Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
ᠵᠦᠢᠯᠡᠰ ᠊ᠦᠨ ᠢᠨ᠍ᠲ᠋ᠧᠷᠨᠧᠲ
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
== ᠬᠡᠷᠡᠭᠯᠡᠭᠡ ==
=== ᠤᠬᠠᠭᠠᠯᠢᠭ ᠭᠡᠷ ᠰᠠᠭᠤᠴᠠ ===
{| class="wikitable" |+ |[[File:TP-Link-Kasa-Amazon-Alexa-Zubehör-Smart-Home-WLAN-Steckdose-HS110.4.jpg|align: top|thumb|center]] |style = "height: 100px;"|ᠤᠬᠠᠭᠠᠯᠢᠭ ᠰᠠᠭᠤᠴᠠ ᠢᠢᠨ ᠤᠲᠠᠰᠤ ᠦᠭᠡᠢ ᠰᠦᠯᠵᠢᠶᠡᠨ ᠳᠦ ᠬᠡᠷᠡᠭᠯᠡᠬᠦ ᠴᠠᠬᠢᠯᠭᠠᠨ ᠤ ᠵᠠᠯᠭᠠᠭᠤᠷ ("HS110") |}
ᠵᠦᠢᠯᠡᠰ ᠦᠨ ᠢᠨ᠍ᠲ᠋ᠧᠷᠨᠧᠲ ᠦᠨ ᠬᠡᠷᠡᠭᠯᠡᠭᠡ ᠨᠤᠭᠦᠳ ᠳᠣᠲᠣᠷ᠎ᠠ ᠠᠴᠠ ᠬᠠᠮᠤᠭ ᠤᠨ ᠥᠷᠭᠡᠨ ᠣᠯᠠᠨ ᠤ ᠰᠣᠨᠢᠷᠬᠠᠯ ᠲᠠᠲᠠᠵᠤ ᠪᠠᠶ᠋ᠢᠭ᠎ᠠ ᠨᠢ ᠤᠬᠠᠭᠠᠯᠢᠭ ᠭᠡᠷ ᠰᠠᠭᠤᠴᠠ᠃ ᠭᠡᠷ ᠲᠦ ᠪᠡᠨ ᠬᠦᠷᠡᠬᠦ ᠡᠴᠡ ᠪᠡᠨ ᠡᠮᠦᠨ᠎ᠡ ᠠᠭᠠᠷᠵᠢᠭᠤᠯᠤᠭᠴᠢ ᠪᠠᠨ ᠠᠰᠠᠭᠠᠬᠤ᠂ ᠡᠰᠡᠪᠡᠯ ᠭᠡᠷ ᠡᠴᠡ ᠪᠡᠨ ᠭᠠᠷᠤᠭᠰᠠᠨ ᠬᠣᠶ᠋ᠢᠨ᠎ᠠ ᠭᠡᠷᠡᠯ ᠤᠨᠲᠠᠷᠠᠳᠠᠭ ᠪᠠᠶ᠋ᠢᠬᠤ ᠵᠡᠷᠭᠡ ᠪᠣᠯᠤᠮᠵᠢ ᠶᠢ ᠬᠠᠩᠭᠠᠭᠰᠠᠨ ᠣᠷᠣᠨ ᠭᠡᠷ ᠢ ᠤᠬᠠᠭᠠᠯᠢᠭ ᠭᠡᠷ ᠭᠡᠵᠦ ᠪᠠᠶ᠋ᠢᠨ᠎ᠠ᠃ ᠮᠥᠨ ᠥᠪᠡᠷ ᠶ᠋ᠢᠡᠨ ᠭᠡᠷ ᠲᠦ ᠪᠡᠨ ᠪᠠᠶ᠋ᠢᠬᠤ ᠦᠭᠡᠢ ᠦᠶ᠎ᠡ ᠳᠤ ᠪᠠᠨ ᠨᠠᠶ᠋ᠢᠵᠠ ᠨᠠᠷ ᠲᠤ ᠪᠠᠨ ᠬᠠᠭᠠᠯᠭ᠎ᠠ ᠪᠠᠨ ᠨᠡᠭᠡᠭᠡᠵᠦ ᠥᠭᠴᠦ ᠪᠣᠯᠤᠨ᠎ᠠ. ᠦᠢᠯᠡᠰ ᠦᠨ ᠢᠨ᠍ᠲ᠋ᠧᠷᠨᠧᠲ ᠲᠥᠷᠬᠥ ᠪᠡᠨ ᠣᠯᠵᠤ ᠬᠥᠭᠵᠢᠬᠦ ᠬᠢᠷᠢ ᠪᠡᠷ ᠬᠦᠮᠦᠰ ᠦᠨ ᠠᠮᠢᠳᠤᠷᠠᠯ ᠢ ᠬᠥᠩᠭᠡᠪᠴᠢᠯᠡᠵᠦ᠂ ᠲᠣᠬᠢ ᠲᠤᠬ᠎ᠠ ᠲᠠᠢ ᠪᠣᠯᠭᠠᠬᠤ ᠪᠦᠲᠦᠭᠡᠭᠳᠡᠬᠦᠨ ᠪᠦᠲᠦᠭᠡᠵᠦ ᠪᠠᠶ᠋ᠢᠨ᠎ᠠ᠃ ᠤᠬᠠᠭᠠᠯᠢᠭ ᠣᠷᠣᠨ ᠭᠡᠷ ᠨᠢ ᠣᠷᠣᠨ ᠰᠠᠭᠤᠴᠠᠨ ᠤ ᠰᠠᠯᠪᠤᠷᠢ ᠳᠠᠬᠢ ᠠᠮᠵᠢᠯᠲᠠ ᠲᠠᠢ ᠬᠤᠪᠢᠰᠬᠠᠯᠲᠤ ᠥᠭᠡᠷᠡᠴᠢᠯᠡᠯᠲᠡ ᠶᠢᠨ ᠨᠢᠭᠡᠨ ᠱᠠᠲᠤ ᠪᠣᠯᠤᠭᠰᠠᠨ ᠪᠥᠭᠡᠳ ᠶᠠᠪᠤᠭᠠᠨ ᠳᠤ ᠪᠠᠨ ᠤᠬᠠᠭᠠᠯᠢᠭ ᠭᠠᠷ ᠤᠲᠠᠰᠤ ᠰᠢᠭ ᠲᠦᠭᠡᠮᠡᠯ ᠪᠣᠯᠤᠨ᠎ᠠ ᠭᠡᠵᠦ ᠲᠠᠭᠠᠮᠠᠭᠯᠠᠵᠤ ᠪᠠᠶ᠋ᠢᠨ᠎ᠠ᠃ ᠪᠠᠶ᠋ᠢᠰᠢᠩ᠂ ᠰᠠᠭᠤᠴᠠ ᠥᠮᠴᠢᠯᠡᠵᠦ ᠠᠪᠴᠤ ᠶᠠᠪᠤᠬᠤ ᠨᠢ ᠬᠦᠮᠦᠨ ᠦ ᠠᠮᠢᠳᠤᠷᠠᠯ ᠳᠠᠬᠢ ᠬᠠᠮᠤᠭ ᠤᠨ ᠥᠨᠳᠥᠷ ᠵᠠᠷᠤᠳᠠᠯ ᠪᠠᠶ᠋ᠢᠳᠠᠭ᠃ ᠬᠠᠷᠢᠨ ᠤᠬᠠᠭᠠᠯᠢᠭ ᠭᠡᠷ ᠦᠨ ᠪᠦᠲᠦᠭᠡᠭᠳᠡᠬᠦᠨ ᠨᠤᠭᠦᠳ ᠨᠢ ᠴᠠᠭ ᠬᠤᠭᠤᠴᠠᠭ᠎ᠠ᠂ ᠡᠷᠴᠢᠮ ᠬᠦᠴᠦ᠂ ᠮᠥᠩᠭᠥ ᠬᠡᠮᠨᠡᠨ᠎ᠡ. ᠤᠬᠠᠭᠠᠯᠢᠭ ᠣᠷᠣᠨ ᠭᠡᠷ ᠦᠨ ᠪᠦᠲᠦᠭᠡᠭᠳᠡᠬᠦᠨ ᠨᠡᠶ᠋ᠢᠯᠡᠭᠦᠯᠦᠭᠴᠢ Nest᠂ Ecobee᠂ Ring᠂ August ᠵᠡᠷᠭᠡ ᠻᠣᠮᠫᠠᠨᠢ ᠨᠤᠭᠤᠳ ᠭᠡᠷ ᠠᠬᠤᠢ ᠶᠢᠨ ᠪᠦᠲᠦᠭᠡᠭᠳᠡᠬᠦᠨ᠂ ᠦᠢᠯᠡᠴᠢᠯᠡᠭᠡᠨ ᠦ ᠪᠷᠠᠨᠳ᠋brand ᠪᠣᠯᠬᠣ ᠪᠠᠷ ᠲᠥᠯᠥᠪᠯᠡᠵᠦ ᠪᠠᠶ᠋ᠢᠨ᠎ᠠ᠃<ref name=":2">Karthe. Ten Real World Applications of Internet of Things (IoT) – Explained in Videos. 2016/08/26. Analytics Vidhya. https᠄//www.analyticsvidhya.com/blog/2016/08/10-youtube-videos-explaining-the-real-world-applications-of-internet-of-things-iot</ref>

=== ᠵᠡᠭᠦᠰᠬᠡᠯ ᠲᠥᠬᠥᠭᠡᠷᠦᠮᠵᠢ === ᠳᠡᠯᠡᠬᠡᠢ ᠶᠢᠨ ᠵᠠᠬ᠎ᠠ ᠵᠡᠭᠡᠯᠢ ᠳᠦ ᠵᠡᠭᠦᠰᠬᠡᠯ ᠲᠥᠬᠥᠭᠡᠷᠦᠮᠵᠢ ᠶᠢᠨ ᠡᠷᠢᠯᠲᠡ ᠶᠢᠨ ᠲᠡᠰᠦᠷᠡᠯᠲᠡ ᠪᠣᠯᠵᠤ ᠪᠠᠶ᠋ᠢᠨ᠎ᠠ. Google᠂ Samsung ᠵᠡᠷᠭᠡ ᠻᠣᠮᠫᠠᠨᠢ ᠨᠤᠭᠤᠳ ᠡᠶ᠋ᠢᠮᠦ ᠲᠥᠬᠥᠭᠡᠷᠦᠮᠵᠢ ᠶᠢ ᠪᠦᠲᠦᠭᠡᠬᠦ ᠳᠦ ᠶᠡᠬᠡᠬᠡᠨ ᠬᠥᠷᠥᠩᠭᠡ ᠣᠷᠣᠭᠤᠯᠤᠯᠲᠠ ᠬᠢᠭᠰᠡᠨ᠃ ᠵᠡᠭᠦᠰᠬᠡᠯ ᠲᠥᠬᠥᠭᠡᠷᠦᠮᠵᠢ ᠨᠤᠭᠦᠳ ᠨᠢ ᠬᠡᠷᠡᠭᠯᠡᠭᠴᠢ ᠶᠢᠨ ᠲᠠᠯ᠎ᠠ ᠪᠠᠷ ᠬᠢ ᠥᠭᠭᠥᠭᠳᠡᠯ᠂ ᠮᠡᠳᠡᠭᠡᠯᠡᠯ ᠠᠪᠳᠠᠭ ᠮᠡᠳᠡᠷᠡᠭᠴᠢ᠂ ᠫᠷᠣᠭ᠌ᠷᠠᠮ ᠬᠠᠩᠭᠠᠮᠵᠢ ᠪᠠᠷ ᠲᠣᠨᠣᠭᠯᠠᠭᠳᠠᠭᠰᠠᠨ ᠪᠠᠶ᠋ᠢᠨ᠎ᠠ᠃ ᠬᠤᠷᠢᠶᠠᠭᠰᠠᠨ ᠥᠭᠭᠥᠭᠳᠡᠯ ᠳᠦ ᠤᠷᠢᠳᠴᠢᠯᠠᠭᠰᠠᠨ ᠪᠣᠯᠪᠠᠰᠤᠷᠠᠭᠤᠯᠤᠯᠲᠠ ᠬᠢᠵᠦ᠂ ᠬᠡᠷᠡᠭᠯᠡᠭᠴᠢ ᠶᠢᠨ ᠲᠠᠯ᠎ᠠ ᠪᠠᠷ ᠱᠠᠭᠠᠷᠳᠠᠯᠭ᠎ᠠ ᠲᠠᠢ ᠰᠢᠨᠵᠢᠯᠡᠭᠡ ᠬᠢᠳᠡᠭ᠃ ᠵᠡᠭᠦᠰᠬᠡᠯ ᠲᠥᠬᠥᠭᠡᠷᠦᠮᠵᠢ ᠨᠤᠭᠦᠳ ᠨᠢ ᠴᠢᠭᠢᠷᠠᠭᠵᠢᠭᠤᠯᠤᠯᠲᠠ᠂ ᠡᠷᠡᠭᠦᠯ ᠮᠡᠨᠳᠦ᠂ ᠴᠡᠩᠭᠡᠭᠡᠨ ᠦ ᠬᠡᠷᠡᠭᠯᠡᠭᠡᠨ ᠳᠦ ᠥᠷᠭᠡᠨ ᠢᠶᠡᠷ ᠠᠰᠢᠭᠯᠠᠭᠳᠠᠨ᠎ᠠ᠃ ᠵᠡᠭᠦᠰᠬᠡᠯ ᠲᠥᠬᠥᠭᠡᠷᠦᠮᠵᠢ ᠨᠤᠭᠦᠳ ᠡᠴᠡ ᠵᠦᠢᠯᠡᠰ ᠦᠨ ᠢᠨ᠍ᠲ᠋ᠧᠷᠨᠧᠲ ᠦᠨ ᠱᠠᠭᠠᠷᠳᠠᠬᠤ ᠵᠦᠢᠯ ᠨᠢ ᠡᠷᠴᠢᠮ ᠬᠦᠴᠦᠨ ᠦ ᠥᠨᠳᠥᠷ ᠦᠷ᠎ᠡ ᠠᠰᠢᠭ ᠲᠠᠢ᠂ ᠡᠰᠡᠪᠡᠯ ᠨᠡᠩ ᠪᠠᠭ᠎ᠠ ᠬᠦᠴᠦᠨ ᠴᠢᠳᠠᠯ ᠲᠠᠢ᠂ ᠵᠢᠵᠢᠭ ᠬᠡᠮᠵᠢᠶ᠎ᠡ ᠲᠡᠢ ᠪᠠᠶ᠋ᠢᠬᠤ ᠶᠠᠪᠤᠳᠠᠯ ᠶᠤᠮ᠃<ref name=":2" />

=== ᠥᠪᠡᠷ ᠢᠢᠡᠨ ᠵᠢᠯᠣᠭᠣᠳᠤᠯᠭᠠᠳᠤ ᠠᠦ᠋ᠲ᠋ᠣᠮᠠᠱᠢᠨ ===
{| class="wikitable" |+ |[[File:Equipment for self-driving car.jpg|align: top|thumb|center]] |style = "height: 100px;"|ᠥᠪᠡᠷ ᠢᠢᠡᠨ ᠵᠢᠯᠤᠭᠠᠳᠤᠯᠭᠠᠲᠤ ᠠᠦ᠋ᠲᠣᠮᠠᠱᠢᠨ ᠤ ᠲᠥᠬᠦᠭᠡᠷᠡᠮᠵᠢ ᠪᠠᠢᠢᠷᠢᠰᠢᠯ ᠲᠣᠳᠤᠷᠬᠠᠢᠯᠠᠬᠤ᠂ ᠠᠶᠠᠯᠠᠬᠤ ᠵᠠᠮ ᠤᠨ ᠵᠢᠷᠤᠭ ᠪᠣᠯᠪᠠᠰᠤᠷᠠᠭᠤᠯᠬᠤ ᠵᠡᠷᠭᠡ ᠳᠦ ᠬᠡᠷᠡᠭᠯᠡᠭᠳᠡᠨ᠎ᠡ |}
ᠥᠪᠡᠷ ᠢᠢᠡᠨ ᠵᠢᠯᠣᠭᠣᠳᠤᠯᠭᠠᠳᠤ ᠠᠦ᠋ᠲ᠋ᠣᠮᠠᠱᠢᠨ ᠤautomachine ᠴᠢᠭᠯᠡᠯ ᠢᠢᠡᠷ ᠪᠠᠭ᠎ᠠ ᠦᠭᠡᠢ ᠲᠤᠷᠰᠢᠯᠲᠠ᠂ ᠰᠤᠳᠤᠯᠭ᠎ᠠ ᠬᠢᠭᠳᠡᠭᠰᠡᠨ᠃ Google ᠪᠣᠯᠤᠨ Tesla ᠡᠨᠡ ᠴᠢᠭᠯᠡᠯ ᠳᠦ ᠲᠤᠷᠰᠢᠯᠲᠠ ᠶᠠᠪᠤᠭᠤᠯᠵᠤ᠂ Uber ᠥᠪᠡᠷ ᠢᠢᠡᠨ ᠵᠢᠯᠣᠭᠣᠳᠤᠯᠭᠠᠳᠤ ᠠᠦ᠋ᠲ᠋ᠣᠮᠠᠱᠢᠨ ᠤ ᠨᠢᠭᠡᠨ ᠬᠤᠪᠢᠯᠪᠤᠷᠢ ᠭᠠᠷᠭᠠᠭᠰᠠᠨ ᠪᠣᠯᠪᠠᠴᠤ ᠳᠠᠷᠠᠭ᠎ᠠ ᠨᠢ ᠰᠢᠷᠭᠤᠤᠯᠭᠠᠨ ᠤ ᠮᠤᠬᠤᠷ ᠲᠤ ᠴᠢᠯᠠᠭᠤᠳᠠᠭᠰᠠᠨ᠃ ᠵᠠᠮ ᠲᠡᠭᠡᠭᠡᠪᠦᠷᠢ ᠭᠠᠷᠴᠠᠭ᠎ᠠ ᠦᠭᠡᠢ ᠬᠦᠮᠦᠨ ᠦ ᠠᠮᠢ ᠨᠠᠰᠤ ᠲᠠᠢ ᠬᠣᠯᠪᠣᠭ᠎ᠠ ᠲᠠᠢ ᠪᠠᠶ᠋ᠢᠳᠠᠭ ᠲᠤᠯᠠ ᠵᠣᠷᠴᠢᠭᠴᠢ ᠪᠣᠯᠤᠨ ᠪᠤᠰᠤᠳ ᠬᠥᠳᠡᠯᠭᠡᠭᠡᠨ ᠳᠦ ᠣᠷᠣᠯᠴᠠᠭᠴᠢᠳ ᠤᠨ ᠠᠶᠤᠯ ᠦᠭᠡᠢ ᠪᠠᠶ᠋ᠢᠳᠠᠯ ᠢ ᠰᠠᠶ᠋ᠢᠵᠢᠷᠠᠭᠤᠯᠤᠭᠰᠠᠨ ᠲᠧᠻᠨᠣᠯᠣᠭᠢ ᠱᠠᠭᠠᠷᠳᠠᠯᠭ᠎ᠠ ᠲᠠᠢ᠃ ᠠᠦᠲ᠋ᠣᠮᠠᠱᠢᠨ ᠨᠤᠭᠤᠳ ᠨᠢ ᠡᠭᠦᠯᠡ ᠪᠣᠯᠤᠨ ᠢᠨ᠍ᠲ᠋ᠧᠷᠨᠧᠲ ᠲᠦ ᠬᠣᠯᠪᠣᠭᠳᠠᠭᠰᠠᠨ ᠬᠡᠳᠦ ᠬᠡᠳᠦᠨ ᠮᠡᠳᠡᠷᠡᠭᠴᠢ ᠪᠣᠯᠤᠨ ᠰᠠᠭᠤᠯᠭᠠᠭᠳᠠᠭᠰᠠᠨ ᠰᠢᠰᠲ᠋ᠧᠮ ᠢ (embedded systems) ᠠᠰᠢᠭᠯᠠᠳᠠᠭ ᠪᠥᠭᠡᠳ ᠥᠭᠭᠥᠭᠳᠡᠯ ᠬᠤᠷᠢᠶᠠᠵᠤ᠂ ᠡᠭᠦᠯᠡᠨ ᠳᠦ ᠳᠠᠮᠵᠢᠭᠤᠯᠬᠤ ᠠᠭᠠᠳ ᠮᠠᠰᠢᠨ ᠤ ᠰᠤᠷᠤᠯᠴᠠᠬᠤᠢ ᠳᠤ (Machine Learning) ᠲᠦᠰᠢᠭᠯᠡᠭᠰᠡᠨ᠂ ᠮᠡᠳᠡᠭᠡᠯᠡᠯ ᠳᠦ ᠰᠠᠭᠤᠷᠢᠯᠠᠭᠰᠠᠨ ᠰᠢᠢᠳᠪᠦᠷᠢ ᠭᠠᠷᠭᠠᠳᠠᠭ᠃ ᠡᠨᠡᠬᠦ ᠲᠧᠻᠨᠣᠯᠣᠭᠢ ᠪᠦᠷᠢᠨ ᠬᠥᠭᠵᠢᠵᠦ᠂ ᠤᠯᠤᠰ ᠣᠷᠣᠨ ᠨᠤᠭᠤᠳ ᠬᠠᠤᠯᠢ ᠲᠣᠭᠲᠠᠭᠠᠮᠵᠢ᠂ ᠪᠣᠳᠣᠯᠭ᠎ᠠ ᠪᠠᠨ ᠵᠣᠬᠢᠴᠠᠭᠤᠯᠤᠨ ᠥᠭᠡᠷᠡᠴᠢᠯᠡᠬᠦ ᠬᠦᠷᠲᠡᠯ᠎ᠡ ᠬᠡᠳᠦᠨ ᠵᠢᠯ ᠱᠠᠭᠠᠷᠳᠠᠭᠳᠠᠬᠤ ᠴᠤ ᠶᠠᠭ ᠡᠳᠦᠭᠡ ᠡᠨᠡ ᠴᠢᠭᠯᠡᠯ ᠨᠢ ᠵᠦᠢᠯᠡᠰ ᠦᠨ ᠢᠨ᠍ᠲ᠋ᠧᠷᠨᠧᠲ ᠦᠨ ᠬᠠᠮᠤᠭ ᠤᠨ ᠦᠷ᠎ᠡ ᠳᠦᠩ ᠲᠡᠢ ᠬᠡᠷᠡᠭᠯᠡᠭᠡᠨ ᠦ ᠨᠢᠭᠡ ᠪᠣᠯᠵᠤ ᠪᠠᠶ᠋ᠢᠨ᠎ᠠ᠃<ref name=":3">Jyotsna. Ten Major Applications of IoT You Should Know. 2021/03/06. Jigsaw. https᠄//www.jigsawacademy.com/top-uses-of-iot</ref>

=== ᠵᠢᠵᠢᠭᠯᠡᠨ ᠬᠤᠳᠠᠯᠳᠤᠭ᠎ᠠ === Amazone ᠻᠣᠮᠫᠠᠨᠢ ᠶᠢᠨ ᠲᠧᠻᠨᠣᠯᠣᠭᠢ ᠶᠢᠨ ᠰᠢᠢᠳᠦᠯ ᠣᠨ᠍ᠯᠠᠢᠢᠨonline ᠳᠡᠯᠭᠡᠭᠦᠷ ᠪᠠ ᠵᠢᠵᠢᠭᠯᠡᠨ ᠬᠤᠳᠠᠯᠳᠤᠭᠠᠨ ᠤ ᠳᠡᠯᠭᠡᠭᠦᠷ ᠦᠨ ᠵᠠᠭᠠᠭ ᠢ ᠠᠷᠢᠯᠭᠠᠬᠤ ᠨᠢᠭᠡᠨ ᠠᠯᠬᠤᠮ ᠶᠤᠮ᠃ ᠬᠤᠳᠠᠯᠳᠤᠨ ᠠᠪᠤᠭᠴᠢ ᠪᠡᠯᠡᠨ ᠮᠥᠩᠭᠥ ᠬᠡᠷᠡᠭᠯᠡᠬᠦ ᠦᠭᠡᠢ᠂ ᠬᠠᠷᠢᠨ Amazone ᠲᠦᠷᠡᠶ᠋ᠢᠪᠴᠢ ᠡᠴᠡ ᠪᠡᠨ ᠰᠠᠭᠤᠳᠬᠠᠭᠤᠯᠤᠨ ᠬᠤᠳᠠᠯᠳᠤᠨ ᠠᠪᠤᠯᠲᠠ ᠬᠢᠨ᠎ᠡ᠃ ᠮᠥᠨ ᠪᠠᠷᠠᠭ᠎ᠠ ᠪᠠᠨ ᠰᠣᠩᠭᠣᠬᠤ ᠳᠤ ᠬᠤᠳᠠᠯᠳᠤᠨ ᠠᠪᠤᠭᠴᠢ ᠶᠢᠨ ᠰᠠᠭᠰᠤᠨ ᠳᠤ ᠲᠡᠷᠡ ᠬᠦ ᠪᠠᠷᠠᠭ᠎ᠠ ᠰᠢᠭᠤᠳ ᠨᠡᠮᠡᠭᠳᠡᠳᠡᠭ᠃ ᠬᠤᠳᠠᠯᠳᠤᠨ ᠠᠪᠤᠭᠴᠢ ᠪᠣᠳᠣᠯ ᠢᠢᠠᠨ ᠥᠭᠡᠷᠡᠴᠢᠯᠡᠵᠦ᠂ ᠥᠭᠡᠷ᠎ᠡ ᠪᠠᠷᠠᠭ᠎ᠠ ᠰᠣᠩᠭᠣᠪᠠᠯ ᠡᠮᠦᠨᠡᠬᠢ ᠪᠠᠷᠠᠭ᠎ᠠ ᠰᠠᠭᠰᠤᠨ ᠠᠴᠠ ᠬᠠᠰᠤᠭᠳᠠᠵᠤ᠂ ᠰᠢᠨ᠎ᠡ ᠰᠣᠩᠭᠣᠭᠰᠠᠨ ᠪᠠᠷᠠᠭ᠎ᠠ ᠨᠢ ᠰᠠᠭᠰᠤᠨ ᠳᠤ ᠣᠷᠣᠨ᠎ᠠ᠃ ᠡᠨᠡ ᠵᠠᠭᠪᠤᠷ ᠤᠨ ᠳᠡᠯᠭᠡᠭᠦᠷ ᠲᠦ ᠬᠤᠳᠠᠯᠳᠤᠨ ᠠᠪᠤᠭᠴᠢ ᠲᠠᠯ᠎ᠠ ᠰᠣᠩᠭᠣᠭᠰᠠᠨ ᠪᠠᠷᠠᠭ᠎ᠠ ᠪᠦᠲᠦᠭᠡᠭᠳᠡᠬᠦᠨ ᠦ ᠪᠡᠨ ᠦᠨ᠎ᠡ ᠶᠢ ᠤᠯᠭᠤᠬᠤ ᠭᠡᠵᠦ ᠻᠠᠰᠰ ᠳᠡᠭᠡᠷ᠎ᠡ ᠳᠠᠷᠠᠭᠠᠯᠠᠯ ᠳᠤ ᠵᠣᠭᠰᠤᠬᠤ ᠱᠠᠭᠠᠷᠳᠠᠯᠭ᠎ᠠ ᠦᠭᠡᠢ᠃ ᠬᠡᠷᠪᠡ ᠡᠨᠡ ᠲᠧᠻᠨᠣᠯᠣᠭᠢ ᠨᠢ ᠥᠷᠭᠡᠨ ᠳᠡᠮᠵᠢᠯᠭᠡ ᠬᠦᠯᠢᠶᠡᠬᠦᠶ᠋ᠢᠴᠡ ᠦᠷ᠎ᠡ ᠳᠦᠩ ᠲᠡᠢ ᠨᠢ ᠪᠠᠲᠤᠯᠠᠭᠳᠠᠪᠠᠯ ᠣᠶᠢᠷ᠎ᠠ ᠶᠢᠨ ᠵᠢᠯ ᠦᠳ ᠲᠦ ᠵᠢᠵᠢᠭᠯᠡᠨ ᠬᠤᠳᠠᠯᠳᠤᠭᠠᠨ ᠤ ᠵᠢᠱᠢᠭ ᠪᠣᠯᠤᠨ᠎ᠠ᠃<ref name=":3" />

=== ᠡᠷᠡᠭᠦᠯ ᠮᠡᠨᠳᠦ === ᠵᠦᠢᠯᠡᠰ ᠦᠨ ᠢᠨ᠍ᠲ᠋ᠧᠷᠨᠧᠲ ᠡᠮᠴᠢᠯᠡᠭᠡ ᠭᠣᠣᠯᠯᠠᠭᠰᠠᠨ ᠢᠳᠡᠪᠬᠢ ᠦᠭᠡᠢ ᠲᠣᠭᠲᠠᠯᠴᠠᠭᠠᠨ ᠠᠴᠠ ᠡᠷᠡᠭᠦᠯ ᠮᠡᠨᠳᠦ ᠶᠢ ᠳᠡᠮᠵᠢᠬᠦ ᠳᠦ ᠴᠢᠭᠯᠡᠭᠰᠡᠨ ᠢᠳᠡᠪᠬᠢ ᠰᠠᠨᠠᠭᠠᠴᠢᠯᠭ᠎ᠠ ᠲᠠᠢ ᠲᠣᠭᠲᠠᠯᠴᠠᠭᠠᠨ ᠳᠤ ᠰᠢᠯᠵᠢᠬᠦ ᠨᠥᠬᠥᠴᠡᠯ ᠪᠦᠷᠢᠳᠦᠭᠦᠯᠦᠨ᠎ᠡ᠃ ᠥᠨᠥ ᠶᠢᠨ ᠠᠨᠠᠭᠠᠬᠤ ᠤᠬᠠᠭᠠᠨ ᠤ ᠰᠤᠳᠤᠯᠭᠠᠨ ᠳᠤ ᠠᠰᠢᠭᠯᠠᠵᠤ ᠪᠤᠢ ᠥᠭᠭᠥᠭᠳᠡᠯ᠂ ᠮᠡᠳᠡᠭᠡᠯᠡᠯ ᠳᠦ ᠦᠨᠡᠨ ᠪᠣᠳᠠᠲᠤ ᠠᠮᠢᠳᠤᠷᠠᠯ ᠤᠨ ᠵᠠᠩᠭᠢᠯᠠᠭ᠎ᠠ ᠥᠭᠭᠥᠭᠳᠡᠬᠦᠨ ᠳᠤᠲᠠᠭᠳᠠᠵᠤ ᠪᠠᠶ᠋ᠢᠳᠠᠭ᠃ ᠶᠡᠬᠡᠪᠴᠢᠯᠡᠨ ᠦᠯᠡᠳᠡᠭᠳᠡᠯ ᠮᠡᠳᠡᠭᠡᠯᠡᠯ᠂ ᠬᠢᠨᠠᠯᠲᠠ ᠲᠠᠢ ᠣᠷᠴᠢᠨ᠂ ᠰᠠᠶ᠋ᠢᠨ ᠳᠤᠷ᠎ᠠ ᠶᠢᠨ ᠬᠢᠨ ᠤ ᠡᠷᠡᠭᠦᠯ ᠮᠡᠨᠳᠦ ᠶᠢᠨ ᠦᠵᠡᠯᠭᠡ ᠳᠦ ᠳᠤᠯᠳᠤᠶ᠋ᠢᠳᠳᠠᠭ᠃ ᠵᠦᠢᠯᠡᠰ ᠦᠨ ᠢᠨ᠍ᠲ᠋ᠧᠷᠨᠧᠲ ᠨᠢ ᠳ᠋ᠦ᠋ᠩ ᠰᠢᠨᠵᠢᠯᠡᠭᠡ᠂ ᠪᠣᠳᠠᠲᠤ ᠴᠠᠭ ᠤᠨ ᠥᠭᠭᠥᠭᠳᠡᠯ᠂ ᠰᠢᠨᠵᠢᠯᠡᠭᠡ ᠪᠡᠷ ᠬᠤᠷᠢᠶᠠᠭᠰᠠᠨ ᠦᠨ᠎ᠡ ᠴᠡᠨ᠎ᠡ ᠲᠡᠢ ᠮᠡᠳᠡᠭᠡᠯᠡᠯ ᠦᠨ ᠳᠠᠯᠠᠢ ᠶᠢ ᠨᠡᠭᠡᠭᠡᠵᠦ ᠥᠭᠭᠦᠨ᠎ᠡ᠃ ᠮᠥᠨ ᠵᠦᠢᠯᠡᠰ ᠦᠨ ᠢᠨ᠍ᠲ᠋ᠧᠷᠨᠧᠲ ᠨᠢ ᠥᠨᠥ ᠶᠢᠨ ᠲᠥᠬᠥᠭᠡᠷᠦᠮᠵᠢ ᠨᠤᠭᠦᠳ ᠦᠨ ᠬᠦᠴᠦ ᠴᠢᠳᠠᠯ᠂ ᠨᠠᠷᠢᠪᠴᠢᠯᠠᠯ᠂ ᠬᠦᠷᠲᠡᠭᠡᠮᠵᠢ ᠶᠢ ᠰᠠᠶ᠋ᠢᠵᠢᠷᠠᠭᠤᠯᠤᠨ᠎ᠠ᠃ ᠵᠦᠢᠯᠡᠰ ᠦᠨ ᠢᠨ᠍ᠲ᠋ᠧᠷᠨᠧᠲ ᠨᠢ ᠲᠣᠨᠣᠭ ᠲᠥᠬᠥᠭᠡᠷᠦᠮᠵᠢ ᠲᠡᠳᠦᠢ ᠶᠢ ᠭᠣᠣᠯᠯᠠᠬᠤ ᠦᠭᠡᠢ᠂ ᠰᠢᠰᠲ᠋ᠧᠮ᠂ ᠲᠣᠭᠲᠠᠯᠴᠠᠭ᠎ᠠ ᠪᠤᠢ ᠪᠣᠯᠭᠠᠬᠤ ᠳᠤ ᠴᠢᠭᠯᠡᠨ᠎ᠡ᠃<ref name=":4">Upasana. Real World IoT Applications in Different Domains. 2020/11/25. Eurodeka. https᠄//www.edureka.co/blog/iot-applications</ref>

=== ᠤᠬᠠᠭᠠᠯᠢᠭ ᠬᠣᠲᠠ === ᠤᠬᠠᠭᠠᠯᠢᠭ ᠬᠣᠲᠠ ᠶᠢ ᠪᠦᠷᠢᠳᠦᠭᠦᠯᠳᠡᠭ ᠣᠯᠠᠨ ᠴᠢᠭᠯᠡᠯ ᠦᠨ ᠨᠢᠭᠡ ᠣᠨᠣᠪᠴᠢᠯᠠᠭᠰᠠᠨ ᠵᠠᠮ ᠤᠨ ᠬᠥᠳᠡᠯᠭᠡᠭᠡᠨ ᠦ ᠲᠣᠭᠲᠠᠯᠴᠠᠭ᠎ᠠ ᠶᠤᠮ᠃ ᠤᠬᠠᠭᠠᠯᠢᠭ ᠬᠣᠲᠠ ᠶᠢᠨ ᠦᠵᠡᠯ ᠪᠠᠷᠢᠮᠲᠠᠯᠠᠯ ᠬᠡᠷᠡᠭᠵᠢᠬᠦ ᠳᠦ ᠪᠡᠨ ᠲᠤᠬᠠᠢ ᠶᠢᠨ ᠬᠣᠲᠠ ᠪᠦᠷᠢ ᠳᠦ ᠥᠪᠡᠷᠮᠢᠴᠡ ᠣᠨᠴᠠᠯᠢᠭ ᠲᠠᠢ ᠪᠠᠶ᠋ᠢᠨ᠎ᠠ᠃ ᠲᠤᠬᠠᠶ᠋ᠢᠯᠠᠪᠠᠯ᠂ ᠮᠤᠮᠪᠠᠢMumbai ᠬᠣᠲᠠ ᠳ᠋ᠤ ᠲᠤᠯᠭᠠᠷᠠᠵᠤ ᠪᠤᠢ ᠠᠰᠠᠭᠤᠳᠠᠯ ᠤᠳ ᠨᠢ ᠳ᠋ᠧᠯᠾᠢDelhi ᠬᠣᠲᠠ ᠶᠢᠨ ᠬᠢ ᠠᠴᠠ ᠲᠡᠰ ᠥᠭᠡᠷ᠎ᠡ᠃ ᠴᠢᠻᠠᠭᠣChicago ᠬᠣᠲᠠ ᠶᠢᠨ ᠠᠰᠠᠭᠤᠳᠠᠯ ᠨᠶᠤ ᠢᠶᠣᠷᠻNew York ᠬᠣᠲᠠ ᠶᠢᠨ ᠬᠢ ᠠᠴᠠ ᠥᠭᠡᠷ᠎ᠡ᠃ ᠲᠡᠷᠡ ᠴᠤ ᠠᠲᠤᠭᠠᠢ ᠳᠡᠯᠡᠬᠡᠢ ᠨᠡᠶ᠋ᠢᠲᠡ ᠶᠢᠨ ᠲᠦᠭᠡᠮᠡᠯ ᠠᠰᠠᠭᠤᠳᠠᠯ ᠪᠣᠯᠬᠤ ᠴᠡᠪᠡᠷ ᠤᠮᠳᠠᠨ ᠤ ᠤᠰᠤᠨ ᠤ ᠨᠥᠭᠡᠴᠡ ᠪᠠᠭᠠᠰᠬᠤ᠂ ᠠᠭᠠᠷ ᠤᠨ ᠴᠢᠨᠠᠷ ᠮᠠᠭᠤᠳᠠᠬᠤ᠂ ᠬᠦᠮᠦᠨ ᠠᠮᠠ ᠶᠢᠨ ᠪᠥᠭᠡᠭᠡᠨᠡᠷᠡᠯ ᠵᠡᠷᠭᠡ ᠨᠢ ᠴᠤ ᠬᠣᠲᠠ ᠠᠴᠠ ᠬᠣᠲᠠ ᠳ᠋ᠤ ᠥᠭᠡᠷ᠎ᠡ ᠥᠭᠡᠷ᠎ᠡ ᠲᠦᠪᠰᠢᠨ ᠳᠦ ᠲᠤᠯᠭᠠᠷᠠᠵᠤ ᠪᠠᠶ᠋ᠢᠳᠠᠭ᠃ ᠵᠠᠰᠠᠭ ᠤᠨ ᠭᠠᠵᠠᠷ ᠪᠣᠯᠤᠨ ᠢᠨ᠍ᠵᠧᠨᠧᠷ ᠦᠳ ᠵᠦᠢᠯᠡᠰ ᠦᠨ ᠢᠨ᠍ᠲ᠋ᠧᠷᠨᠧᠲ ᠢ ᠠᠰᠢᠭᠯᠠᠨ ᠬᠣᠲᠠ ᠪᠦᠷᠢ ᠶᠢᠨ ᠣᠨᠴᠠᠯᠢᠭ ᠨᠠᠷᠢᠨ ᠲᠥᠪᠡᠭᠲᠡᠢ ᠬᠦᠴᠦᠨ ᠵᠦᠢᠯᠡᠰ ᠢ ᠰᠢᠨᠵᠢᠯᠡᠬᠦ ᠪᠣᠯᠤᠮᠵᠢ ᠲᠠᠢ᠃ ᠵᠦᠢᠯᠡᠰ ᠦᠨ ᠢᠨ᠍ᠲ᠋ᠧᠷᠨᠧᠲ ᠢ ᠤᠰᠤᠨ ᠤ ᠮᠧᠨᠧᠵᠮᠧᠨ᠍ᠲmanagement᠂ ᠬᠣᠭ ᠬᠠᠶᠠᠭᠳᠠᠯ᠂ ᠣᠨᠴᠤᠭᠤᠶ ᠪᠠᠶ᠋ᠢᠳᠠᠯ ᠵᠡᠷᠭᠡ ᠳᠦ ᠠᠰᠢᠭᠯᠠᠵᠤ ᠪᠣᠯᠤᠨ᠎ᠠ᠃ ᠫᠠᠯᠣ᠋ ᠠᠯᠲᠣ᠋Palo Alto ᠪᠣᠯ ᠵᠠᠮ ᠤᠨ ᠬᠥᠳᠡᠯᠭᠡᠭᠡᠨ ᠳᠦ ᠴᠣ ᠰᠢᠨ᠎ᠡ ᠠᠷᠭᠠᠴᠢᠯᠠᠯ ᠨᠡᠪᠲᠡᠷᠡᠭᠦᠯᠦᠭᠰᠡᠨ ᠠᠩᠬᠠᠨ ᠤ ᠬᠣᠲᠠ ᠶᠤᠮ᠃ ᠵᠠᠮ ᠳᠡᠭᠡᠷ᠎ᠡ ᠬᠢ ᠶᠡᠬᠡᠩᠬᠢ ᠠᠦ᠋ᠲ᠋ᠣᠮᠠᠱᠢᠨ ᠵᠣᠭᠰᠤᠭᠠᠯ ᠬᠠᠶ᠋ᠢᠵᠤ ᠨᠢᠭᠡ ᠬᠣᠷᠢᠶᠠᠯᠠᠯ ᠢ ᠲᠣᠭᠣᠷᠢᠨ ᠡᠷᠭᠢᠯᠳᠦᠳᠡᠭ ᠪᠣᠯᠬᠤ ᠶᠢ ᠲᠣᠳᠣᠷᠬᠠᠶ᠋ᠢᠯᠠᠵᠠᠢ᠃ ᠡᠨᠡ ᠨᠢ ᠬᠣᠲᠠ ᠶᠢᠨ ᠵᠠᠮ ᠤᠨ ᠲᠦᠭᠵᠢᠷᠡᠯ ᠦᠨ ᠭᠣᠣᠯ ᠰᠢᠯᠲᠠᠭᠠᠨ ᠪᠠᠶ᠋ᠢᠵᠠᠢ᠃ ᠲᠡᠶ᠋ᠢᠮᠦ ᠡᠴᠡ ᠬᠣᠲᠠ ᠶᠢᠨ ᠪᠦᠬᠦ ᠵᠣᠭᠰᠤᠭᠠᠯ ᠳᠤ ᠮᠡᠳᠡᠷᠡᠭᠴᠢ ᠰᠠᠭᠤᠷᠢᠯᠠᠭᠤᠯᠤᠭᠰᠠᠨ ᠪᠠᠶ᠋ᠢᠨ᠎ᠠ᠃ ᠲᠡᠳᠡᠭᠡᠷ ᠮᠡᠳᠡᠷᠡᠭᠴᠢ ᠨᠢ ᠵᠣᠭᠰᠣᠭᠠᠯ ᠤᠨ ᠴᠡᠭ ᠪᠦᠷᠢ ᠶᠢᠨ ᠠᠰᠢᠭᠯᠠᠯᠲᠠ ᠶᠢᠨ ᠲᠥᠯᠥᠪ ᠢ ᠡᠭᠦᠯᠡᠨ ᠳᠦ ᠳᠠᠮᠵᠢᠭᠤᠯᠤᠨ᠎ᠠ᠃ ᠲᠡᠷᠡ ᠬᠦ ᠥᠭᠭᠥᠭᠳᠡᠯ ᠢ ᠬᠡᠴᠢᠨᠡᠨ ᠴᠤ ᠲᠣᠭᠠᠨ ᠤ ᠫᠷᠣᠭ᠌ᠷᠠᠮ ᠠᠰᠢᠭᠯᠠᠵᠤ ᠪᠣᠯᠤᠨ᠎ᠠ᠃ ᠲᠢᠢᠨ ᠬᠦ᠂ ᠵᠢᠯᠣᠭᠣᠴᠢ ᠨᠠᠷ ᠢ ᠬᠠᠮᠤᠭ ᠤᠨ ᠳᠥᠲᠡ ᠵᠠᠮ ᠢᠢᠠᠷ ᠴᠢᠯᠦᠭᠡᠲᠡᠢ ᠵᠣᠭᠰᠣᠭᠠᠯ ᠤᠷᠤᠭᠤ ᠬᠥᠲᠥᠯᠬᠦ ᠪᠣᠯᠤᠮᠵᠢ ᠲᠠᠢ᠃<ref name=":4" />

Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width