Нүүрс хийжүүлэх технологи

Wikibilig-с

ᠨᠡᠭᠦᠷᠡᠰᠦ ᠬᠡᠶᠢᠵᠢᠭᠦᠯᠬᠦ ᠲᠧᠭᠨᠣᠯᠣᠭᠢ ᠭᠡᠵᠦ ᠨᠡᠭᠦᠷᠡᠰᠦ ᠶᠢ ᠠᠭᠠᠷ ᠤᠨ ᠪᠣᠬᠢᠷᠳᠠᠯ ᠪᠠᠭᠠᠲᠠᠢ ᠬᠡᠢ ᠶᠢᠨ ᠲᠦᠯᠡᠰᠢ ᠪᠣᠯᠭᠠᠵᠤ ᠦᠷ᠎ᠡ ᠳ᠋ᠦᠩ ᠰᠠᠶᠢᠲᠠᠢ ᠠᠰᠢᠭᠯᠠᠬᠤ ᠠᠷᠭ᠎ᠠ ᠪᠠᠷᠢᠯ ᠶᠤᠮ᠃ ᠬᠦᠴᠢᠯᠲᠦᠶᠢᠷᠦᠭᠴᠢ (ᠠᠭᠠᠷ)᠂ ᠤᠰᠤᠨ ᠤ ᠤᠤᠷ᠂ ᠤᠰᠤᠲᠥᠶᠢᠷᠦᠭᠴᠢ᠂ ᠬᠣᠣᠰ ᠢᠰᠦᠯ ᠳᠦ ᠨᠡᠭᠦᠷᠡᠰᠦᠲᠥ᠋ᠷᠥᠭᠴᠢ ᠵᠡᠷᠭᠡ ᠶᠢ ᠬᠠᠯᠠᠭᠤᠨ ᠨᠥᠬᠥᠴᠡᠯ ᠢᠶᠡᠷ ᠨᠡᠭᠦᠷᠡᠰᠦ ᠲᠡᠢ ᠬᠣᠯᠢᠵᠤ ᠤᠷᠪᠠᠯ ᠶᠠᠪᠤᠭᠤᠯᠬᠤ ᠳᠤ ᠨᠡᠭᠦᠷᠡᠰᠦ ᠬᠡᠶᠢᠵᠢᠭᠦᠯᠵᠦ ᠴᠢᠳᠠᠨ᠎ᠠ᠃ ᠬᠠᠷᠢᠨ ᠲᠤᠰ ᠲᠧᠭᠨᠣᠯᠣᠭᠢ ᠶᠢ ᠠᠰᠢᠭᠯᠠᠬᠤ ᠶᠢᠨ ᠲᠤᠯᠠᠳᠠ ᠬᠡᠶᠢᠵᠢᠭᠦᠯᠬᠦ ᠫᠷᠣᠼᠧᠰᠰ ᠪᠣᠯᠤᠨ ᠬᠡᠢ ᠪᠣᠯᠪᠠᠰᠤᠷᠠᠭᠤᠯᠬᠤ ᠫᠷᠣᠼᠧᠰᠰ ᠬᠣᠶᠠᠷ ᠢ ᠬᠣᠣᠰᠯᠠᠭᠤᠯᠵᠤ ᠪᠠᠶᠢᠬᠤ ᠵᠠᠶᠢᠯᠠᠰᠢ ᠦᠭᠡᠢ ᠬᠡᠷᠡᠭᠲᠡᠢ᠃ ᠨᠡᠭᠦᠷᠡᠰᠦ ᠬᠡᠶᠢᠵᠢᠭᠦᠯᠬᠦ ᠫᠷᠣᠰᠰᠡᠼ ᠶᠢᠨ ᠬᠤᠪᠢ ᠳᠤ ᠤᠷᠢᠲᠤᠵᠤ ᠨᠡᠭᠦᠷᠡᠰᠦ ᠪᠡᠨ ᠬᠡᠰᠡᠭᠴᠢᠯᠡᠨ ᠰᠢᠲᠠᠭᠠᠵᠤ ᠬᠠᠯᠠᠭᠤᠨ ᠬᠢ ᠶᠢ ᠡᠭᠦᠰᠬᠡᠨ᠎ᠡ᠃ ᠦᠯᠡᠳᠡᠭᠰᠡᠨ ᠨᠡᠭᠦᠷᠡᠰᠦ ᠨᠢ ᠪᠤᠢ ᠪᠣᠯᠤᠨ ᠬᠦᠢᠨᠡᠢ ᠤᠯᠠᠮ ᠠᠴᠠ ᠤᠷᠪᠠᠯ ᠶᠠᠪᠤᠭᠳᠠᠵᠤ ᠭᠣᠣᠯᠴᠢᠯᠠᠨ ᠳᠠᠩ ᠢᠰᠦᠯ ᠳᠦ ᠨᠡᠭᠦᠷᠡᠰᠦᠲᠥ᠋ᠷᠥᠭᠴᠢ᠂ ᠤᠰᠤᠲᠥᠶᠢᠷᠦᠭᠴᠢ ᠡᠴᠡ ᠪᠦᠲᠦᠭᠰᠡᠨ ᠬᠡᠢ ᠪᠣᠯᠤᠨ᠎ᠠ᠃ ᠨᠡᠭᠦᠷᠡᠰᠦᠨ ᠳᠦ ᠠᠭᠤᠯᠤᠭᠳᠠᠭᠰᠠᠨ ᠦᠨᠡᠰᠦᠯᠢᠭ (ᠡᠷᠦᠳᠡᠰᠦ) ᠪᠣᠯ ᠬᠠᠶᠢᠯᠠᠵᠤ ᠵᠤᠤᠬ᠎ᠠ ᠠᠴᠠ ᠢᠯᠭᠠᠭᠳᠠᠨ᠎ᠠ᠃ ّ



ᠬᠡᠶᠢᠵᠢᠭᠦᠯᠦᠭᠰᠡᠨ ᠨᠡᠭᠦᠷᠡᠰᠦᠨ ᠳᠦ ᠭᠦᠢᠴᠡᠳ ᠰᠢᠲᠠᠭ᠎ᠠ ᠦᠭᠡᠢ ᠻᠠᠷᠪᠣᠨ᠂ ᠦᠨᠡᠰᠦᠯᠢᠭ ᠦᠨ ᠲᠣᠭᠤᠰᠤᠨᠴᠢᠷ᠂ ᠬᠦᠬᠦᠷᠲᠦ ᠤᠰᠤᠲᠥᠶᠢᠷᠦᠭᠴᠢ (H₂S)᠂ ᠾᠯᠣᠷᠲᠤ ᠤᠰᠤᠲᠥᠶᠢᠷᠦᠭᠴᠢ (HCI)᠂ ᠮᠮᠢᠶᠠᠻ (NH₃) ᠵᠡᠷᠭᠡ ᠢᠯᠡᠭᠦᠳᠡᠯ ᠪᠣᠳᠠᠰ ᠦᠯᠡᠳᠡᠭᠰᠡᠨ ᠪᠠᠢᠪᠠᠯ ᠲᠤᠬᠠᠢ ᠶᠢᠨ ᠬᠢ ᠶᠢ ᠠᠰᠢᠭᠯᠠᠬᠤ ᠲᠣᠨᠣᠭ ᠲᠥᠬᠥᠭᠡᠷᠦᠮᠵᠢ ᠦᠷᠦᠬᠦ᠂ ᠵᠢᠪᠡᠷᠡᠬᠦ᠂ ᠴᠢᠳᠠᠮᠵᠢ ᠪᠠᠭᠤᠷᠠᠬᠤ᠂ ᠤᠷᠴᠢᠨ ᠳᠤ ᠰᠥᠷᠭᠦ ᠨᠥᠯᠥᠭᠡ ᠦᠵᠡᠭᠦᠯᠬᠦ ᠭᠡᠬᠢ ᠮᠡᠲᠦ ᠶᠢ ᠠᠰᠠᠭᠤᠳᠠᠯ ᠡᠭᠦᠰᠦᠨ᠎ᠡ᠃ ᠲᠡᠶᠢᠮᠦ ᠤᠴᠢᠷ ᠠᠴᠠ ᠡᠳᠡᠭᠡᠷ ᠪᠣᠳᠠᠰ ᠢ ᠠᠷᠢᠯᠭᠠᠵᠤ ᠴᠡᠪᠡᠷᠰᠢᠭᠦᠯᠬᠦ ᠬᠡᠷᠡᠭᠲᠡᠢ᠃ ᠬᠡᠶᠢᠵᠢᠭᠦᠯᠦᠭᠰᠡᠨ ᠨᠡᠭᠦᠷᠡᠰᠦ ᠶᠢ ᠴᠡᠪᠡᠷᠰᠢᠭᠦᠯᠬᠦ ᠠᠷᠭ᠎ᠠ ᠶᠢ ᠰᠢᠩᠭᠡᠨ ᠳᠦ ᠰᠢᠩᠭᠡᠭᠡᠬᠦ ᠨᠣᠶᠢᠲᠠᠨ ᠠᠷᠭ᠎ᠠ ᠪᠣᠯᠤᠨ ᠬᠠᠲᠠᠭᠤ ᠲᠥᠯᠥᠪᠲᠡᠢ ᠻᠠᠲ᠋ᠠᠯᠢᠽᠠᠲᠣᠷ᠂ ᠰᠢᠩᠭᠡᠭᠡᠭᠴᠢ ᠪᠣᠳᠠᠰ ᠢ ᠠᠰᠢᠭᠯᠠᠬᠤ ᠬᠠᠤᠷᠠᠢ ᠠᠷᠭ᠎ᠠ ᠭᠡᠵᠦ ᠬᠣᠶᠠᠷ ᠬᠤᠪᠢᠶᠠᠳᠠᠭ᠃ ᠨᠣᠶᠢᠲᠠᠨ ᠠᠷᠭ᠎ᠠ ᠪᠣᠯ ᠳᠡᠭᠡᠷ᠎ᠡ ᠦᠶᠡᠰ ᠪᠠᠢᠳᠠᠭ ᠭᠡᠳᠡᠭ ᠤᠳᠬ᠎ᠠ ᠪᠠᠷ ᠪᠠᠲᠤᠯᠠᠭ᠎ᠠ ᠲᠠᠢ ᠪᠥᠭᠡᠳ ᠠᠷᠢᠯᠭᠠᠬᠤ ᠴᠢᠳᠠᠪᠤᠷᠢ ᠬᠠᠩᠭᠠᠯᠲᠠᠲᠠᠢ ᠬᠡᠳᠦᠢ ᠴᠤ ᠬᠡᠢ ᠶᠢᠨ ᠲᠡᠮᠫᠡᠷᠠᠲᠦᠷ ᠶᠢ ᠨᠠᠮ ᠪᠣᠯᠭᠠᠭᠰᠠᠨ ᠦᠨᠳᠦᠰᠦᠨ ᠳᠡᠭᠡᠷ᠎ᠡ ᠠᠵᠢᠯᠯᠠᠭᠤᠯᠳᠠᠭ ᠲᠤᠯᠠ ᠰᠢᠰᠲ᠋ᠧᠮ ᠦᠨ ᠬᠢᠴᠡ ᠠᠷᠠᠢ ᠲᠥᠪᠡᠭᠲᠡᠢ ᠪᠣᠯᠳᠠᠭ᠃ ᠴᠠᠬᠢᠯᠭᠠᠨ ᠰᠲ᠋ᠠᠨᠼ ᠲᠤ ᠠᠰᠢᠭᠯᠠᠬᠤ ᠳᠤ ᠡᠷᠴᠢᠮ ᠬᠦᠴᠦ ᠦᠢᠯᠡᠳᠪᠦᠷᠢᠯᠡᠯ ᠦᠨ ᠦᠷ᠎ᠡ ᠳ᠋ᠦᠩ ᠮᠠᠭᠤ ᠲᠠᠢ ᠭᠡᠳᠡᠭ ᠳᠤᠲᠠᠭᠳᠠᠯ ᠲᠠᠢ᠃ ᠨᠥᠭᠦᠭᠡᠳᠡᠬᠢ ᠬᠠᠤᠷᠠᠢ ᠠᠷᠭ᠎ᠠ ᠪᠣᠯ ᠦᠷ᠎ᠡ ᠳᠦᠩᠭᠡ ᠶᠢᠨ ᠠᠰᠠᠭᠤᠳᠠᠯ ᠡᠭᠦᠰᠬᠦ ᠦᠭᠡᠢ ᠴᠤ ᠰᠢᠩᠭᠡᠭᠡᠬᠦ ᠭᠡᠵᠦ ᠪᠤᠢ ᠪᠣᠳᠠᠰ ᠲᠤᠰ ᠪᠦᠷᠢ ᠳᠦ ᠲᠠᠭᠠᠷᠠᠭᠤᠯᠤᠭᠰᠠᠨ ᠠᠳᠠᠯᠢ ᠦᠭᠡᠢ ᠻᠠᠲ᠋ᠠᠯᠢᠽᠠᠲᠣᠷ ᠱᠠᠭᠠᠷᠳᠠᠳᠠᠭ᠃ ᠠᠯᠢ ᠴᠤ ᠲᠥᠷᠥᠯ ᠦᠨ ᠰᠢᠩᠭᠡᠭᠡᠭᠴᠢ ᠪᠣᠳᠠᠰ᠂ ᠻᠠᠲ᠋ᠠᠯᠢᠽᠠᠲᠣᠷ ᠣᠳᠣᠬᠤᠨᠳᠤ᠎ᠠ ᠰᠤᠳᠤᠯᠭᠠᠨ ᠤ ᠲᠥᠪᠰᠢᠨ ᠳᠦ ᠶᠠᠪᠤᠵᠤ ᠪᠠᠶᠢᠨ᠎ᠠ᠃ ᠴᠢᠨᠠᠷ ᠤᠨ ᠬᠤᠪᠢ ᠳᠤ ᠭᠠᠶᠢᠭᠤᠢ ᠭᠡᠳᠡᠭ ᠨᠢ ᠰᠤᠳᠤᠯᠤᠭᠳᠠᠭᠰᠠᠨ ᠬᠡᠳᠦᠢ ᠴᠤ ᠦᠢᠯᠡᠳᠪᠦᠷᠢ ᠶᠢᠨ ᠬᠡᠮᠵᠢᠶ᠎ᠡ ᠶᠢ ᠲᠡᠯᠡᠬᠦ᠂ ᠤᠷᠲᠤ ᠤᠳᠠᠭᠠᠨ ᠬᠤᠭᠤᠴᠠᠭ᠎ᠠ ᠪᠠᠷ ᠠᠰᠢᠭᠯᠠᠬᠤ ᠳᠤ ᠲᠡᠰᠪᠦᠷᠢᠲᠡᠢ ᠡᠰᠡᠬᠦ ᠲᠠᠯ᠎ᠠ ᠪᠠᠷ ᠪᠠᠲᠤᠯᠠᠭ᠎ᠠ ᠦᠭᠡᠢ ᠶᠤᠮ᠃ ᠭᠡᠰᠡᠨ ᠬᠡᠳᠦᠢ ᠴᠤ ᠬᠡᠶᠢᠵᠢᠭᠦᠯᠬᠦ ᠠᠵᠢᠯ ᠢ ᠤᠯᠠᠮ ᠦᠷ᠎ᠡ ᠠᠰᠢᠭᠲᠠᠢ ᠪᠣᠯᠭᠠᠬᠤ ᠶᠢᠨ ᠲᠤᠯᠠᠳᠠ ᠴᠢᠨᠠᠭᠰᠢᠳᠠ ᠪᠠᠨ ᠬᠡᠢ ᠴᠡᠪᠡᠷᠰᠢᠭᠦᠯᠬᠦ ᠬᠠᠤᠷᠠᠢ ᠠᠷᠭ᠎ᠠ ᠶᠢ ᠪᠣᠯᠪᠠᠰᠤᠷᠠᠩᠭᠤᠢ ᠪᠣᠯᠭᠠᠬᠤ ᠨᠢ ᠵᠦᠢᠲᠡᠢ᠃ ّ



ᠨᠡᠭᠦᠷᠡᠰᠦ ᠪᠡᠷ ᠭᠠᠯᠯᠠᠳᠠᠭ ДЦС ᠍ ᠤᠨ ᠬᠤᠪᠢ ᠳᠤ ᠥᠨᠥᠳᠥᠷ ᠬᠠᠮᠤᠭ ᠤᠨ ᠣᠷᠴᠢᠨ ᠦᠶ᠎ᠡ ᠶᠢᠨ ᠲᠧᠭᠨᠣᠯᠣᠭᠢ ᠪᠣᠯᠬᠤ IGCC ᠪᠤᠶᠤ ᠬᠡᠶᠢᠵᠢᠭᠦᠯᠦᠭᠰᠡᠨ ᠨᠡᠭᠦᠷᠢ ᠠᠰᠢᠭᠯᠠᠬᠤ ᠬᠣᠯᠢᠮᠠᠭ ᠲᠦᠷᠪᠢᠨ ᠳᠦ ᠭᠣᠷᠢᠮ ᠤᠨ ᠲᠤᠬᠠᠢ ᠳᠤᠷᠠᠳᠤᠶ᠎ᠠ᠃ ᠲᠤᠰ IGCC ᠍ ᠢ ᠠᠰᠢᠭᠯᠠᠭᠰᠠᠨ ᠢᠶᠠᠷ ᠨᠡᠭᠦᠷᠡᠰᠦ ᠪᠡᠷ ᠭᠠᠯᠯᠠᠳᠠᠭ ᠡᠩ ᠦᠨ ДЦС ᠍ ᠠᠴᠠ ᠦᠷ᠎ᠡ ᠳ᠋ᠦᠩ ᠰᠠᠶᠢᠵᠢᠷᠠᠬᠤ ᠪᠠᠷ ᠲᠣᠭᠲᠠᠬᠤ ᠦᠭᠡᠢ᠂ SC᠂ USC ᠵᠡᠷᠭᠡ ᠳᠡᠪᠰᠢᠯᠲᠡᠲᠦ ᠲᠧᠭᠨᠣᠯᠣᠭᠢ ᠣᠷᠣᠭᠤᠯᠤᠭᠰᠠᠨ ᠵᠦᠢᠯ ᠡᠴᠡ ᠴᠤ ᠢᠯᠡᠭᠦᠦ ᠦᠷ᠎ᠡ ᠳ᠋ᠦᠩ ᠰᠠᠶᠢᠲᠠᠢ᠂ ᠲᠤᠬᠠᠶᠢᠯᠠᠪᠠᠯ 48-50% ᠍ ᠦᠨ ᠪᠦᠲᠦᠭᠡᠮᠵᠢ ᠪᠡᠷ ᠡᠷᠴᠢᠮ ᠬᠦᠴᠦ ᠦᠢᠯᠡᠳᠪᠦᠷᠢᠯᠡᠵᠦ ᠴᠢᠳᠠᠳᠠᠭ᠃ ّ ᠨᠡᠭᠦᠷᠡᠰᠦ ᠪᠣᠯ ᠨᠧᠹᠲ ᠲᠡᠢ ᠬᠠᠷᠢᠴᠠᠭᠤᠯᠬᠤ ᠳᠤ ᠮᠠᠰᠢ ᠬᠢᠮᠳᠠ ᠮᠥᠷᠲᠡᠯ᠎ᠡ ᠠᠭᠠᠷ ᠢ ᠶᠡᠬᠡ ᠪᠣᠬᠢᠷᠳᠠᠭᠤᠯᠤᠨ᠎ᠠ ᠭᠡᠳᠡᠭ ᠳᠤᠲᠠᠭᠳᠠᠯ ᠲᠠᠢ ᠬᠡᠮᠡᠨ ᠦᠵᠡᠭᠳᠡᠵᠦ ᠢᠷᠡᠪᠡ᠃ ᠬᠠᠷᠢᠨ ᠬᠡᠳᠦᠢ ᠪᠡᠷ ᠨᠡᠭᠦᠷᠡᠰᠦ ᠪᠡᠷ ᠭᠠᠯᠯᠠᠳᠠᠭ ᠴᠤ ᠭᠡᠰᠡᠨ IGCC ᠲᠧᠭᠨᠣᠯᠣᠭᠢ ᠨᠡᠭᠦᠷᠡᠰᠦ ᠬᠦᠴᠢᠯ ᠦᠨ ᠬᠡᠢ ᠶᠢᠨ ᠬᠡᠮᠵᠢᠶ᠎ᠡ ᠶᠢ 20% ᠍ ᠢᠶᠠᠷ ᠪᠠᠭᠤᠷᠠᠭᠤᠯᠵᠤ᠂ ᠨᠧᠹᠲ ᠲᠡᠢ ᠪᠠᠷᠤᠭ ᠢᠵᠢᠯ ᠲᠥᠪᠰᠢᠨ ᠳᠦ ᠬᠦᠷᠭᠡᠵᠦ ᠴᠢᠳᠠᠨ᠎ᠠ. SOx᠂ NOx ᠵᠡᠷᠭᠡ ᠪᠣᠳᠠᠰ ᠢᠯᠭᠠᠷᠠᠭᠤᠯᠬᠤ ᠬᠡᠮᠵᠢᠶ᠎ᠡ ᠶᠢ ᠪᠠᠰᠠ ᠶᠡᠬᠡ ᠪᠠᠭᠠᠰᠬᠠᠨ᠎ᠠ᠃ ᠲᠡᠭᠦᠪᠡᠷ ᠦᠯᠦ ᠪᠠᠷᠠᠮ ᠪᠤᠰᠤᠳ ᠲᠥᠷᠥᠯ ᠦᠨ ᠰᠲ᠋ᠠᠨᠼ ᠤᠳ ᠲᠤ ᠠᠰᠢᠭᠯᠠᠬᠤ ᠪᠣᠯᠤᠮᠵᠢ ᠦᠭᠡᠢ ᠪᠠᠢᠭᠰᠠᠨ ᠵᠡᠷᠭᠡᠯᠡᠯ ᠪᠠᠭᠠᠲᠠᠢ ᠨᠡᠭᠦᠷᠡᠰᠦ ᠶᠢ ᠬᠦᠷᠲᠡᠯ᠎ᠡ ᠲᠦᠯᠡᠰᠢᠨ ᠳᠦ ᠠᠰᠢᠭᠯᠠᠵᠤ ᠪᠣᠯᠳᠠᠭ ᠲᠤᠯᠠ ᠡᠳ᠋ ᠍ ᠦᠨ ᠵᠠᠰᠠᠭ ᠤᠨ ᠬᠤᠪᠢ ᠳᠤ ᠴᠤ ᠠᠰᠢᠭᠲᠠᠢ᠃ ᠶᠠᠫᠣᠨ ᠤᠯᠤᠰ ᠲᠤ ᠡᠳ᠋ ᠍ ᠦᠨ ᠵᠠᠰᠠᠭ ᠠᠵᠤ ᠦᠢᠯᠡᠳᠪᠦᠷᠢ ᠶᠢᠨ ᠶᠠᠮᠤᠨ ᠤ ᠳᠡᠮᠵᠢᠯᠭᠡ ᠶᠢᠨ ᠳᠠᠭᠠᠤ ᠡᠷᠴᠢᠮ ᠬᠦᠴᠦᠨ ᠦ ᠰᠠᠯᠪᠤᠷᠢ ᠶᠢᠨ ᠨᠡᠶᠢᠲᠡ 11 ᠠᠵᠤ ᠠᠬᠤᠶᠢ ᠶᠢᠨ ᠨᠢᠭᠡᠴᠡ ᠨᠦᠭᠦᠳ ᠬᠠᠮᠲᠤᠷᠠᠨ ᠡᠨᠡ ᠲᠤᠬᠠᠢ ᠰᠤᠳᠤᠯᠭ᠎ᠠ ᠶᠠᠪᠤᠭᠤᠯᠤᠭᠰᠠᠭᠠᠷ ᠢᠷᠡᠵᠡᠢ᠃ 1986-1996 ᠣᠨ ᠳᠤ ᠲᠤᠷᠰᠢᠯᠲᠠ ᠶᠢᠨ ᠪᠠᠶᠢᠭᠤᠯᠤᠮᠵᠢ ᠠᠵᠢᠯᠯᠠᠭᠤᠯᠵᠤ᠂ 1997-2001 ᠣᠨ ᠳᠤ ᠬᠢᠴᠡ ᠵᠠᠭᠪᠤᠷ ᠤᠨ ᠨᠠᠷᠢᠪᠴᠢᠯᠠᠭᠰᠠᠨ ᠰᠤᠳᠤᠯᠭ᠎ᠠ ᠬᠢᠵᠦ᠂ 2001 - 2012 ᠣᠨ ᠳᠤ ᠨᠻᠣᠰᠣᠭ ᠤᠨ ᠴᠠᠬᠢᠯᠭᠠᠨ ᠰᠲ᠋ᠠᠨᠼ ᠤᠨ ᠲᠠᠯᠠᠪᠠᠢ ᠳᠡᠭᠡᠷ᠎ᠡ ᠪᠣᠳᠠᠲᠤ ᠬᠡᠮᠵᠢᠶᠡᠨᠡᠢ ᠬᠣᠶᠠᠷ ᠤᠨ ᠨᠢᠭᠡ ᠪᠡᠷ ᠬᠢᠭᠳᠡᠭᠰᠡᠨ ᠵᠠᠭᠪᠤᠷ ᠪᠠᠶᠢᠭᠤᠯᠤᠮᠵᠢ ᠶᠢ ᠪᠠᠷᠢᠵᠤ ᠪᠠᠲᠤᠯᠠᠭᠠᠵᠢᠭᠤᠯᠬᠤ ᠠᠵᠢᠯ ᠢᠶᠠᠨ ᠬᠢᠵᠦ ᠭᠦᠢᠴᠡᠳᠭᠡᠵᠡᠢ᠃ ᠪᠤᠰᠤᠳ ᠣᠷᠣᠨ ᠨᠤᠭᠤᠳ ᠴᠤ IGCC ᠲ᠋ᠡᠻᠨᠣᠯᠣᠭ ᠤᠨ ᠲᠤᠬᠠᠢ ᠰᠤᠳᠤᠯᠭ᠎ᠠ ᠶᠢ ᠪᠠᠨ ᠨᠡᠯᠢᠶᠡᠳ ᠳᠡᠭᠡᠷ᠎ᠡ ᠦᠶᠡᠰ ᠡᠬᠢᠯᠡᠭᠰᠡᠨ ᠪᠣᠯᠪᠠᠴᠤ ᠶᠡᠬᠡᠩᠬᠢ ᠣᠷᠣᠨ ᠨᠤᠭᠤᠳ ᠬᠦᠴᠢᠯᠲᠦᠶᠢᠷᠦᠭᠴᠢ ᠶᠢ ᠠᠰᠢᠭᠯᠠᠵᠤ ᠨᠡᠭᠦᠷᠡᠰᠦ ᠶᠢ ᠬᠡᠶᠢᠵᠢᠭᠦᠯᠬᠦ ᠠᠷᠭ᠎ᠠ ᠶᠢ ᠰᠤᠳᠤᠯᠵᠤ ᠪᠠᠢᠭᠰᠠᠨ ᠪᠥᠭᠡᠳ ᠣᠨᠣᠯ ᠤᠨ ᠬᠤᠪᠢ ᠳᠤ ᠠᠭᠠᠷ ᠢ ᠱᠤ ᠳᠤ ᠠᠰᠢᠭᠯᠠᠬᠤ ᠪᠣᠯᠤᠮᠵᠢ ᠦᠭᠡᠢ ᠬᠡᠮᠡᠨ ᠦᠵᠡᠵᠦ ᠪᠠᠶᠢᠪᠠ᠃ ᠬᠠᠷᠢᠨ ᠶᠠᠫᠣᠨ ᠤ 《ᠮᠢᠼᠴᠪᠢᠰᠢᠷᠡᠵ ᠵᠶᠦᠻᠠᠣ᠋》 ХК ᠳᠡᠯᠡᠬᠡᠢ ᠳᠦ ᠠᠩᠬ᠎ᠠ ᠠᠭᠠᠷ ᠢ ᠠᠰᠢᠭᠯᠠᠨ ᠨᠡᠭᠦᠷᠡᠰᠦ ᠶᠢᠨ ᠬᠡᠶᠢᠵᠢᠭᠦᠯᠬᠦ IGCC ᠲᠧᠭᠨᠣᠯᠣᠭᠢ ᠶᠢ ᠪᠣᠯᠪᠠᠰᠤᠷᠠᠭᠤᠯᠤᠨ ᠭᠠᠷᠭᠠᠵᠤ ᠠᠮᠵᠢᠵᠠᠢ᠃ ᠨᠻᠣᠰᠣᠭ ᠤᠨ ᠴᠠᠬᠢᠯᠭᠠᠨ ᠰᠲ᠋ᠠᠨᠼ ᠲᠤ ᠪᠠᠲᠤᠯᠠᠭᠠᠵᠢᠭᠤᠯᠤᠯᠲᠠ ᠶᠢᠨ ᠠᠵᠢᠯ ᠳᠤ ᠠᠰᠢᠭᠯᠠᠵᠤ ᠪᠠᠢᠭᠰᠠᠨ ᠵᠠᠭᠪᠤᠷ ᠪᠠᠶᠢᠭᠤᠯᠤᠮᠵᠢ ᠶᠢ 2013 ᠣᠨ ᠤ 4 ᠰᠠᠷ᠎ᠠ ᠠᠴᠠ ᠬᠣᠶᠢᠰᠢ ᠪᠣᠳᠠᠲᠤ ᠠᠰᠢᠭᠯᠠᠯᠲᠠ ᠳᠤ ᠣᠷᠣᠭᠤᠯᠵᠤ ᠡᠷᠴᠢᠮ ᠬᠦᠴᠦ ᠦᠢᠯᠡᠳᠪᠦᠷᠢᠯᠡᠯ ᠶᠠᠪᠤᠭᠤᠯᠵᠤ ᠪᠠᠶᠢᠨ᠎ᠠ᠃ ّ

ᠲᠦᠯᠬᠢᠭᠦᠷ
ᠦᠭᠡᠰ ّ
[засварлах | кодоор засварлах]

нүүрс хийжүүлэх технологи

ᠡᠬᠢ
ᠰᠤᠷᠪᠤᠯᠵᠢ ّ
[засварлах | кодоор засварлах]

藤田和男 監修, トコトンやさしい石炭の本, 日刊工業, 2009.
http://www.nedo.go.jp/hyoukabu/articles/201306igcc/index.html