Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
ᠳ᠋ᠷᠣᠨ (ᠨᠢᠰᠳᠡᠭ)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!

{| class="wikitable" |+ |[[File:U.S. Soldiers explain, demonstrate unmanned aerial vehicle concepts to Mongolian Armed Forces (Image 1 of 5) 160527-M-TA471-003.jpg|align: top|thumb|center]] |style = "height: 100px;"|ᠮᠣᠩᠭᠤᠯ ᠤᠯᠤᠰ ᠤᠨ ᠵᠡᠪᠰᠡᠭᠲᠦ ᠬᠦᠴᠦᠨ ᠦ ᠪᠦᠷᠢᠯᠳᠦᠬᠦᠨ ᠳᠦ ᠳ᠋ᠷᠣᠨ ᠤ ᠰᠤᠷᠭᠠᠯᠲᠠ ᠶᠠᠪᠤᠭᠳᠠᠭᠰᠠᠨ ᠨᠢ |}
ᠨᠢᠰᠳᠡᠭ ᠳ᠋ᠷᠣᠨ ᠭᠡᠳᠡᠭ ᠨᠢ ᠠᠯᠤᠰ ᠤᠨ ᠤᠳᠤᠷᠢᠳᠤᠯᠭ᠎ᠠ ᠲᠠᠢ᠂ ᠡᠰᠡᠪᠡᠯ ᠥᠪᠡᠷ ᠦᠨ ᠲᠡᠭᠡᠭᠡᠵᠦ ᠶᠠᠪᠤᠭ᠎ᠠ ᠴᠠᠬᠢᠮ ᠲᠣᠭᠠᠴᠠᠭᠠᠯᠠᠭᠣᠷ ᠢᠢᠠᠷ ᠤᠳᠤᠷᠢᠳᠤᠭᠳᠠᠳᠠᠭ ᠨᠢᠰᠬᠦ ᠲᠥᠬᠦᠭᠡᠷᠦᠮᠵᠢ ᠶᠤᠮ᠃ ᠨᠢᠰᠳᠡᠭ ᠳ᠋ᠷᠣᠨ ᠢ ᠠᠵᠢᠭᠯᠠᠯᠲᠠ᠂ ᠬᠢᠨᠠᠯᠲᠠ᠂ ᠰᠤᠳᠤᠯᠭ᠎ᠠ᠂ ᠭᠡᠷᠡᠯ ᠵᠢᠷᠤᠭᠯᠠᠯ᠂ ᠴᠡᠩᠭᠡᠭᠡᠨ ᠵᠡᠷᠭᠡ ᠶᠠᠩᠵᠤ ᠪᠦᠷᠢ ᠢᠢᠨ ᠵᠣᠷᠢᠯᠭ᠎ᠠ ᠳ᠋ᠤ ᠠᠰᠢᠭᠯᠠᠳᠠᠭ᠃

__TOC__
== ᠬᠢᠴᠡ ==
{| class="wikitable" |+ |[[File:Bayraktar TB2 "Vanagas" 02.jpg|align: top|thumb|center]] |style = "height: 100px;"|ᠪᠠᠶ᠋ᠢᠯᠳᠤᠭᠠᠨ ᠤ ᠳ᠋ᠷᠣᠨ ᠪᠠᠢᠢᠷᠠᠻᠲ᠋ᠠᠷ |}
ᠵᠠᠷᠢᠮ ᠲᠣᠬᠢᠶᠠᠯᠳᠤᠯ ᠳᠤ ᠳ᠋ᠷᠤᠨ ᠢ ᠨᠢᠰᠬᠡᠭᠴᠢ ᠲᠡᠢ ᠣᠩᠭᠣᠴᠠᠨ ᠤ ᠬᠢᠴᠡ ᠵᠠᠭᠪᠤᠷ ᠢ ᠪᠠᠷᠢᠮᠲᠠᠯᠠᠵᠤ ᠬᠢᠳᠡᠭ᠃ ᠢᠯᠭᠠᠭ᠎ᠠ ᠨᠢ ᠭᠡᠪᠡᠯ ᠨᠢᠰᠬᠡᠭᠴᠢ ᠦᠭᠡᠢ ᠣᠩᠭᠣᠴᠠ ᠨᠢ ᠨᠢᠰᠬᠡᠭᠴᠢ ᠶᠢᠨ ᠪᠦᠬᠡᠭᠡᠭ᠂ ᠴᠣᠩᠬᠣ᠂ ᠠᠮᠢᠨ ᠬᠠᠩᠭᠠᠮᠵᠢ ᠶᠢᠨ ᠰᠢᠰᠲ᠋ᠧᠮ ᠬᠡᠷᠡᠭ ᠦᠭᠡᠢ ᠲᠤᠯᠠ ᠵᠠᠢ᠂ ᠵᠢᠩ ᠬᠡᠮᠨᠡᠬᠦ᠂ ᠲᠡᠭᠦᠨᠴᠢᠯᠡᠨ ᠢᠯᠡᠭᠦᠦ ᠬᠥᠩᠭᠡᠨ᠂ ᠬᠢᠮᠳᠠ ᠲᠦᠭᠦᠬᠡᠢ ᠡᠳ᠋ ᠠᠰᠢᠭᠯᠠᠬᠤ ᠪᠣᠯᠤᠮᠵᠢ ᠲᠠᠢ᠃ ᠵᠠᠷᠢᠮ ᠵᠠᠭᠪᠤᠷ ᠨᠢ ᠨᠢᠰᠬᠡᠭᠴᠢ ᠲᠡᠢ ᠪᠣᠯᠤᠨ ᠨᠢᠰᠬᠡᠭᠴᠢ ᠦᠭᠡᠢ ᠬᠣᠶᠠᠷ ᠭᠣᠷᠢᠮ ᠢᠢᠠᠷ ᠠᠵᠢᠯᠯᠠᠬᠤ ᠪᠠᠷ ᠵᠣᠬᠢᠶᠠᠭᠳᠠᠭᠰᠠᠨ ᠪᠠᠶ᠋ᠢᠳᠠᠭ᠃
ᠨᠢᠰᠳᠡᠭ ᠳᠠᠯᠠᠪᠴᠢ ᠪᠣᠯᠤᠨ ᠳᠠᠯᠠᠪᠴᠢ᠂ ᠶᠡᠬᠡ ᠪᠡᠶ᠎ᠡ ᠠᠭᠤᠰᠤᠨ ᠨᠡᠶ᠋ᠢᠯᠡᠭᠰᠡᠨ ᠵᠠᠭᠪᠤᠷ ᠢ ᠲᠦᠭᠡᠮᠡᠯ ᠬᠡᠷᠡᠭᠯᠡᠨ᠎ᠡ᠃ ᠡᠶ᠋ᠢᠮᠦ ᠬᠢᠴᠡ ᠨᠢ ᠵᠢᠩ᠂ ᠠᠭᠠᠷ ᠤᠨ ᠡᠰᠡᠷᠭᠦᠴᠡᠯ ᠢ ᠪᠠᠭᠤᠷᠠᠭᠤᠯᠬᠤ ᠶᠢᠨ ᠵᠡᠷᠭᠡᠴᠡᠭᠡ ᠣᠩᠭᠣᠴᠠ ᠢᠯᠡᠷᠡᠭᠦᠯᠬᠦ ᠠᠯᠢᠪᠠ ᠲᠧᠻᠨᠣᠯᠣᠭᠢ ᠶᠢᠨ ᠲᠥᠬᠦᠭᠡᠷᠦᠮᠵᠢ ᠳᠦ ᠢᠯᠡᠷᠡᠬᠦ ᠦᠭᠡᠢ ᠨᠢᠭᠤᠴᠠ ᠨᠢᠰᠬᠦ ᠳᠦ ᠪᠠᠰᠠ ᠲᠣᠬᠢᠷᠠᠮᠵᠢᠲᠠᠢ ᠪᠠᠶ᠋ᠢᠳᠠᠭ᠃ ᠵᠢᠵᠢᠭ ᠬᠡᠮᠵᠢᠶᠡᠨ ᠦ ᠳ᠋ᠷᠤᠨ ᠳᠤ ᠳᠥᠷᠪᠡᠨ ᠰᠡᠩᠰᠡᠳᠦ ᠪᠣᠰᠤᠭ᠎ᠠ ᠲᠡᠩᠬᠡᠯᠢᠭ ᠢᠢᠡᠷ ᠬᠥᠭᠡᠷᠬᠦ ᠵᠠᠭᠪᠤᠷ ᠢ ᠥᠷᠭᠡᠨ ᠬᠡᠷᠡᠭᠯᠡᠵᠦ ᠪᠠᠶ᠋ᠢᠨ᠎ᠠ᠃<ref>Gabriel M. Hoffmann. Haomiao Huang. Steven L. Waslander. Claire J. Tomlin. Quadrotor Helicopter Flight Dynamics and Control: Theory and Experiment. Stanford University 2010/08/13. <nowiki>https://web.archive.org/web/20100813162324/http://hoffmann.stanford.edu/papers/Quadrotor_Dynamics_GNC07.pdf</nowiki></ref>
ᠲᠡᠭᠦᠨᠴᠢᠯᠡᠨ ᠰᠢᠪᠠᠭᠤ᠂ ᠰᠢᠪᠠᠵᠢᠨ ᠤ ᠬᠡᠯᠪᠡᠷᠢ ᠲᠡᠢ ᠪᠢᠴᠢᠯ ᠳ᠋ᠷᠤᠨ ᠠᠰᠢᠭᠯᠠᠭᠳᠠᠳᠠᠭ᠃ ᠵᠢᠵᠢᠭ ᠬᠡᠮᠵᠢᠶ᠎ᠡ ᠲᠡᠢ᠂ ᠳ᠋ᠷᠤᠨ ᠭᠡᠵᠦ ᠬᠢᠯᠪᠠᠷ ᠮᠡᠳᠡᠭᠳᠡᠬᠦ ᠦᠭᠡᠢ ᠲᠤᠯᠠ ᠲᠠᠩᠨᠠᠭᠤᠯ ᠤᠨ ᠦᠢᠯᠡ ᠠᠵᠢᠯᠯᠠᠭᠠᠨ ᠳᠤ ᠬᠡᠷᠡᠭᠯᠡᠬᠦ ᠪᠣᠯᠤᠮᠵᠢ ᠲᠠᠢ᠃ ᠡᠶ᠋ᠢᠮᠦ ᠲᠥᠷᠥᠯ ᠦᠨ ᠳ᠋ᠷᠤᠨ ᠨᠢ ᠳᠠᠯᠠᠪᠴᠢ ᠳᠡᠪᠢᠵᠦ ᠨᠢᠰᠦᠨ᠎ᠡ᠃
ᠰᠢᠩᠭᠠᠫᠦ᠋ᠷ ᠤᠨ ᠲᠧᠻᠨᠣᠯᠣᠭᠢ ᠶᠢᠨ ᠨᠠᠨᠢᠶᠠᠩ ᠶᠡᠬᠡ ᠰᠤᠷᠭᠠᠭᠤᠯᠢ ᠪᠠ ᠻᠠᠯᠢᠹᠣᠷᠨᠢᠶ᠎ᠠ ᠶᠢᠨ ᠪᠧᠷᠻᠯᠧᠢ ᠶᠡᠬᠡ ᠰᠤᠷᠭᠠᠭᠤᠯᠢ ᠶᠢᠨ ᠪᠠᠭ ᠠᠮᠢᠳᠤ ᠴᠣᠬᠣ ᠶᠢ ᠠᠰᠢᠭᠯᠠᠨ ᠰᠢᠪᠠᠵᠢ ᠻᠣᠮᠫᠢᠶᠦ᠋ᠲ᠋ᠧᠷ ᠦᠨ ᠬᠣᠣᠰᠯᠠᠯ ᠷᠣᠪᠣᠲ ᠪᠦᠲᠦᠭᠡᠵᠡᠢ᠃
ᠴᠣᠬᠣ ᠬᠣᠷᠣᠬᠠᠢ ᠬᠤᠷᠳᠤᠨ ᠪᠥᠭᠡᠳ ᠠᠭᠠᠷ ᠲᠤ ᠪᠠᠶ᠋ᠢᠯᠭᠠᠬᠤ ᠶᠢᠨ ᠲᠤᠯᠠᠳᠠ ᠶᠠᠮᠠᠷ ᠴᠤ ᠢᠨ᠍ᠵᠧᠨᠧᠷᠴᠢᠯᠡᠯ ᠱᠠᠭᠠᠷᠳᠠᠯᠭ᠎ᠠ ᠦᠭᠡᠢ ᠲᠤᠯᠠ ᠳ᠋ᠷᠤᠨ ᠢ ᠣᠷᠣᠯᠠᠵᠤ ᠪᠣᠯᠤᠨ᠎ᠠ ᠭᠡᠵᠦ ᠲᠡᠳᠡ ᠦᠵᠡᠵᠦ ᠪᠠᠶ᠋ᠢᠨ᠎ᠠ᠃<ref>Alice Morby. Remote controlled cyborg beetles could replace drones. Dezeen 2016/03/30. <nowiki>https://www.dezeen.com/2016/03/30/remote-controlled-flying-cyborg-beetles-alternative-drones-nanyang-technological-university-singapore-california-berkley</nowiki></ref>

== ᠬᠥᠳᠡᠯᠭᠡᠭᠦᠷ ==
{| class="wikitable" |+ |[[File:Drone engine (unspecified) - Evergreen Aviation & Space Museum - McMinnville, Oregon - DSC00484.jpg|align: top|thumb|center]] |style = "height: 100px;"|ᠳ᠋ᠷᠤᠨ ᠳᠤ ᠠᠰᠢᠭᠯᠠᠭᠰᠠᠨ ᠳᠣᠲᠤᠭᠠᠳᠤ ᠰᠢᠲᠠᠯᠲᠠ ᠢᠢᠨ ᠬᠥᠳᠡᠯᠭᠡᠭᠦᠷ |}
ᠳ᠋ᠷᠤᠨ ᠤ ᠬᠥᠳᠡᠯᠭᠡᠭᠦᠷ ᠨᠢ ᠲᠦᠯᠡᠰᠢᠨ ᠦ᠂ ᠬᠣᠯᠢᠮᠠᠭ (ᠾᠢᠪᠷᠢᠳ᠋)᠂ ᠴᠠᠬᠢᠯᠭᠠᠨ ᠪᠠᠶ᠋ᠢᠵᠤ ᠪᠣᠯᠳᠠᠭ᠃ ᠳ᠋ᠷᠤᠨ ᠤ ᠬᠥᠳᠡᠯᠭᠡᠭᠦᠷ ᠦᠨ ᠲᠧᠻᠨᠣᠯᠣᠭᠢ ᠨᠢ ᠨᠢᠰᠦᠯᠭᠡ ᠶᠢᠨ ᠣᠨᠴᠠᠯᠢᠭ ᠱᠠᠭᠠᠷᠳᠠᠯᠭ᠎ᠠ ᠨᠤᠭᠤᠳ ᠲᠠᠢ ᠨᠢᠭᠲᠠ ᠤᠶᠠᠯᠳᠤᠭ᠎ᠠ ᠲᠠᠢ ᠪᠠᠶ᠋ᠢᠳᠠᠭ᠃<ref>Bowen Zhang, Zaixin Song, Fei Zhao, Chunhua Liu. Overview of Propulsion Systems for Unmanned Aerial Vehicles. Energies journal 2022. <nowiki>https://www.mdpi.com/1996-1073/15/2/455/pdf</nowiki></ref>
ᠬᠣᠯᠠ ᠶᠢᠨ ᠵᠠᠢ ᠳᠤ ᠨᠢᠰᠬᠦ ᠲᠥᠬᠥᠭᠡᠷᠦᠮᠵᠢ ᠳᠦ ᠳᠣᠲᠣᠭᠠᠳᠤ ᠰᠢᠲᠠᠯᠲᠠ ᠶᠢᠨ ᠪᠣᠯᠤᠨ ᠲᠡᠶ᠋ᠢᠷᠦᠯᠲᠡᠲᠦ ᠬᠥᠳᠡᠯᠭᠡᠭᠦᠷ ᠠᠰᠢᠭᠯᠠᠳᠠᠭ᠃ ᠬᠠᠷᠢᠨ ᠣᠶ᠋ᠢᠷ᠎ᠠ ᠶᠢᠨ ᠵᠠᠢ ᠶᠢᠨ ᠨᠢᠰᠦᠯᠭᠡ ᠳ᠋ᠦ ᠴᠠᠬᠢᠯᠭᠠᠨ ᠬᠥᠳᠡᠯᠭᠡᠭᠦᠷ ᠪᠠᠶ᠋ᠢᠷᠢ ᠰᠠᠭᠤᠷᠢ ᠪᠠᠨ ᠪᠦᠷᠢᠨ ᠡᠵᠡᠯᠡᠭᠰᠡᠨ᠃
ᠳᠣᠲᠣᠭᠠᠳᠤ ᠰᠢᠲᠠᠯᠲᠠ ᠶᠢᠨ ᠬᠥᠳᠡᠯᠭᠡᠭᠦᠷ ᠦᠨ ᠲᠤᠬᠠᠢ ᠳᠤ ᠵᠠᠷᠢᠮ ᠳ᠋ᠷᠤᠨ ᠳᠤ ᠸᠠᠨ᠍ᠻᠧᠯ ᠦᠨ ᠡᠷᠭᠢᠯᠲᠡᠲᠦ ᠬᠥᠳᠡᠯᠭᠡᠭᠦᠷ (Wankel rotary engine) ᠠᠵᠢᠯᠯᠠᠭᠤᠯᠵᠤ ᠪᠠᠶ᠋ᠢᠨ᠎ᠠ᠃ ᠡᠶ᠋ᠢᠮᠦ ᠬᠥᠳᠡᠯᠭᠡᠭᠦᠷ ᠪᠦᠯᠢᠭᠦᠷ ᠦᠭᠡᠢ᠂ ᠪᠠᠭ᠎ᠠ ᠵᠢᠩ ᠲᠡᠢ ᠪᠣᠯᠪᠠᠴᠤ ᠴᠢᠳᠠᠯ ᠥᠨᠳᠥᠷ ᠲᠡᠢ᠂ ᠳᠠᠭᠤᠤ ᠴᠢᠮᠡᠭᠡ ᠪᠠᠭ᠎ᠠ᠂ ᠴᠡᠴᠡᠷᠡᠭᠡ ᠦᠭᠡᠢ ᠠᠵᠢᠯᠯᠠᠳᠠᠭ᠃
ᠴᠠᠬᠢᠯᠭᠠᠨ ᠬᠥᠳᠡᠯᠭᠡᠭᠦᠷ ᠦᠨ ᠲᠤᠬᠠᠢ ᠳᠤ ᠪᠠᠭ᠎ᠠ ᠣᠪᠣᠷ ᠤᠨ ᠳ᠋ᠷᠤᠨ ᠳᠤ ᠯᠢᠲᠢᠶᠤᠮ-ᠫᠣᠯᠢᠮᠧᠷ (lithium-polymer) ᠵᠠᠢ ᠬᠡᠷᠡᠭᠯᠡᠳᠡᠭ᠂ ᠬᠠᠷᠢᠨ ᠲᠣᠮᠣ ᠵᠠᠭᠪᠤᠷ ᠤᠨ ᠳ᠋ᠷᠤᠨ ᠳᠤ ᠤᠰᠤ ᠲᠥᠷᠦᠭᠴᠢ ᠶᠢᠨ ᠵᠠᠢ (hydrogen fuel cell) ᠬᠡᠷᠡᠭᠯᠡᠨ᠎ᠡ᠃ ᠴᠠᠬᠢᠯᠭᠠᠨ ᠬᠥᠳᠡᠯᠭᠡᠭᠦᠷ ᠬᠢᠮᠳᠠ ᠲᠥᠰᠥᠷ᠂ ᠬᠥᠩᠭᠡᠨ᠂ ᠳᠠᠭᠤᠤ ᠴᠢᠮᠡᠭᠡ ᠪᠠᠭᠠᠲᠠᠢ ᠨᠢ ᠳᠠᠪᠠᠭᠤ ᠲᠠᠯ᠎ᠠ ᠪᠣᠯᠳᠠᠭ᠃

== ᠤᠳᠤᠷᠢᠳᠤᠯᠭ᠎ᠠ ==
{| class="wikitable" |+ |[[File:Bayraktar_Portatif_YKİ_Tip_2.JPG|align: top|thumb|center]] |style = "height: 100px;"|ᠵᠥᠭᠡᠭᠡᠪᠦᠷᠢ ᠢᠢᠨ ᠭᠠᠵᠠᠷ ᠤᠨ ᠤᠳᠤᠷᠢᠳᠤᠯᠭ᠎ᠠ |}
ᠳ᠋ᠷᠤᠨ ᠤ ᠤᠳᠤᠷᠢᠳᠤᠯᠭ᠎ᠠ ᠶᠢᠨ ᠰᠢᠰᠲ᠋ᠧᠮ ᠨᠢ ᠬᠥᠯᠥᠭ ᠳᠡᠭᠡᠷᠡᠬᠢ ᠪᠦᠷᠢᠯᠳᠦᠬᠦᠨ ᠬᠡᠰᠡᠭ ᠪᠠ ᠭᠠᠵᠠᠷ ᠳᠡᠭᠡᠷᠡᠬᠢ ᠪᠦᠷᠢᠯᠳᠦᠬᠦᠨ ᠬᠡᠰᠡᠭ ᠲᠦ ᠬᠤᠪᠢᠶᠠᠭᠳᠠᠨ᠎ᠠ᠃ ᠬᠥᠯᠥᠭ ᠳᠡᠭᠡᠷᠡᠬᠢ ᠪᠦᠷᠢᠯᠳᠦᠬᠦᠨ ᠬᠡᠰᠡᠭ ᠲᠦ ᠨᠢᠰᠦᠯᠭᠡ ᠶᠢᠨ ᠤᠳᠤᠷᠢᠳᠤᠯᠭ᠎ᠠ ᠪᠤᠶᠤ ᠠᠦ᠋ᠲ᠋ᠣᠫᠢᠯᠣᠲ᠂ ᠬᠣᠯᠪᠣᠭᠠᠨ ᠤ ᠲᠥᠬᠦᠭᠡᠷᠦᠮᠵᠢ᠂ ᠮᠡᠳᠡᠷᠡᠭᠴᠢ ᠪᠣᠯᠤᠨ ᠲᠤᠰᠠᠯᠠᠬᠤ ᠲᠥᠬᠦᠭᠡᠷᠦᠮᠵᠢ ᠨᠦᠭᠦᠳ ᠪᠠᠭᠲᠠᠨ᠎ᠠ᠃ ᠭᠠᠵᠠᠷ ᠳᠡᠭᠡᠷᠡᠬᠢ ᠪᠦᠷᠢᠯᠳᠦᠬᠦᠨ ᠬᠡᠰᠡᠭ ᠲᠦ ᠵᠠᠢ ᠶᠢᠨ ᠤᠳᠤᠷᠢᠳᠤᠯᠭ᠎ᠠ ᠶᠢᠨ ᠲᠥᠬᠥᠭᠡᠷᠦᠮᠵᠢ᠂ ᠫᠷᠣᠭ᠌ᠷᠠᠮ ᠬᠠᠩᠭᠠᠮᠵᠢ᠂ ᠬᠣᠯᠪᠣᠭᠠᠨ ᠤ ᠲᠥᠬᠥᠭᠡᠷᠦᠮᠵᠢ᠂ ᠬᠢᠨᠠᠯᠲᠠ ᠶᠢᠨ ᠳᠡᠯᠭᠡᠴᠡ ᠪᠠᠭᠲᠠᠨ᠎ᠠ᠃<ref>Flight Control System Description. UAV Navigation. ᠬᠠᠩᠳᠤᠭᠰᠠᠨ 2022/10/23 https᠄//www.uavnavigation.com/support/kb/general/general-system-info/flight-control-system-description</ref>
ᠮᠡᠳᠡᠷᠡᠭᠴᠢ ᠨᠦᠭᠦᠳ ᠨᠢ ᠥᠨᠳᠦᠷ᠂ ᠪᠠᠶ᠋ᠢᠷᠢᠰᠢᠯ᠂ ᠬᠤᠷᠳᠤ ᠪᠣᠯᠤᠨ ᠪᠤᠰᠤᠳ ᠨᠥᠬᠥᠴᠡᠯ ᠪᠠᠶ᠋ᠢᠳᠠᠯ ᠤᠨ ᠦᠵᠡᠭᠦᠯᠦᠯᠲᠡ ᠨᠦᠭᠦᠳ ᠢ ᠲᠣᠳᠣᠷᠬᠠᠶ᠋ᠢᠯᠠᠵᠤ᠂ ᠢᠳᠡᠪᠬᠢᠵᠢᠭᠦᠯᠦᠭᠴᠢ ᠨᠦᠭᠦᠳ ᠲᠦ ᠳᠠᠮᠵᠢᠭᠤᠯᠤᠨ᠎ᠠ᠃<ref>Floreano, Dario; Wood, Robert J. (2015/05/27). "Science, technology and the future of small autonomous drones". ''Nature''. '''521''' (7553): 460–466. https://infoscience.epfl.ch/record/208757</ref> ᠮᠥᠨ ᠣᠶ᠋ᠢᠷᠠᠳᠤᠨ ᠢᠷᠡᠵᠦ ᠪᠤᠢ ᠵᠦᠢᠯ ᠢ ᠮᠡᠳᠡᠷᠡᠵᠦ᠂ ᠬᠥᠯᠥᠭ ᠲᠣᠭᠣᠷᠢᠨ ᠭᠠᠷᠬᠤ᠂ ᠮᠥᠷᠭᠥᠯᠳᠦᠭᠡᠨ ᠡᠴᠡ ᠵᠠᠶ᠋ᠢᠯᠠᠬᠤ ᠦᠢᠯᠡᠳᠦᠯ ᠢ ᠡᠬᠢᠯᠡᠭᠦᠯᠬᠦ ᠳᠦ ᠣᠷᠣᠯᠴᠠᠨ᠎ᠠ᠃<ref>Fasano, Giancarmine; Accardo, Domenico; Tirri, Anna Elena; Moccia, Antonio; De Lellis, Ettore (2015/10/01). "Radar/electro-optical data fusion for non-cooperative UAS sense and avoid". ''Aerospace Science and Technology''. 46: 436–450. https://www.sciencedirect.com/science/article/pii/S1270963815002540?via%3Dihub</ref>
ᠡᠷᠬᠡ ᠴᠢᠯᠦᠭᠡᠨ ᠦ ᠵᠡᠷᠭᠡ ᠭᠡᠳᠡᠭ ᠨᠢ ᠬᠥᠯᠥᠭ ᠳ᠋ᠡᠬᠢ ᠮᠡᠳᠡᠷᠡᠭᠴᠢ ᠨᠦᠭᠦᠳ ᠦᠨ ᠲᠣᠭ᠎ᠠ ᠪᠠ ᠴᠢᠨᠠᠷ ᠢᠢᠠᠷ ᠲᠣᠳᠣᠷᠬᠠᠶ᠋ᠢᠯᠠᠭᠳᠠᠨ᠎ᠠ᠃ ᠡᠷᠬᠡ ᠴᠢᠯᠦᠭᠡᠨ ᠦ 6 ᠵᠡᠷᠭᠡ ᠨᠢ 3 ᠲᠡᠩᠬᠡᠯᠢᠭᠲᠦ ᠭᠢᠷᠣᠰᠻᠣᠫ ᠪᠣᠯᠤᠨ ᠬᠤᠷᠳᠤᠳᠬᠠᠯ ᠬᠡᠮᠵᠢᠭᠦᠷ᠂ 9 ᠵᠡᠷᠭᠡ ᠨᠢ ᠬᠤᠷᠳᠤᠳᠬᠠᠯ ᠬᠡᠮᠵᠢᠭᠦᠷ ᠪᠣᠯᠤᠨ ᠯᠤᠤᠵᠢᠩ᠂ 10 ᠵᠡᠷᠭᠡ ᠪᠣᠯ ᠳᠠᠷᠤᠯᠲᠠ ᠬᠡᠮᠵᠢᠬᠦ ᠪᠠᠷᠣᠮᠧᠲ᠋ᠷ ᠨᠡᠮᠡᠭᠳᠡᠨ᠎ᠡ᠂ 11 ᠵᠡᠷᠭᠡ ᠪᠣᠯ ᠭᠠᠵᠠᠷ ᠵᠦᠢ ᠶᠢᠨ ᠪᠠᠶ᠋ᠢᠷᠢᠰᠢᠯ ᠤᠨ ᠰᠢᠰᠲ᠋ᠧᠮ ᠦᠨ (GPS) ᠬᠦᠯᠢᠶᠡᠨ ᠠᠪᠤᠭᠴᠢ ᠨᠡᠮᠡᠭᠳᠡᠨ᠎ᠡ᠃<ref>"Arduino Playground – WhatIsDegreesOfFreedom6DOF9DOF10DOF11DOF". ''playground.arduino.cc''. ᠬᠠᠨᠳᠤᠭᠰᠠᠨ 2016/02/04. https://playground.arduino.cc/Main/WhatIsDegreesOfFreedom6DOF9DOF10DOF11DOF/</ref>
ᠢᠳᠡᠪᠬᠢᠵᠢᠭᠦᠯᠦᠭᠴᠢ ᠨᠦᠭᠦᠳ ᠨᠢ ᠬᠥᠳᠡᠯᠭᠡᠭᠦᠷ ᠲᠦ ᠬᠣᠯᠪᠣᠭᠰᠠᠨ ᠬᠤᠷᠳᠤ ᠬᠢᠨᠠᠭᠴᠢ᠂ ᠵᠡᠪᠰᠡᠭ᠂ ᠪᠤᠰᠤᠳ ᠠᠴᠢᠶᠠᠨ ᠤ ᠲᠥᠬᠥᠭᠡᠷᠦᠮᠵᠢ᠂ LED ᠭᠡᠷᠡᠯ᠂ ᠶᠠᠷᠢᠭᠴᠢ ᠭᠡᠬᠦ ᠵᠡᠷᠭᠡ ᠪᠠᠶ᠋ᠢᠨ᠎ᠠ᠃
ᠳ᠋ᠷᠣᠨ ᠤ ᠫᠷᠣᠭ᠌ᠷᠠᠮ ᠬᠠᠩᠭᠠᠮᠵᠢ ᠶᠢᠨ ᠵᠣᠷᠢᠯᠭ᠎ᠠ ᠨᠢ ᠮᠡᠳᠡᠷᠡᠭᠴᠢ ᠡᠴᠡ ᠮᠡᠳᠡᠭᠡᠯᠡᠯ ᠠᠪᠬᠤ᠂ ᠮᠣᠲ᠋ᠣᠷ ᠢ ᠤᠳᠤᠷᠢᠳᠴᠤ ᠬᠥᠯᠭᠡ ᠶᠢᠨ ᠲᠣᠭᠲᠠᠪᠤᠷᠢᠯᠲᠠ ᠢᠢ ᠬᠠᠩᠭᠠᠬᠤ᠂ ᠭᠠᠵᠠᠷ ᠤᠨ ᠤᠳᠤᠷᠢᠳᠤᠯᠭ᠎ᠠ ᠪᠣᠯᠤᠨ ᠨᠢᠰᠦᠯᠭᠡ ᠶᠢᠨ ᠲᠥᠯᠥᠪᠯᠡᠯᠲᠡ ᠶᠢ ᠮᠡᠳᠡᠭᠡᠯᠡᠬᠦ ᠳᠦ ᠣᠷᠣᠰᠢᠨ᠎ᠠ᠃<ref>Carlson, Daniel F.; Rysgaard, Søren (1 January 2018). "Adapting open-source drone autopilots for real-time iceberg observations". ''MethodsX''. '''5''': 1059–1072. National Library of Medicine.https://www.ncbi.nlm.nih.gov/pmc/articles/PMC6139390/</ref>
ᠳ᠋ᠷᠣᠨ ᠨᠢ ᠮᠡᠳᠡᠷᠡᠭᠴᠢ ᠶᠢᠨ ᠥᠭᠭᠥᠭᠳᠡᠯ ᠥᠭᠡᠷᠡᠴᠢᠯᠡᠭᠳᠡᠬᠦ ᠳᠦ ᠬᠤᠷᠳᠤᠨ ᠬᠠᠷᠢᠭᠤ ᠦᠢᠯᠡᠳᠬᠦ ᠱᠠᠭᠠᠷᠳᠠᠯᠭ᠎ᠠ ᠲᠠᠢ ᠪᠣᠳᠠᠲᠤ ᠴᠠᠭ ᠤᠨ ᠰᠢᠰᠲ᠋ᠧᠮ ᠪᠢᠯᠡ᠃ ᠲᠡᠶ᠋ᠢᠮᠦ ᠡᠴᠡ ᠳ᠋ᠷᠣᠨ ᠨᠢ ᠲᠣᠭᠠᠴᠠᠭᠠᠯᠠᠯ ᠤᠨ ᠬᠡᠷᠡᠭᠴᠡᠭᠡ ᠪᠡᠨ ᠳᠠᠩ ᠬᠠᠪᠲᠠᠩᠳᠤ ᠻᠣᠮᠫᠢᠶᠦ᠋ᠲ᠋ᠧᠷ ᠢᠢᠡᠷ ᠭᠦᠢᠴᠡᠳᠭᠡᠳᠡᠭ᠃ ᠡᠶ᠋ᠢᠮᠦ ᠻᠣᠮᠫᠢᠶᠦ᠋ᠲ᠋ᠧᠷ ᠦᠨ ᠵᠢᠱᠢᠶᠡᠨ ᠳᠦ Raspberry Pis᠂ Beagleboards᠂ NuttX᠂ RT Linux᠂ Xenomai᠂ Orocos-Robot Operating System or DDS-ROS 2.0 ᠵᠡᠷᠭᠡ ᠶᠢ ᠳᠤᠷᠠᠳᠴᠤ ᠪᠣᠯᠤᠨ᠎ᠠ᠃
ᠳ᠋ᠷᠣᠨ ᠤ ᠫᠷᠣᠭ᠌ᠷᠠᠮ ᠬᠠᠩᠭᠠᠮᠵᠢ ᠨᠡᠭᠡᠭᠡᠯᠲᠡ ᠲᠡᠢ ᠡᠬᠢ ᠰᠤᠷᠪᠤᠯᠵᠢ ᠶᠢᠨ ᠴᠢᠨᠠᠷ ᠲᠠᠢ ᠲᠤᠯᠠ ᠲᠣᠳᠣᠷᠬᠠᠢ ᠵᠣᠷᠢᠯᠭ᠎ᠠ ᠳᠤ ᠨᠡᠶ᠋ᠢᠴᠡᠭᠦᠯᠦᠨ ᠦᠭᠡᠷᠡᠴᠢᠯᠡᠵᠦ ᠪᠣᠯᠳᠠᠭ᠃<ref>Lesko, J.; Schreiner, M.; Megyesi, D.; Kovacs, Levente (2019/11). "Pixhawk PX-4 Autopilot in Control of a Small Unmanned Airplane". ''2019 Modern Safety Technologies in Transportation (MOSATT)''. Kosice, Slovakia: IEEE: 90–93. https://ieeexplore.ieee.org/document/8944101</ref>
ᠣᠷᠴᠢᠨ ᠴᠠᠭ ᠤᠨ ᠳ᠋ᠷᠣᠨ ᠤ ᠠᠯᠤᠰ ᠤᠨ ᠤᠳᠤᠷᠢᠳᠤᠯᠭ᠎ᠠ᠂ ᠵᠢᠯᠣᠭᠣᠳᠤᠯᠭ᠎ᠠ ᠳᠤ ᠬᠥᠳᠡᠯᠭᠡᠭᠡᠨᠳᠦ ᠳᠦᠷᠰᠦ ᠳᠠᠮᠵᠢᠭᠤᠯᠬᠤ ᠱᠠᠭᠠᠷᠳᠠᠯᠭ᠎ᠠ ᠲᠠᠢ ᠪᠠᠶ᠋ᠢᠳᠠᠭ ᠲᠤᠯᠠ ᠪᠦᠬᠦ ᠲᠥᠷᠦᠯ ᠦᠨ ᠥᠭᠭᠥᠭᠳᠡᠯ ᠳᠦ ᠥᠷᠭᠡᠨ ᠵᠤᠷᠪᠤᠰ ᠤᠨ (broadband) ᠬᠣᠯᠪᠣᠯᠲᠠ ᠠᠰᠢᠭᠯᠠᠳᠠᠭ᠃
ᠡᠳᠡᠭᠡᠷ ᠥᠷᠭᠡᠨ ᠵᠤᠷᠪᠤᠰ ᠤᠨ ᠬᠣᠯᠪᠣᠯᠲᠠ ᠨᠤᠭᠤᠳ ᠨᠢ ᠰᠢᠰᠲ᠋ᠧᠮ ᠦᠨ ᠠᠵᠢᠯᠯᠠᠭᠠᠨ ᠤ ᠴᠢᠨᠠᠷ ᠤᠨ ᠬᠢᠨᠠᠯᠲᠠ ᠶᠢ ᠬᠡᠷᠡᠭᠵᠢᠭᠦᠯᠬᠦ ᠳᠦ ᠠᠰᠢᠭᠯᠠᠭᠳᠠᠵᠤ ᠪᠣᠯᠬᠤ ᠪᠠ ᠢᠨ᠍ᠲ᠋ᠧᠷᠨᠧᠲ ᠳ᠋ᠡᠬᠢ TCP/IP ᠤᠷᠤᠰᠬᠠᠯ ᠢ ᠳᠠᠮᠵᠢᠭᠤᠯᠤᠨ᠎ᠠ᠃
ᠣᠫᠧᠷᠠᠲ᠋ᠣᠷ ᠲᠠᠯ᠎ᠠ ᠶᠢᠨ ᠷᠠᠳᠢᠣ᠋ ᠳᠣᠬᠢᠶ᠎ᠠ ᠶᠢ ᠳᠠᠷᠠᠭᠠᠬᠢ ᠡᠭᠦᠰᠪᠦᠷᠢ ᠨᠤᠭᠦᠳ ᠡᠴᠡ ᠥᠭᠴᠦ ᠪᠣᠯᠤᠨ᠎ᠠ᠄
~ ᠭᠠᠵᠠᠷ ᠤᠨ ᠤᠳᠤᠷᠢᠳᠤᠯᠭ᠎ᠠ – ᠬᠦᠮᠦᠨ ᠠᠵᠢᠯᠯᠠᠭᠤᠯᠳᠠᠭ [[Цахилгаан соронзон долгионы хуваарь|ᠷᠠᠳᠢᠣ᠋ ᠳᠣᠯᠭᠢᠶᠠᠨ]] ᠳᠠᠮᠵᠢᠭᠤᠯᠤᠭᠴᠢ/ᠬᠦᠯᠢᠶᠡᠨ ᠠᠪᠤᠭᠴᠢ᠂ ᠮᠥᠨ ᠤᠬᠠᠭᠠᠯᠢᠭ ᠭᠠᠷ ᠤᠲᠠᠰᠤ᠂ ᠲᠠᠪᠯᠧᠲtablet᠂ ᠻᠣᠮᠫᠢᠶᠦ᠋ᠲ᠋ᠧᠷ᠂ ᠡᠰᠡᠪᠡᠯ ᠴᠡᠷᠢᠭ ᠦᠨ ᠭᠠᠵᠠᠷ ᠤᠨ ᠤᠳᠤᠷᠢᠳᠤᠯᠭ᠎ᠠ ᠶᠢᠨ ᠰᠲ᠋ᠠᠨ᠍ᠼ (GCS)᠃
~ ᠵᠠᠷᠢᠮ ᠤᠯᠤᠰ ᠤᠨ ᠵᠡᠪᠰᠡᠭᠲᠦ ᠬᠦᠴᠦᠨ ᠦ ᠬᠢᠮᠡᠯ ᠳᠠᠭᠠᠭᠤᠯᠢ ᠶᠢᠨ ᠥᠭᠭᠥᠭᠳᠡᠯ ᠦᠨ ᠬᠣᠣᠰ ᠬᠣᠯᠪᠣᠯᠲᠠ ᠭᠡᠬᠦ ᠵᠡᠷᠭᠡ ᠶᠢᠨ ᠠᠯᠤᠰ ᠤᠨ ᠵᠠᠢ ᠶᠢᠨ ᠰᠦᠯᠵᠢᠶᠡᠨ ᠦ ᠰᠢᠰᠲ᠋ᠧᠮ᠃ ᠡᠭᠦᠷ ᠦᠨ ᠰᠦᠯᠵᠢᠶ᠎ᠡ ᠪᠡᠷ ᠳᠦᠷᠰᠦ ᠪᠢᠴᠢᠯᠭᠡ ᠶᠢ ᠬᠡᠷᠡᠭᠯᠡᠭᠴᠢᠳ ᠲᠦ ᠬᠦᠷᠭᠡᠬᠦ ᠦᠢᠯᠡᠴᠢᠯᠡᠭᠡ ᠵᠠᠬ᠎ᠠ ᠵᠡᠭᠡᠯᠢ ᠳᠦ ᠨᠡᠪᠲᠡᠷᠡᠭᠰᠡᠨ ᠪᠣᠯ ᠳ᠋ᠷᠣᠨ ᠡᠴᠡ ᠡᠭᠦᠷ ᠦᠨ ᠰᠦᠯᠵᠢᠶ᠎ᠡ ᠪᠣᠯᠤᠨ ᠤᠲᠠᠰᠤ ᠦᠭᠡᠢ ᠥᠷᠭᠡᠨ ᠵᠤᠷᠪᠤᠰ ᠢᠢᠠᠷ ᠳᠦᠷᠰᠦ ᠠᠴᠢᠶᠠᠯᠠᠬᠤ ᠠᠵᠢᠯᠯᠠᠭ᠎ᠠ ᠲᠤᠷᠰᠢᠯᠲᠠ ᠶᠢᠨ ᠱᠠᠲᠤᠨ ᠳᠤ ᠪᠠᠨ ᠶᠠᠪᠤᠵᠤ ᠪᠠᠶ᠋ᠢᠨ᠎ᠠ᠃<ref>https://www.qualcomm.com/research/technologies/lte/advanced-pro/cellular-drone-communication ᠬᠠᠨᠳᠤᠭᠰᠠᠨ 2022/10/30</ref>
~ ᠬᠥᠳᠡᠯᠭᠡᠭᠡᠨᠳᠦ ᠤᠳᠤᠷᠢᠳᠤᠯᠭ᠎ᠠ ᠶᠢᠨ ᠰᠲ᠋ᠠᠨ᠍ᠼ ᠪᠤᠶᠤ ᠡᠰᠡᠪᠡᠯ ᠳᠠᠮᠵᠢᠭᠤᠯᠤᠨ ᠬᠣᠯᠪᠤᠬᠤ ᠰᠲ᠋ᠠᠨ᠍ᠼ ᠤᠨ ᠡᠭᠦᠷᠭᠡ ᠭᠦᠢᠴᠡᠳᠭᠡᠳᠡᠭ ᠨᠢᠰᠬᠡᠭᠴᠢ ᠲᠡᠢ ᠪᠤᠶᠤ ᠨᠢᠰᠬᠡᠭᠴᠢ ᠦᠭᠡᠢ ᠥᠭᠡᠷ᠎ᠡ ᠨᠢᠭᠡᠨ᠂ ᠴᠡᠷᠢᠭ ᠦᠨ ᠨᠢᠰᠬᠦ ᠣᠩᠭᠣᠴᠠ᠃<ref>"Identifying Critical Manned-Unmanned Teaming Skills for Unmanned Aircraft System Operators" (PDF). ''U.S. Army Research Institute for the Behavioral and Social Sciences''. 2012/11. http://apps.dtic.mil/dtic/tr/fulltext/u2/a565510.pdf </ref>
ᠣᠷᠴᠢᠨ ᠦᠶ᠎ᠡ ᠶᠢᠨ ᠰᠦᠯᠵᠢᠶ᠎ᠡ ᠨᠦᠭᠦᠳ ᠲᠦ ᠳ᠋ᠷᠣᠨ ᠬᠣᠯᠪᠣᠭᠳᠠᠬᠤ ᠶᠢ ᠲᠣᠭᠠᠴᠠᠵᠤ᠂ ᠰᠲ᠋ᠠᠨ᠍ᠳᠠᠷᠳ᠋ ᠤᠳ ᠲᠤ ᠲᠣᠳᠣᠷᠬᠠᠢ ᠲᠤᠰᠬᠠᠵᠤ᠂ ᠣᠨᠣᠪᠴᠢᠯᠠᠳᠠᠭ ᠪᠣᠯᠤᠭᠰᠠᠨ᠃ 5G ᠰᠲ᠋ᠠᠨ᠍ᠳᠠᠷᠳ᠋ ᠨᠢ ᠲᠤᠢᠢᠯ ᠤᠨ ᠨᠠᠶ᠋ᠢᠳᠠᠪᠤᠷᠢᠲᠠᠢ ᠪᠥᠭᠡᠳ ᠬᠣᠴᠣᠷᠤᠯᠲᠠ ᠶᠢ 1 ᠮᠢᠯᠯᠢ ᠰᠧᠻᠦᠨ᠍ᠳ᠋ ᠬᠦᠷᠲᠡᠯ᠎ᠡ ᠪᠣᠭᠤᠨᠢᠰᠬᠠᠭᠰᠠᠨ ᠪᠢᠯᠡ᠃<ref>"Minimum requirements related to technical performance for IMT-2020 radio interface(s)". ᠬᠠᠨᠳᠳᠤᠭᠰᠠᠨ 2022/10/30᠃ https://www.itu.int/pub/R-REP-M.2410-2017</ref>

== ᠳᠠᠪᠠᠭᠤ ᠲᠠᠯ᠎ᠠ ==
{| class="wikitable" |+ |[[File:RQ-170 from US Army recognition manual.jpg|align: top|thumb|center]] |style = "height: 100px;"|ᠲᠠᠩᠨᠠᠭᠤᠯ ᠤᠨ ᠳ᠋ᠷᠣᠨ᠃ ᠠᠮᠡᠷᠢᠻ ᠦᠨ ᠨᠢᠭᠡᠳᠦᠭᠰᠡᠨ ᠤᠯᠤᠰ ᠤᠨ RQ-170 ᠰᠧᠨ᠍ᠲ᠋ᠢᠨᠧᠯ ᠵᠠᠭᠪᠤᠷ |}
~ ᠨᠢᠰᠬᠡᠬᠦ ᠳᠦ ᠲᠠᠭ᠎ᠠ ᠲᠠᠢ
~ ᠳ᠋ᠷᠣᠨ ᠨᠢ ᠨᠢᠰᠬᠡᠭᠴᠢ ᠵᠢᠯᠤᠭᠤᠳᠳᠠᠭ ᠣᠩᠭᠣᠴᠠ ᠠᠴᠠ ᠬᠢᠮᠳᠠ ᠪᠥᠭᠡᠳ ᠬᠥᠭᠡᠷᠭᠡᠬᠦ ᠳᠦ ᠢᠯᠡᠭᠦᠦ ᠬᠢᠯᠪᠠᠷ
~ ᠬᠦᠷᠬᠦ ᠳᠦ ᠬᠡᠴᠡᠭᠦᠦ ᠪᠤᠶᠤ ᠬᠦᠷᠬᠦ ᠪᠣᠯᠤᠮᠵᠢ ᠦᠭᠡᠢ ᠪᠠᠶ᠋ᠢᠷᠢᠰᠢᠯ ᠤᠳ ᠤᠷᠤᠭᠤ ᠨᠢᠰᠬᠡᠵᠦ ᠪᠣᠯᠤᠨ᠎ᠠ
~ ᠪᠢᠽᠢᠨᠧᠰ᠂ ᠪᠠᠶ᠋ᠢᠭᠤᠯᠤᠯᠭ᠎ᠠ ᠨᠤᠭᠤᠳ ᠲᠤ ᠨᠡᠩ ᠬᠡᠷᠡᠭ ᠲᠤᠰᠠᠲᠠᠢ ᠲᠣᠨᠣᠭ ᠲᠥᠬᠥᠭᠡᠷᠦᠮᠵᠢ
~ ᠳ᠋ᠷᠣᠨ ᠋ ᠍ ᠤ ᠵᠠᠬ᠎ᠠ ᠵᠡᠭᠡᠯᠢ ᠥᠷᠭᠡᠵᠢᠬᠦ ᠳᠦ ᠪᠡᠨ ᠶᠠᠩᠵᠤ ᠪᠦᠷᠢ ᠪᠡᠷ ᠠᠰᠢᠭᠯᠠᠬᠤ ᠠᠷᠭ᠎ᠠ ᠵᠠᠮ ᠢ ᠨᠡᠮᠡᠭᠳᠡᠭᠦᠯᠦᠭᠰᠡᠨ

== ᠡᠮᠵᠡᠭ ᠲᠠᠯ᠎ᠠ ==
{| class="wikitable" |+ |[[File:UA Mavic 3 with bomb 1.jpg|align: top|thumb|center]] |style = "height: 100px;"|ᠳ᠋ᠷᠣᠨ ᠠᠰᠢᠭᠯᠠᠵᠤ ᠲᠡᠰᠦᠷᠡᠬᠦ ᠪᠥᠮᠪᠦᠭᠡ ᠲᠡᠭᠡᠭᠡᠬᠦᠢ |}
~ ᠬᠤᠪᠢ ᠶᠢᠨ ᠣᠷᠣᠨ ᠵᠠᠢ ᠳᠤ ᠨᠢ ᠳ᠋ᠷᠣᠨ ᠨᠡᠪᠲᠡᠷᠡᠵᠦ᠂ ᠳᠡᠭᠡᠭᠦᠷ ᠨᠢ ᠨᠢᠰᠬᠦ ᠳᠦ ᠬᠦᠮᠦᠨ ᠪᠦᠷᠢ ᠳᠤᠷᠠᠲᠠᠢ ᠪᠠᠶ᠋ᠢᠬᠤ ᠦᠭᠡᠢ
~ ᠳ᠋ᠷᠣᠨ ᠬᠦᠮᠦᠰ ᠢ ᠭᠡᠮᠲᠦᠭᠡᠬᠦ᠂ ᠡᠳ᠋ ᠬᠥᠷᠥᠩᠭᠡ ᠳᠦ ᠬᠣᠬᠢᠷᠠᠯ ᠤᠴᠠᠷᠠᠭᠤᠯᠵᠤ ᠪᠣᠯᠵᠣᠰᠢ ᠦᠭᠡᠢ
~ ᠳ᠋ᠷᠣᠨ ᠬᠤᠪᠢ ᠶᠢᠨ ᠨᠢᠭᠤᠴᠠᠯᠠᠯ ᠤᠨ ᠠᠰᠠᠭᠤᠳᠠᠯ ᠡᠭᠦᠰᠬᠡᠳᠡᠭ
~ ᠳ᠋ᠷᠣᠨ ᠬᠥᠭᠡᠷᠭᠡᠬᠦ ᠲᠠᠯ᠎ᠠ ᠪᠠᠷ ᠬᠠᠤᠯᠢ ᠲᠣᠭᠲᠠᠭᠠᠮᠵᠢ ᠲᠣᠳᠣᠷᠬᠠᠢ ᠦᠭᠡᠢ᠂ ᠥᠭᠡᠷᠡᠴᠢᠯᠡᠭᠳᠡᠭᠰᠡᠭᠡᠷ ᠪᠠᠶ᠋ᠢᠨ᠎ᠠ
~ ᠳ᠋ᠷᠣᠨ ᠋ ᠍ ᠤ ᠨᠠᠷᠢᠨ ᠪᠣᠯᠪᠠᠰᠤᠷᠠᠩᠭᠤᠢ ᠲᠧᠻᠨᠣᠯᠣᠭᠢ ᠦᠨ᠎ᠡ ᠥᠨᠳᠥᠷ ᠲᠡᠢ ᠬᠡᠪ ᠢᠢᠡᠷ ᠪᠠᠶ᠋ᠢᠨ᠎ᠠ

== ᠨᠡᠷ᠎ᠡ ᠲᠣᠮᠢᠶᠠᠯᠠᠯ == ᠨᠢᠰᠳᠡᠭ ᠳ᠋ᠷᠣᠨ - unmanned aerial vehicle (UAV) ᠤᠳᠤᠷᠢᠳᠤᠯᠭ᠎ᠠ - control ᠨᠢᠰᠦᠯᠭᠡ ᠶᠢᠨ ᠤᠳᠤᠷᠢᠳᠤᠯᠭ᠎ᠠ - flight controller ᠠᠦ᠋ᠲ᠋ᠣᠫᠢᠯᠣᠲ - autopilot ᠬᠣᠯᠪᠣᠭᠠᠨ ᠤ ᠲᠥᠬᠦᠭᠡᠷᠦᠮᠵᠢ - data link ᠮᠡᠳᠡᠷᠡᠭᠴᠢ - sensor ᠢᠳᠡᠪᠬᠢᠵᠢᠭᠦᠯᠦᠭᠴᠢ - actuator ᠡᠷᠬᠡ ᠴᠢᠯᠦᠭᠡᠨ ᠦ ᠵᠡᠷᠭᠡ - degree of freedom (DOF) ᠭᠢᠷᠣᠰᠻᠣᠫ - gyroscope ᠬᠤᠷᠳᠤᠳᠬᠠᠯ ᠬᠡᠮᠵᠢᠭᠦᠷ - accelerometer ᠯᠤᠤᠵᠢᠩ - compass
ᠪᠠᠷᠣᠮᠧᠲ᠋ᠧᠷ - barometer ᠭᠠᠵᠠᠷ ᠵᠦᠢ ᠶᠢᠨ ᠪᠠᠶ᠋ᠢᠷᠢᠰᠢᠯ ᠤᠨ ᠰᠢᠰᠲ᠋ᠧᠮ - Global Positioning System (GPS)
ᠬᠤᠷᠳᠤ ᠬᠢᠨᠠᠭᠴᠢ - speed controller ᠲᠣᠭᠲᠠᠪᠤᠷᠢᠯᠲᠠ - stabilisation ᠭᠠᠵᠠᠷ ᠤᠨ ᠤᠳᠤᠷᠢᠳᠤᠯᠭ᠎ᠠ - ground control ᠳᠠᠮᠵᠢᠭᠤᠯᠤᠭᠴᠢ - transmitter ᠬᠦᠯᠢᠶᠡᠨ ᠠᠪᠤᠭᠴᠢ - receiver =ᠡᠬᠢ ᠰᠤᠷᠪᠤᠯᠵᠢ=
<References/> [[Ангилал:ᠲᠧᠻᠨᠣᠯᠣᠭᠢ]]
Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width