Авлига

Wikibilig-с
(ᠠᠪᠯᠢᠭ ᠊ᠠ᠋-с чиглүүлэгдэв)
ᠠᠪᠯᠢᠭ᠎ ‍ᠠ᠋ ᠶ᠋ᠢᠨ
ᠡᠴᠦᠰ ᠦ᠋ᠨ
ᠬᠣᠬᠢᠷᠠᠭᠴᠢ ᠨᠢ
ᠠᠷᠠᠳ
ᠢᠷᠭᠡᠳ
ᠪᠠᠢᠢᠳᠠᠭ
ᠠᠪᠯᠢᠭ᠎ᠠ ᠪᠣᠯ ᠢᠲᠡᠭᠡᠵᠦ ᠣᠯᠭᠤᠭᠰᠠᠨ ᠡᠷᠬᠡ ᠮᠡᠳᠡᠯ ᠢ ᠬᠤᠪᠢ ᠢᠢᠨ ᠠᠰᠢᠭ ᠬᠣᠨᠵᠢᠶ᠎ᠠ ᠣᠯᠬᠤ ᠵᠣᠷᠢᠯᠭ᠎ᠠ ᠪᠠᠷ ᠤᠷᠪᠠᠭᠤᠯᠤᠨ ᠠᠰᠢᠭᠯᠠᠬᠤ ᠭᠡᠵᠦ ᠲᠣᠳᠤᠷᠬᠠᠢᠯᠠᠵᠡᠢ᠃ Transparency International ᠪᠠᠢᠭᠤᠯᠤᠯᠭ᠎ᠠ ᠠᠪᠯᠢᠭ᠎ᠠ ᠵᠢ ᠢᠩᠭᠢᠵᠦ ᠲᠣᠳᠤᠷᠬᠠᠢᠯᠠᠵᠡᠢ᠃ ᠲᠡᠭᠦᠨᠴᠢᠯᠡᠨ ᠠᠯᠳᠠᠭᠳᠠᠭᠰᠠᠨ ᠮᠥᠩᠭᠦᠨ ᠤ  ᠬᠡᠮᠵᠢᠢ᠎ᠠ ᠬᠢᠭᠡᠳ ᠬᠠᠮᠢᠭ᠎ᠠ ᠭᠡᠮᠲᠦ ᠦᠢᠯᠡᠳᠦᠯ ᠶᠠᠪᠣᠭᠳᠠᠵᠤ ᠪᠠᠢᠭ᠎ᠠ ᠡᠴᠡ ᠬᠠᠮᠢᠶᠠᠷᠤᠨ ᠠᠪᠯᠢᠭ᠎ᠠ ᠵᠢ ᠶᠡᠬᠡ ᠠᠪᠯᠢᠭ᠎ᠠ᠂ ᠵᠢᠵᠢᠭ (ᠳᠣᠣᠷᠠᠳᠤ ᠲᠦᠪᠰᠢᠨ ᠤ) ᠠᠪᠯᠢᠭ᠎ᠠ᠂ ᠤᠯᠤᠰ ᠲᠥᠷᠦ ᠢᠢᠨ ᠠᠪᠯᠢᠭ᠎ᠠ ᠭᠡᠵᠦ ᠠᠩᠭᠢᠯᠠᠵᠤ ᠪᠤᠯᠤᠨ᠎ᠠ ᠭᠡᠵᠡᠢ ᠃ ᠮᠣᠩᠭᠣᠯ ᠤᠯᠤᠰ ᠤᠨ ᠠᠪᠯᠢᠭ᠎ᠠ ᠶᠢᠨ ᠡᠰᠡᠷᠭᠦ ᠬᠠᠤᠯᠢ ᠳᠤ《ᠠᠪᠯᠢᠭ᠎ᠠ》 ᠭᠡᠵᠦ ᠡᠨᠡ ᠬᠠᠤᠯᠢ ᠶᠢᠨ 4.1 ᠳᠤ ᠵᠢᠭᠠᠭᠰᠠᠨ ᠡᠲᠡᠭᠡᠳ ᠠᠯᠪᠠᠨ ᠲᠤᠰᠢᠶᠠᠯ ᠤᠨ ᠡᠷᠬᠡ ᠮᠡᠳᠡᠯ ᠢᠢᠠᠨ ᠬᠤᠪᠢ ᠢᠢᠨ ᠠᠰᠢᠭ ᠬᠣᠨᠵᠢᠶ᠎ᠠ ᠣᠯᠬᠤ ᠳᠤ ᠤᠷᠪᠠᠭᠤᠯᠤᠨ ᠠᠰᠢᠭᠯᠠᠬᠤ᠂ ᠪᠤᠰᠤᠳ ᠲᠤ ᠳᠠᠪᠠᠭᠤ ᠪᠠᠢᠢᠳᠠᠯ ᠣᠯᠭᠣᠬᠤ᠂ ᠢᠷᠭᠡᠨ᠂ ᠬᠠᠤᠯᠢ ᠶᠢᠨ ᠡᠲᠡᠭᠡᠳ ᠡᠴᠡ ᠲᠡᠷᠡᠬᠦ ᠬᠠᠤᠯᠢ ᠪᠤᠰᠤ ᠳᠠᠪᠠᠭᠤ ᠪᠠᠢᠢᠳᠠᠯ ᠢ ᠣᠯᠵᠤ ᠠᠪᠬᠤ ᠦᠢᠯᠡᠳᠦᠯ᠂ ᠡᠰᠡ ᠦᠢᠯᠡᠳᠬᠦᠢ ᠪᠡᠷ ᠢᠯᠡᠷᠡᠬᠦ ᠠᠯᠢᠪᠠ ᠡᠷᠬᠡ ᠵᠦᠢ ᠶᠢᠨ ᠵᠥᠷᠢᠴᠡᠯ ᠢ ᠬᠡᠯᠡᠨ᠎ᠠ ᠭᠡᠵᠦ ᠵᠢᠭᠠᠵᠡᠢ᠃ ᠬᠠᠷᠢᠨ 4.1  ᠳᠤ  ᠵᠢᠭᠠᠭᠰᠠᠨ ᠡᠲᠡᠭᠡᠳ ᠨᠢ - ᠲᠥᠷᠥ ᠶᠢᠨ ᠤᠯᠤᠰ ᠲᠥᠷᠥ ᠶᠢᠨ᠂ ᠵᠠᠬᠢᠷᠭᠠᠨ ᠤ᠂ ᠲᠤᠰᠬᠠᠢ ᠠᠯᠪᠠᠨ ᠤ ᠤᠳᠤᠷᠢᠳᠬᠤ ᠪᠣᠯᠤᠨ ᠭᠦᠢᠴᠡᠳᠭᠡᠬᠦ ᠠᠯᠪᠠᠨ ᠲᠤᠰᠢᠶᠠᠯᠲᠠᠨ; - ᠲᠥᠷᠥ ᠶᠢᠨ ᠦᠢᠯᠡᠴᠢᠯᠡᠭᠡᠨ ᠦ ᠠᠯᠪᠠᠨ ᠤ ᠤᠳᠤᠷᠢᠳᠬᠤ ᠠᠯᠪᠠᠨ ᠲᠤᠰᠢᠶᠠᠯᠲᠠᠨ ᠪᠣᠯᠤᠨ ᠶᠡᠷᠦᠩᠬᠡᠢ ᠨᠢᠭᠲᠠᠯᠠᠨ ᠪᠣᠳᠣᠭᠴᠢ᠂ ᠠᠬᠠᠯᠠᠬᠤ ᠨᠢᠭᠲᠠᠯᠠᠨ ᠪᠣᠳᠣᠭᠴᠢ; - ᠲᠥᠷᠥ ᠶᠢᠨ ᠪᠣᠯᠤᠨ ᠣᠷᠣᠨ ᠨᠤᠲᠤᠭ ᠤᠨ ᠥᠮᠴᠢᠲᠤ᠂ ᠲᠥᠷᠥ ᠶᠢᠨ ᠪᠣᠯᠤᠨ ᠣᠷᠣᠨ ᠨᠤᠲᠤᠭ ᠤᠨ ᠥᠮᠴᠢ ᠶᠢᠨ ᠣᠷᠣᠯᠴᠠᠭᠠᠲᠠᠢ ᠬᠠᠤᠯᠢ ᠶᠢᠨ ᠡᠲᠡᠭᠡᠳ ᠦᠨ ᠤᠳᠤᠷᠢᠳᠬᠤ ᠪᠣᠯᠤᠨ ᠻᠣᠮᠫᠠᠨᠢ ᠶᠢᠨ ᠡᠷᠬᠡ ᠪᠦᠬᠦᠢ ᠠᠯᠪᠠᠨ ᠲᠤᠰᠢᠶᠠᠯᠲᠠᠨ; - ᠣᠯᠠᠨ ᠨᠡᠢᠢᠲᠡ ᠶᠢᠨ ᠷᠠᠳᠢᠣ᠋᠂ ᠲᠧᠯᠸᠢᠰ ᠤᠨ ᠦᠨᠳᠦᠰᠦᠨ ᠦ ᠵᠥᠪᠯᠡᠯ ᠦᠨ ᠳᠠᠷᠤᠭ᠎ᠠ᠂ ᠭᠡᠰᠢᠭᠦᠨ᠂ ᠶᠡᠷᠦᠩᠬᠡᠢ ᠵᠠᠬᠢᠷᠤᠯ; - ᠤᠯᠤᠰ ᠤᠨ ᠪᠣᠯᠤᠨ ᠣᠷᠣᠨ ᠨᠤᠲᠤᠭ ᠤᠨ ᠲᠥᠰᠥᠪ ᠡᠴᠡ ᠰᠠᠩᠬᠦᠵᠢᠯᠲᠡ ᠠᠪᠴᠤ ᠲᠥᠷᠥ ᠶᠢᠨ ᠲᠣᠳᠣᠷᠬᠠᠢ ᠴᠢᠭ ᠡᠭᠦᠷᠭᠡ ᠶᠢ ᠬᠠᠤᠯᠢ ᠲᠣᠭᠲᠠᠭᠠᠮᠵᠢ ᠶᠢᠨ ᠳᠠᠭᠠᠤ ᠭᠦᠢᠴᠡᠳᠭᠡᠵᠦ ᠪᠠᠢᠢᠭ᠎ᠠ ᠲᠥᠷᠥ ᠶᠢᠨ ᠪᠤᠰᠤ ᠪᠠᠢᠢᠭᠤᠯᠤᠯᠭ᠎ᠠ ᠶᠢᠨ ᠤᠳᠤᠷᠢᠳᠬᠤ ᠠᠯᠪᠠᠨ ᠲᠤᠰᠢᠶᠠᠯᠲᠠᠨ; - ᠮᠣᠩᠭᠣᠯ ᠤᠯᠤᠰ ᠤᠨ ᠶᠡᠷᠦᠩᠬᠡᠢᠢᠯᠡᠭᠴᠢ᠂ ᠤᠯᠤᠰ ᠤᠨ ᠶᠡᠬᠡ ᠬᠤᠷᠠᠯ᠂ ᠪᠦᠬᠦ ᠱᠠᠲᠤᠨ ᠤ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠰᠣᠩᠭᠣᠭᠤᠯᠢ ᠳᠤ ᠨᠡᠷ᠎ᠡ ᠳᠡᠪᠰᠢᠭᠴᠢ; - ᠪᠦᠬᠦ ᠱᠠᠲᠤᠨ ᠤ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠳᠠᠷᠤᠭ᠎ᠠ᠂ ᠲᠥᠯᠥᠭᠡᠯᠡᠭᠴᠢ; - ᠡᠷᠬᠡ ᠪᠦᠬᠦᠢ ᠪᠠᠢᠢᠭᠤᠯᠤᠯᠭ᠎ᠠ ᠠᠴᠠ ᠪᠠᠲᠤᠯᠠᠭᠰᠠᠨ ᠵᠢᠭᠰᠠᠭᠠᠯᠲᠠ ᠳᠤ ᠵᠢᠭᠠᠭᠰᠠᠨ ᠠᠯᠪᠠᠨ ᠲᠤᠰᠢᠶᠠᠯᠲᠠᠨ᠃ - ᠢᠷᠡᠭᠡᠳᠦᠢ ᠶᠢᠨ ᠥᠪ ᠰᠠᠩ ᠤᠨ ᠲᠤᠬᠠᠢ ᠬᠠᠤᠯᠢ ᠶᠢᠨ 4.1.7 ᠊ᠳᠦ ᠵᠢᠭᠠᠭᠰᠠᠨ ᠢᠷᠡᠭᠡᠳᠦᠢ ᠶᠢᠨ ᠥᠪ ᠰᠠᠩ ᠻᠣᠷᠫᠣᠷᠠᠼᠢ ᠶᠢᠨ ᠡᠷᠬᠡ ᠪᠦᠬᠦᠢ ᠠᠯᠪᠠᠨ ᠲᠤᠰᠢᠶᠠᠯᠲᠠᠨ᠂ ᠬᠢᠨᠠᠯᠲᠠ ᠶᠢᠨ ᠵᠥᠪᠯᠡᠯ ᠦᠨ ᠭᠡᠰᠢᠭᠦᠨ - ᠡᠳᠡᠭᠡᠷ ᠠᠵᠡᠢ᠃
ᠠᠪᠯᠢᠭᠠᠴᠢᠳ ᠊ᠤᠨ
ᠡᠰᠡᠷᠭᠦ
ᠢᠷᠭᠡᠷᠳ ᠊ᠦᠨ
ᠲᠡᠮᠡᠴᠡᠯ


ᠨᠢᠭᠡᠳᠦᠭᠰᠡᠨ ᠦᠨᠳᠦᠰᠦᠲᠡᠨ ᠤ ᠪᠠᠢᠢᠭᠤᠯᠤᠯᠭ᠎ᠠ ᠡᠴᠡ ᠭᠠᠷᠭᠠᠭᠰᠠᠨ 《ᠠᠪᠯᠢᠭ᠎ᠠ ᠲᠠᠢ ᠲᠡᠮᠡᠴᠡᠬᠦ ᠫᠷᠠᠻᠲ᠋ᠢᠭ ᠠᠷᠭ᠎ᠠ ᠬᠡᠮᠵᠢᠶᠡᠨ ᠤ ᠲᠠᠯ᠎ᠠ ᠪᠠᠷ ᠫᠷᠣᠻᠦ᠋ᠷᠣᠷ᠂ ᠮᠥᠷᠳᠡᠨ ᠪᠠᠢᠢᠴᠠᠭᠠᠭᠴᠢ ᠨᠠᠷ ᠲᠤ ᠵᠣᠷᠢᠭᠤᠯᠤᠭᠰᠠᠨ ᠭᠠᠷ ᠤᠨ ᠠᠪᠤᠯᠭ᠎᠎ᠠ》 ᠳᠤ ᠠᠪᠯᠢᠭ᠎ᠠ ᠵᠢ ᠳᠠᠷᠠᠭᠠᠬᠢ ᠪᠠᠢᠢᠳᠠᠯ ᠢᠢᠠᠷ ᠠᠩᠭᠢᠯᠠᠭᠰᠠᠨ ᠪᠠᠢᠢᠨ᠎ᠠ᠃ ᠡᠭᠦᠨ ᠳᠤ᠄ - ᠶᠡᠬᠡ ᠠᠪᠯᠢᠭ᠎ᠠ ᠪᠠ ᠵᠢᠵᠢᠭ ᠠᠪᠯᠢᠭ᠎ᠠ (grand corruption/petty corruption)᠃ ᠪᠠᠭ᠎᠎ᠠ ᠠᠪᠯᠢᠭ᠎ᠠ ᠵᠢ ᠮᠥᠨ ᠳᠣᠣᠷᠠᠳᠤ ᠲᠦᠪᠰᠢᠨ ᠤ ᠠᠪᠯᠢᠭ᠎ᠠ᠂ ᠭᠤᠳᠤᠮᠵᠢᠨ ᠤ ᠠᠪᠯᠢᠭ᠎ᠠ᠂ ᠵᠠᠬᠢᠷᠭᠠᠨ ᠤ ᠠᠪᠯᠢᠭ᠎ᠠ ᠭᠡᠬᠦᠴᠢᠯᠡᠨ ᠨᠡᠷᠡᠯᠡᠳᠡᠭ ᠪᠠᠢᠢᠨ᠎ᠠ᠃ - ᠢᠳᠡᠪᠬᠢᠲᠡᠢ ᠪᠠ ᠢᠳᠡᠪᠬᠢ ᠦᠭᠡᠶ ᠠᠪᠯᠢᠭ᠎ᠠ - ᠬᠠᠬᠤᠤᠯᠢ - ᠱᠠᠮᠰᠢᠭᠳᠠᠭᠤᠯᠬᠤ᠂ ᠬᠤᠯᠠᠭᠠᠶ᠂ ᠯᠤᠢᠢᠪᠠᠷ - ᠰᠦᠷᠳᠡᠭᠦᠯᠬᠦ (extortion) - ᠴᠢ᠌ᠭ᠌ ᠡᠭᠦᠷᠭᠡ ᠪᠡᠨ ᠤᠷᠪᠠᠭᠤᠯᠤᠨ ᠠᠰᠢᠭᠯᠠᠬᠤ (abuse of functions) - ᠳᠠᠪᠠᠭᠤ ᠪᠠᠢᠢᠳᠠᠯ ᠣᠯᠭᠤᠬᠤ᠂ ᠵᠢᠭᠡᠰᠡᠬᠦ (favouritism, nepotism) - ᠠᠰᠢᠭ ᠰᠥᠨᠢᠷᠬᠠᠯ ᠤᠨ ᠵᠥᠷᠢᠴᠡᠯ ᠡᠭᠦᠰᠬᠡᠬᠦ᠂ ᠠᠰᠢᠭᠯᠠᠬᠤ - ᠤᠯᠤᠰ ᠲᠥᠷᠦ ᠊ᠢᠢᠨ ᠵᠣᠬᠢᠰ ᠦᠭᠡᠢ ᠬᠠᠨᠳᠢᠪ - ᠡᠳᠡᠭᠡᠷ ᠲᠥᠷᠦᠯ ᠬᠡᠯᠪᠡᠷᠢ ᠨᠤᠭᠦᠳ ᠢ ᠢᠯᠠᠭᠠᠨ ᠲᠣᠳᠤᠷᠬᠠᠢᠢᠯᠠᠭᠰᠠᠨ ᠪᠠᠢᠢᠨ᠎ᠠ᠃ ᠨᠢᠭᠡᠳᠦᠭᠰᠡᠨ ᠦᠨᠳᠦᠰᠦᠲᠡᠨ ᠤ ᠪᠠᠢᠢᠭᠤᠯᠤᠯᠭ᠎ᠠ ᠢᠢᠨ ᠠᠪᠯᠢᠭ᠎ᠠ ᠢᠢᠨ ᠡᠰᠡᠷᠭᠦ ᠻᠣᠨ᠍ᠸᠧᠨ᠍ᠼ ᠲᠦ ᠥᠭᠦᠯ᠋ᠡᠭᠰᠡᠨᠴᠢᠯᠡᠨ ᠠᠪᠯᠢᠭ᠎ᠠ ᠠᠷᠠᠳᠴᠢᠯᠠᠯ᠂ ᠬᠠᠤᠯᠢ ᠳᠡᠭᠡᠳᠦᠯᠡᠬᠦ ᠶᠣᠰᠤ ᠵᠢ ᠰᠠᠢᠢᠵᠢᠷᠠᠭᠤᠯᠵᠤ᠂ ᠬᠦᠮᠦᠨ ᠤ ᠡᠷᠬᠡ ᠢᠢᠨ ᠵᠥᠷᠢᠴᠡᠯ ᠡᠭᠦᠰᠭᠡᠵᠦ ᠵᠠᠬ᠎ᠠ ᠵᠡᠭᠡᠯᠢ ᠵᠢ ᠭᠠᠵᠢᠭᠤᠳᠠᠭᠤᠯᠵᠤ᠂ ᠠᠮᠢᠳᠤᠷᠠᠯ ᠤᠨ ᠴᠢᠨᠠᠷ ᠢ ᠵᠢᠪᠡᠷᠡᠭᠡᠵᠦ᠂ ᠵᠣᠬᠢᠶᠠᠨ ᠪᠠᠢᠢᠭᠤᠯᠤᠯᠲᠠ ᠲᠠᠢ ᠭᠡᠮᠲᠦ ᠬᠡᠷᠡᠭ᠂ ᠲᠧᠷᠷᠣᠷᠢᠰᠮ ᠭᠡᠬᠦ ᠮᠡᠲᠦ ᠬᠦᠮᠦᠨ ᠤ ᠠᠮᠤᠭᠤᠯᠠᠩ ᠠᠮᠢᠳᠤᠷᠠᠯ ᠳᠤ ᠠᠶᠤᠯ ᠤᠴᠠᠷᠠᠭᠤᠯᠬᠤ ᠦᠵᠡᠭᠳᠡᠯ ᠤᠳ ᠭᠠᠭᠠᠷᠠᠬᠤ ᠨᠥᠬᠦᠴᠡᠯ ᠪᠦᠷᠢᠳᠦᠭᠦᠯᠳᠡᠭ᠃ ᠠᠪᠯᠢᠭ᠎ᠠ ᠡᠳ᠋ ᠤᠨ ᠵᠠᠰᠠᠭ ᠤᠨ ᠢᠯᠵᠠᠷᠠᠯ ᠤᠨ ᠵᠠᠩᠭᠢᠯᠠᠭ᠎ᠠ᠂ ᠶᠠᠳᠠᠭᠤᠷᠠᠯ ᠊ᠢ ᠪᠠᠭᠤᠷᠠᠭᠤᠯᠬᠤ ᠳᠤ ᠲᠡᠭᠡᠭᠯᠡᠬᠦ ᠰᠠᠳᠠᠭ᠎ᠠ ᠬᠥᠭᠵᠢᠯ ᠊ᠦᠨ ᠭᠣᠣᠯ ᠴᠢᠳᠦᠷ ᠲᠤᠱᠠ ᠪᠣᠯᠳᠠᠭ ᠪᠠᠢᠢᠨ᠎ᠠ᠃ ᠨᠡᠢᠢᠭᠡᠮ ᠊ᠳᠦ ᠠᠪᠯᠢᠭ᠎᠎ᠠ ᠡᠭᠦᠰᠳᠡᠭ ᠰᠢᠯᠲᠠᠭᠠᠨ ᠤᠳ᠄ - ᠲᠥᠷᠦ ᠵᠠᠬᠢᠷᠭᠠᠨ ᠤ ᠪᠠᠢᠢᠭᠤᠯᠤᠯᠭ᠎ᠠ ᠨᠤᠭᠤᠳ ᠤᠨ ᠬᠦᠨᠳᠦ ᠰᠣᠷᠲᠠᠯ᠂ ᠣᠯᠠᠨ ᠱᠠᠲᠤ ᠳᠠᠮᠵᠢᠯᠭ᠎ᠠ - ᠲᠥᠷᠦ ᠢᠢᠨ ᠪᠠᠢᠢᠭᠤᠯᠤᠯᠭ᠎ᠠ  ᠢᠢᠨ ᠦᠢᠯᠡ ᠠᠵᠢᠯᠯᠠᠭ᠎ᠠ ᠢᠯᠡ ᠲᠣᠳᠤ᠂ ᠨᠡᠭᠡᠭᠡᠯᠲᠡᠲᠡᠢ ᠪᠤᠰᠤ - ᠣᠢᠢᠯᠠᠭᠠᠮᠵᠢ ᠦᠭᠡᠢ ᠬᠠᠤᠯᠢ᠂ ᠳᠦᠷᠢᠮ᠂ ᠵᠢᠷᠤᠮ - ᠴᠠᠯᠢᠩ ᠬᠥᠯᠦᠰᠦ ᠪᠭ᠎ᠠ᠂ ᠠᠮᠢᠵᠢᠷᠠᠭᠠᠨ ᠤ ᠥᠷᠲᠡᠭ ᠥᠨᠳᠦᠷ᠂ ᠶᠠᠳᠠᠭᠤᠷᠠᠯ᠂ ᠲᠥᠷᠦ ᠢᠢᠨ ᠠᠯᠪᠠᠨ ᠤ ᠶᠣᠰᠤ ᠵᠦᠢ ᠢᠢᠨ ᠳᠣᠷᠤᠢᠢᠲᠠᠯ - ᠰᠢᠢᠳᠪᠦᠷᠢ ᠭᠠᠷᠭᠠᠬᠤ  ᠳᠤ ᠠᠯᠪᠠᠨ ᠲᠤᠰᠢᠶᠠᠯᠲᠠᠨ ᠤ ᠬᠤᠪᠢ ᠢᠢᠨ ᠦᠵᠡᠯ ᠪᠣᠳᠤᠯ᠂ ᠨᠥᠯᠦᠭᠡᠯᠡᠬᠦ ᠣᠷᠣᠨ ᠵᠠᠢ ᠶᠡᠬᠡ ᠭᠡᠬᠦ ᠮᠡᠲᠦ ᠰᠢᠯᠲᠠᠭᠠᠨ ᠨᠤᠭᠤᠳ ᠢ ᠨᠡᠷᠡᠯᠡᠵᠦ ᠪᠣᠯᠤᠨ᠎ᠠ᠃ ᠠᠪᠯᠢᠭ᠎ᠠ  ᠳ᠋ᠤ ᠣᠷᠣᠯᠴᠠᠭᠴᠢᠳ ᠭᠣᠣᠯᠳᠠᠭᠤ ᠳᠠᠯᠳᠠ ᠬᠡᠯᠪᠡᠷᠢ ᠪᠡᠷ ᠬᠤᠤᠪᠢᠯᠳᠤᠨ ᠦᠢᠯᠡᠳᠳᠡᠭ᠃ ᠮᠣᠩᠭᠣᠯ ᠤᠯᠤᠰ ᠤᠨ ᠬᠠᠤᠯᠢ ᠳᠤ ᠠᠪᠯᠢᠭ᠎ᠠ ᠠᠪᠤᠭᠰᠠᠨ᠂ ᠥᠭᠭᠦᠭᠰᠡᠨ᠂ ᠵᠠᠭᠤᠴᠢᠯᠠᠭᠰᠠᠨ ᠡᠲᠡᠭᠡᠳ ᠦᠳ ᠲᠦ ᠡᠷᠡᠭᠦᠦ ᠶᠢᠨ ᠬᠠᠷᠢᠭᠤᠴᠠᠯᠭ᠎ᠠ ᠬᠦᠯᠢᠶᠡᠯᠭᠡᠬᠦ ᠪᠡᠷ ᠬᠠᠤᠯᠢᠴᠢᠯᠠᠭᠰᠠᠨ ᠪᠠᠢᠢᠳᠠᠭ᠃ ᠭᠡᠲᠡᠯ᠎ᠡ ᠬᠡᠵᠢᠶ᠎ᠡ ᠴᠤ ᠠᠪᠯᠢᠭ᠎ᠠ ᠥᠭᠭᠦᠭᠰᠡᠨ ᠬᠦᠮᠦᠰ ᠨᠢᠭᠡ ᠨᠢ ᠨᠥᠭᠥᠭᠡ ᠶᠢᠨ ᠢᠢᠠᠨ ᠡᠰᠡᠷᠬᠦ ᠡᠷᠭᠦᠳᠡᠯ ᠭᠣᠮᠣᠳᠠᠯ ᠭᠠᠷᠭᠠᠳᠠᠭ ᠦᠭᠡᠢ᠃ ᠶᠠᠭᠠᠬᠢᠭᠠᠳ ᠭᠡᠪᠡᠯ ᠨᠢᠭᠡ ᠨᠢ ᠠᠯᠪᠠᠨ ᠲᠤᠰᠢᠶᠠᠯ ᠢᠢᠠᠨ ᠠᠰᠢᠭᠯᠠᠭᠠᠳ ᠠᠰᠢᠭ ᠣᠯᠴᠢᠬᠠᠭᠰᠠᠨ᠂ ᠨᠢᠭᠡ ᠨᠢ ᠠᠪᠯᠢᠭ᠎ᠠ ᠥᠭᠭᠦᠭᠡᠳ ᠥᠪᠡᠷ ᠦᠨ ᠠᠰᠢᠭ ᠢᠢᠠᠨ ᠣᠯᠴᠢᠬᠠᠭᠰᠠᠨ ᠪᠠᠢᠢᠬᠤ ᠳᠤ ᠵᠠᠷᠭᠤᠯᠳᠤᠬᠤ ᠶᠠᠮᠠᠷ ᠴᠤ ᠱᠠᠭᠠᠷᠳᠠᠯᠭ᠎ᠠ ᠪᠠᠢᠢᠬᠤ ᠦᠭᠡᠢ᠃ ᠲᠡᠭᠡᠭᠡᠳ ᠠᠪᠯᠢᠭ᠎ᠠ ᠠᠪᠤᠭᠰᠠᠨ ᠬᠦᠮᠦᠨ ᠢ ᠨᠢ ᠰᠢᠳᠬᠡᠳᠡᠭ ᠬᠠᠤᠯᠢ ᠲᠠᠢ ᠪᠠᠢᠢᠬᠤ ᠦᠭᠡᠢ ᠪᠣᠯ ᠬᠡᠨ ᠠᠪᠯᠢᠭ᠎ᠠ ᠠᠪᠴᠢᠬᠠᠯ᠎ᠠ᠂ ᠥᠭᠴᠢᠬᠡᠭᠡᠳ᠂ ᠵᠠᠭᠤᠴᠢᠯᠠᠴᠢᠬᠠᠭᠠᠳ ᠪᠢ ᠠᠪᠯᠢᠭ᠎ᠠ ᠢᠢᠨ ᠬᠡᠷᠡᠭ ᠬᠢᠴᠢᠬᠡᠯ᠎ᠡ ᠭᠡᠳ ᠥᠪᠡᠷ ᠢ ᠪᠡᠨ ᠪᠠᠷᠢᠵᠤ ᠥᠭᠬᠦ ᠪᠢᠯᠡ ᠳ᠋ᠡ! ᠠᠪᠯᠢᠭ᠎ᠠ ᠨᠢ ᠨᠡᠢᠢᠭᠡᠮ ᠤᠨ ᠡᠳ᠋ ᠤᠨ ᠵᠠᠰᠠᠭ ᠤᠨ ᠬᠦᠷᠢᠶᠡᠨ ᠳᠦ᠂ ᠤᠯᠤᠰ ᠲᠥᠷᠥ ᠶᠢᠨ ᠬᠦᠷᠢᠶᠡᠨ ᠳᠦ᠂ ᠬᠠᠤᠯᠢ ᠵᠦᠢ᠂ ᠣᠶᠤᠨ ᠰᠠᠨᠠᠭᠠᠨ ᠤ ᠬᠦᠷᠢᠶᠡᠨ ᠳᠦ ᠭᠡᠳ ᠨᠡᠢᠢᠭᠡᠮ ᠳᠦ ᠪᠦᠬᠦᠯᠢ ᠳᠦᠨᠢ ᠬᠣᠣᠷ ᠬᠥᠨᠥᠭᠡᠯ ᠠᠪᠴᠢᠷᠠᠵᠤ ᠴᠢᠳᠠᠳᠠᠭ ᠬᠣᠣᠷᠲᠤ ᠦᠵᠡᠭᠳᠡᠯ ᠶᠤᠮ᠃

ᠠᠪᠯᠢᠭᠠᠴᠢᠳ ᠊ᠤᠨ
ᠢᠷᠡᠭᠡᠳᠦᠢ


ᠡᠬᠢ
ᠰᠤᠷᠪᠤᠯᠵᠢ
[засварлах | кодоор засварлах]

https://www.transparency.org/what-is-corruption
ᠠᠪᠯᠢᠭ᠎ᠠ  ᠢᠢᠨ ᠡᠰᠡᠷᠭᠦ ᠬᠠᠤᠯᠢ www.legalinfo.mn
https://www.unodc.org/pdf/crime/corruption/Handbook.pdf United Nations Handbook on Practical Anti-Corruption Measures for Prosecutors and Investigators. Vienna, September 2004
http://vip76.mn

ᠲᠦᠯᠬᠢᠭᠦᠷ
ᠦᠭᠡᠰ
[засварлах | кодоор засварлах]

авлига
авлигал
авилгал
коррупция
ᠠᠪᠯᠢᠭᠠᠯ