠩᠭᠤᠯ ᠰᠠᠯᠠᠩᠬᠢ ᠲᠤᠰᠠᠭᠠᠷ ᠣᠷᠣᠰᠢᠬᠣ ‍ᠳᠤ ᠬᠦᠷᠴᠡᠢ᠃ ᠮᠦᠨ ᠭᠡᠷ ‍ᠡ᠋ ‍ᠳᠦ ᠭᠠᠳᠠᠭᠠᠳᠤ ᠮᠣᠩᠭᠤᠯ ‍ᠤᠨ ᠬᠢᠯᠢ ᠬᠢᠵᠠᠭᠠᠷ ‍ᠢ ᠶᠡᠷᠦᠩᠬᠡᠢ ‍ᠳᠡᠭᠡᠨ ᠬᠠᠮᠢᠬ᠋᠎‍ᠠ᠋ ᠡᠴᠡ ᠬᠠᠮᠢᠬ᠋᠎‍ᠠ᠋ ᠬᠦᠷᠬᠦ ‍ᠢᠢ ᠲᠣᠭᠤᠷᠬᠠᠶ᠋ᠢᠯᠠᠭᠠᠳ᠂ ᠭᠠᠷ ‍ᠤᠨ ᠦᠰᠦᠭ ᠵᠢᠷᠤᠭᠰᠠᠨ ᠡᠴᠡ ᠬᠣᠶ᠋ᠢᠰᠢ ᠬᠣᠶᠠᠷ ᠵᠢᠯ ‍ᠦᠨ ᠳᠣᠲᠤᠷ᠎ ‍ᠠ᠋ ᠭᠤᠷᠪᠠᠨ ᠲᠠᠯ᠎‍ᠠ᠋ ‍ᠢᠢᠨ ᠲᠦᠯᠦᠭᠡᠯᠡᠭᠴᠢᠳ ᠣᠷᠤᠯᠴᠠᠭᠰᠠᠨ ᠲᠤᠰᠬᠠᠢ ᠻᠣᠮᠢᠰᠰ ᠨᠠᠷᠢᠪᠴᠢᠯᠠᠨ ᠲᠣᠳᠤᠳᠬᠠᠬᠤ ᠪᠠᠷ ᠲᠣᠭᠲᠠᠭᠠᠵᠡᠢ᠃ ᠡᠨᠡ ᠵᠢᠭᠠᠯᠲᠠ ᠬᠡᠷᠡᠭᠵᠢᠯ ᠦᠭᠡᠢ ᠶᠠᠪᠤᠭᠰᠠᠭᠠᠷ 1945 ᠣᠨ ‍ᠳᠤ ᠵᠦᠪᠯᠡᠯᠲᠦ ᠬᠣᠯᠪᠤᠭᠠᠲᠤ ᠤᠯᠤᠰ᠂ ᠠᠮᠧᠷᠢᠻ ᠊ᠤᠨ ᠨᠢᠭᠡᠳᠦᠭᠰᠡᠨ ᠤᠯᠤᠰ᠂ ᠶᠡᠬᠡ ᠪᠷᠢᠲᠠᠨ ᠭᠤᠷᠪᠠᠨ ᠶᠡᠬᠡ ᠭᠦᠷᠦᠨ ‍ᠦ ᠤᠳᠠᠷᠢᠳᠤᠭᠴᠢᠳ ‍ᠤᠨ ᠶᠠᠯᠲ᠋ᠠ ‍ᠢᠢᠨ ᠪᠠᠬ᠋ ‍ᠠ᠋ ᠬᠤᠷᠠᠯ ᠳᠡᠭᠡᠷ᠎ ‍ᠡ᠋ ᠳᠠᠶ᠋ᠢᠨ ‍ᠤ ᠳᠠᠷᠠᠬ᠋᠎‍ᠠ᠋ ᠭᠠᠳᠠᠭᠠᠳᠤ ᠮᠣᠩᠭᠤᠯ ‍ᠤᠨ ᠪᠠᠶ᠋ᠢᠷᠢ ᠰᠠᠭᠤᠷᠢ ‍ᠢᠢ ᠣᠳᠤ᠎‍ ‍ᠠ᠋ ‍ᠢᠢᠨ ᠪᠠᠶ᠋ᠢᠭ᠎‍ᠠ᠋ ᠬᠢᠯᠢ ‍ᠪᠡᠷ ᠲᠣᠭᠳᠠᠭᠠᠬᠤ ᠰᠢᠢᠳᠪᠦᠷᠢ ᠭᠠᠷᠭᠠᠭᠰᠠᠨ ᠪᠠᠶ᠋ᠢᠨ᠌‍ᠠ᠋᠃

ᠬᠢᠶᠠᠭᠲᠤ ‍ᠶᠢᠨ
ᠭᠡᠷᠡᠨ ᠳ᠋ᠦ
ᠣᠷᠣᠯᠴᠠᠭᠰᠠᠳ᠃
ᠮᠣᠩᠭᠣᠯ ᠊ᠢ
ᠲᠥᠯᠦᠭᠡᠯᠡᠵᠦ
ᠰᠢᠷᠨᠢᠩᠳᠠᠮᠳᠢᠨ᠂
ᠴᠠᠭᠳᠤᠷᠵᠠᠪ

ᠲᠦᠯᠬᠢᠭᠦᠷ ᠦᠭᠡᠰ

Хиагтын гэрээ
хэлэлцээр
Гурван гүрний хэлэлцээр
Ялтын гэрээ
Ялтинская (Крымская) конференция союзных держав
Кяхтинский договор