Цирроз

Wikibilig-с
(ᠼᠢᠷᠷᠥᠽ-с чиглүүлэгдэв)


ᠼᠢᠷᠷᠣᠽ (Cirrhosis) ᠭᠡᠳᠡᠭ ᠨᠢ ᠭᠷᠧᠻ ᠢᠶᠡᠷ ᠨᠢᠮᠪᠢᠭᠡᠨ ᠰᠢᠷᠠᠠᠯᠲᠠ ᠭᠡᠰᠡᠨ ᠤᠳᠬ᠎ᠠ ᠲᠠᠢ ᠦᠭᠡ ᠶᠤᠮ᠃ ᠡᠷᠡᠭᠦᠯ ᠬᠦᠮᠦᠨ ᠦ ᠡᠯᠡᠭ ᠤᠯᠠᠭᠠᠨ ᠥᠩᠭᠡᠲᠡᠢ ᠪᠠᠶᠢᠬᠤ ᠶᠣᠰᠣᠲᠠᠢ ᠠᠲᠠᠯ᠎ᠠ ᠼᠢᠷᠷᠣᠵᠤᠭᠤᠷ ᠡᠪᠡᠳᠦᠭᠰᠡᠨ ᠬᠦᠮᠦᠨ ᠢ ᠲᠣᠳᠣ ᠰᠢᠷ᠎ᠠ ᠥᠩᠭᠡᠲᠡᠢ ᠪᠣᠯᠳᠠᠭ ᠲᠤᠯᠠ ᠡᠢᠨᠬᠦᠦ ᠨᠡᠷᠡᠯᠡᠵᠡᠢ᠃ ᠡᠯᠢᠭᠡᠨ ᠦ ᠡᠷᠡᠭᠦᠯ ᠡᠰ ᠨᠢ ᠬᠣᠯᠪᠣᠭᠴᠢ ᠡᠳ᠋ ᠍ ᠢᠶᠡᠷ ᠰᠣᠯᠢᠭᠳᠠᠨ ᠪᠦᠲᠦᠴᠡ ᠨᠢ ᠠᠯᠳᠠᠭᠳᠠᠵᠤ ᠡᠬᠢᠯᠡᠳᠡᠭ ᠡᠯᠢᠭᠡᠨ ᠦ ᠡᠪᠡᠳᠴᠢᠨ ᠢ ᠼᠢᠷᠷᠣᠽ ᠭᠡᠨ᠎ᠡ᠃

ᠡᠷᠡᠭᠦᠯ
ᠡᠯᠢᠭᠡ
ᠪᠠ
ᠬᠠᠲᠠᠭᠤᠷᠠᠭᠰᠠᠨ
ᠡᠯᠢᠭᠡ

ᠰᠢᠯᠲᠠᠭᠠᠨ[засварлах | кодоор засварлах]

ᠡᠨᠡ ᠡᠪᠡᠳᠴᠢᠨ ᠡᠭᠦᠰᠬᠦ ᠳᠦ ᠨᠥᠯᠦᠭᠡᠯᠡᠳᠡᠭ ᠭᠣᠣᠯ ᠬᠣᠶᠠᠷ ᠬᠦᠴᠦᠨ ᠵᠦᠢᠯ ᠪᠠᠶᠢᠳᠠᠭ᠃ ᠨᠢᠭᠡ ᠳᠦ ᠨᠢ ᠣᠢᠷᠦ᠋ᠰᠲ ᠶᠢᠨ ᠭᠠᠷᠤᠯᠲᠠᠢ ᠰᠢᠷ᠎ᠠ ᠡᠪᠡᠳᠴᠢᠨ᠂ ᠲᠡᠳᠡᠭᠡᠷ ᠡᠴᠡ ᠡ ᠪᠠ ᠰ ᠭᠡᠫᠠᠲᠢᠲ᠃ ᠢᠯᠠᠩᠭᠤᠶ᠎ᠠ ᠨᠢᠯᠬ᠎ᠠ ᠪᠠᠭᠠᠳᠠᠭ᠎ᠠ ᠡ ᠭᠡᠫᠠᠲ᠋ᠢᠲᠠᠷ ᠡᠪᠡᠳᠴᠦ ᠪᠠᠶᠢᠭᠰᠠᠨ ᠬᠦᠮᠦᠰ ᠦᠨ ᠼᠢᠷᠷᠣᠵᠤᠭᠤᠷ ᠡᠪᠡᠳᠬᠦ ᠡᠷᠦᠰᠳᠡᠯ ᠨᠢ ᠮᠠᠰᠢ ᠶᠡᠬᠡ ᠪᠣᠯᠳᠠᠭ᠃ ᠡᠶᠢᠮᠦ ᠳᠦ ᠡᠴᠢᠭᠡ᠂ ᠡᠬᠡᠴᠦᠳ ᠬᠡᠦᠬᠡᠳ ᠦᠳ ᠲᠡᠭᠡᠨ ᠣᠨᠴᠠᠭᠠᠢ ᠠᠩᠬᠠᠷᠤᠯ ᠲᠠᠯᠪᠢᠵᠤ ᠪᠠᠶᠢᠬᠤ ᠬᠡᠷᠡᠭᠲᠡᠢ ᠶᠤᠮ᠃ ᠳᠠᠷᠤᠭ᠎ᠠ ᠶᠢᠨ ᠰᠢᠯᠲᠠᠭᠠᠨ ᠨᠢ ᠰᠤᠭᠳᠤᠭᠤᠷᠠᠭᠤᠯᠬᠤ ᠤᠮᠳᠠᠭ᠎ᠠ᠂ ᠲᠡᠭᠦᠨ ᠦ ᠳᠣᠲᠣᠷ᠎ᠠ ᠬᠠᠲᠠᠭᠤ ᠠᠷᠢᠬᠢ ᠶᠢ ᠬᠡᠲᠦᠷᠡᠭᠦᠯᠦᠨ ᠬᠡᠷᠡᠭᠯᠡᠬᠦ ᠶᠠᠪᠤᠳᠠᠯ᠃ ᠭᠡᠬᠦ ᠳᠦ ᠪᠡᠨ ᠳᠠᠷᠠᠭᠠᠬᠢ ᠨᠥᠬᠥᠴᠡᠯ ᠳᠦ ᠳᠡᠭᠡᠷᠡᠬᠢ ᠬᠣᠶᠠᠷ ᠰᠢᠯᠲᠠᠭᠠᠨ ᠦᠭᠡᠢ ᠪᠠᠶᠢᠭᠰᠠᠨ ᠴᠤ ᠼᠢᠷᠷᠣᠵᠤᠭᠤᠷ ᠡᠪᠡᠳᠬᠦ ᠡᠷᠦᠰᠳᠡᠯ ᠶᠡᠬᠡᠰᠦᠳᠡᠭ᠂ ᠡᠭᠦᠨ ᠳᠦ᠄ ᠍ ᠬᠣᠣᠷᠠᠲᠤ ᠪᠣᠳᠠᠰ ᠤᠳ ᠢᠶᠠᠷ ᠬᠣᠷᠣᠳᠠᠬᠤ ( ᠴᠠᠶᠢᠪᠤᠷ ᠠᠬᠤ ᠮᠥᠭᠦᠨ ᠦ ᠬᠣᠣᠷ᠎ᠠ᠂ ᠵᠠᠷᠢᠮ ᠡᠮ) - ᠤᠳᠠᠭᠠᠨ ᠬᠤᠭᠤᠴᠠᠭ᠎ᠠ ᠪᠠᠷ ᠰᠢᠷᠠᠯᠠᠯᠲᠠ ᠥᠭᠭᠦᠭᠰᠡᠨ ᠰᠥᠰᠦᠨ ᠦ ᠬᠡᠦᠳᠡᠢ ᠶᠢᠨ ᠪᠣᠯᠤᠨ ᠰᠥᠰᠦᠨ ᠦ ᠴᠣᠷᠭᠣᠨ ᠤ ᠡᠪᠡᠳᠴᠢᠨ ᠍ ᠤᠳᠤᠮᠰᠢᠯ ᠤᠨ ᠬᠦᠴᠦᠨ ᠵᠦᠢᠯ ᠦᠳ ( ᠬᠣᠪᠣᠷ ᠲᠣᠬᠢᠶᠠᠯᠳᠤᠳᠠᠭ) - ᠳᠠᠷᠬᠠᠯᠠᠯ ᠤᠨ ᠲᠣᠭᠲᠠᠯᠴᠠᠭᠠᠨ ᠤ ᠬᠢᠮᠤᠷᠠᠯ /ᠪᠡᠶ᠎ᠡ ᠮᠠᠬᠠᠪᠣᠳ ᠭᠡᠨᠡᠳᠲᠡ ᠡᠯᠢᠭᠡᠨ ᠦ ᠡᠳ᠋ ᠍ ᠢ ᠭᠡᠮᠲᠦᠭᠡᠭᠴᠢ ᠪᠣᠳᠠᠰ ᠢᠯᠭᠠᠷᠠᠭᠤᠯᠬᠤ/ ᠵᠡᠷᠭᠡ ᠨᠢ ᠲᠣᠳᠣᠷᠬᠠᠢ ᠨᠥᠯᠥᠭᠡ ᠦᠵᠡᠭᠦᠯᠳᠡᠭ ᠪᠠᠶᠢᠨ᠎ᠠ᠃

ᠶᠠᠪᠤᠴᠠ[засварлах | кодоор засварлах]

ᠬᠠᠯᠳᠠᠪᠤᠷᠢᠲᠤ ᠰᠢᠷ᠎ᠠ ᠡᠪᠡᠳᠴᠢᠨ ᠦ ᠦᠶ᠎ᠡ ᠳᠦ ᠡᠯᠢᠭᠡᠨ ᠦ ᠪᠦᠲᠦᠴᠡ ᠳᠦ ᠥᠭᠡᠷᠡᠴᠢᠯᠡᠯᠲᠡ ᠭᠠᠷᠤᠭᠰᠠᠨ ᠢᠶᠠᠷ ᠡᠷᠡᠭᠦᠯ ᠡᠰᠡ ᠨᠦᠭᠦᠳ ᠨᠢ ᠭᠡᠮᠲᠦᠭᠢ᠂ ᠪᠡᠶ᠎ᠡ ᠮᠠᠬᠠᠪᠣᠳᠢᠳ ᠱᠠᠭᠠᠷᠳᠠᠯᠭ᠎ᠠ ᠲᠠᠢ ᠤᠭᠤᠷᠠᠭ ᠭ.ᠮ. ᠪᠣᠳᠠᠰ ᠢᠯᠭᠠᠷᠠᠭᠤᠯᠵᠤ ᠴᠢᠳᠠᠬᠤ ᠪᠠᠨ ᠪᠠᠶᠢᠬᠤ ᠠᠴᠠ ᠭᠠᠳᠠᠨ᠎ᠠ ᠬᠣᠣᠷᠠᠲᠠᠢ ᠪᠣᠳᠠᠰ ᠢ ᠰᠠᠭᠠᠷᠮᠠᠭᠵᠢᠭᠤᠯᠬᠤ ᠴᠢᠳᠠᠪᠤᠷᠢ ᠪᠠᠨ ᠠᠯᠠᠳᠠᠨ᠎ᠠ᠃

ᠰᠢᠨᠵᠢ ᠲᠡᠮᠳᠡᠭ[засварлах | кодоор засварлах]

- ᠡᠯᠢᠭᠡᠨ ᠦ ᠬᠡᠮᠵᠢᠶ᠎ᠡ ᠥᠭᠡᠷᠡᠴᠢᠯᠡᠭᠳᠡᠨ᠎ᠡ᠃ ᠡᠯᠢᠭᠡ ᠲᠣᠮᠣᠷᠠᠬᠤ᠂ ᠡᠰᠡᠪᠡᠯ ᠵᠢᠵᠢᠭᠷᠡᠬᠦ᠃
- ᠬᠡᠪᠡᠯᠢ ᠬᠥᠭᠡᠭᠡᠵᠦ ᠴᠦᠳᠡᠶᠢᠨ᠎ᠡ᠃ ᠡᠨᠡ ᠨᠢ ᠬᠡᠪᠡᠯᠢ ᠶᠢᠨ ᠬᠥᠨᠳᠡᠢ ᠳᠦ ᠰᠢᠩᠭᠡᠨ ᠬᠤᠷᠠᠯᠳᠤᠭᠰᠠᠨ ᠲᠠᠢ ᠬᠣᠯᠪᠣᠭ᠎ᠠ ᠲᠠᠢ᠃
- ᠭᠡᠳᠡᠰᠦ ᠳᠦᠭᠦᠷᠬᠦ᠂ ᠳᠣᠲᠣᠷ᠎ᠠ ᠡᠪᠭᠦᠶᠢᠷᠡᠬᠦ᠂ ᠠᠮᠠ ᠬᠠᠯᠠᠭᠤᠨ ᠣᠷᠭᠢᠬᠤ᠂ ᠬᠡᠬᠡᠷᠡᠭᠦᠯᠬᠦ᠂ ᠰᠢᠭᠡᠰᠦ ᠢᠯᠭᠠᠷᠠᠯᠲᠠ ᠤᠳᠠᠭᠠᠰᠢᠷᠠᠨ᠎ᠠ᠃
- ᠪᠡᠶ᠎ᠡ ᠶᠢᠨ ᠶᠡᠷᠦᠩᠬᠡᠢ ᠪᠠᠶᠢᠳᠠᠯ ᠰᠤᠯᠤᠷᠴᠢ᠂ ᠲᠦᠷᠨᠤ᠃
- ᠬᠡᠪᠡᠯᠢ ᠶᠢᠨ ᠤᠷᠳᠤ ᠬᠠᠨᠠᠨ ᠤ ᠬᠥᠬᠡ ᠰᠤᠳᠠᠰᠤᠨ ᠨᠤᠭᠤᠳ ᠥᠷᠭᠡᠰᠴᠦ᠂ ᠬᠦᠢᠰᠦ ᠲᠣᠭᠣᠷᠢᠨ ᠨᠠᠢᠮᠠᠶᠢᠯᠵᠨᠠᠢ ᠲᠣᠯᠣᠭᠠᠢ ᠶᠢ ᠰᠠᠨᠠᠭᠳᠠᠭᠤᠯᠤᠭᠰᠠᠨ ᠬᠥᠬᠡᠪᠲᠦᠷ ᠳᠦᠷᠰᠦ ᠪᠤᠢ ᠪᠣᠯᠤᠨ᠎ᠠ᠃
- ᠴᠡᠭᠡᠵᠢ᠂ ᠨᠢᠷᠤᠭᠤ ᠪᠣᠯᠤᠨ ᠮᠥᠷᠦᠨ ᠳᠡᠭᠡᠭᠦᠷ ᠣᠳᠣ ᠰᠢᠭ᠂ ᠡᠰᠡᠪᠡᠯ ᠵᠢᠵᠢᠭᠬᠡᠨ ᠠᠭᠠᠯᠵᠢ ᠲᠠᠢ ᠲᠥᠰᠲᠡᠢ ᠤᠯᠠᠭᠠᠨ ᠲᠣᠯᠪᠤᠨ ᠤᠳ ᠡᠭᠦᠰᠦᠨ᠎ᠡ᠃ ᠭᠠᠷ ᠤᠨ ᠠᠯᠠᠭ᠎ᠠ ᠤᠯᠠᠢᠨ᠎ᠠ᠃
- ᠡᠷᠡᠭᠲᠡᠢ ᠬᠦᠮᠦᠨ ᠦ ᠬᠥᠬᠦᠨ ᠦ ᠪᠤᠯᠴᠢᠷᠬᠠᠢ ᠨᠤᠭᠤᠳ ᠲᠣᠮᠣᠷᠴᠢ᠂ ᠰᠤᠭᠤ᠂ ᠳᠤᠬᠤᠨ ᠤ ᠦᠰᠦ ᠤᠨᠤᠨ ᠪᠡᠯᠢᠭ ᠡᠷᠬᠡᠲᠡᠨ ᠦ ᠬᠥᠪᠴᠢᠷᠡᠯᠲᠡ ᠰᠤᠯᠠᠷᠠᠨ᠎ᠠ᠃ ᠡᠮᠡᠭᠲᠡᠢ ᠬᠦᠮᠦᠨ ᠦ ᠰᠠᠷ᠎ᠠ ᠶᠢᠨ ᠲᠡᠮᠳᠡᠭ ᠲᠠᠰᠤᠯᠳᠠᠨ᠎ᠠ᠃
- ᠡᠯᠢᠭᠡᠨ ᠦ ᠰᠢᠭᠦᠬᠦ ᠴᠢᠳᠠᠪᠤᠷᠢ ᠠᠯᠳᠠᠭᠳᠠᠰᠤᠨᠠᠭᠠᠰᠤ ᠴᠢᠰᠤᠨ ᠳᠤ ᠬᠣᠣᠷᠠᠲᠤ ᠪᠣᠳᠠᠰ ᠬᠤᠷᠠᠯᠳᠤᠵᠤ᠂ ᠪᠠᠶᠢᠩᠭᠤ ᠲᠣᠯᠣᠭᠠᠢ ᠡᠪᠡᠳᠬᠦ᠂ ᠣᠢ ᠲᠣᠭᠲᠠᠭᠠᠯ ᠳᠤ᠂ ᠠᠩᠬᠠᠷᠤᠯ ᠰᠤᠯᠠᠷᠠᠬᠤ ᠰᠢᠨᠵᠢ ᠠᠵᠢᠭᠯᠠᠭᠳᠠᠨ᠎ᠠ᠃
- ᠬᠣᠳᠣᠭᠣᠳᠣ ᠳᠤᠷᠠᠨᠳᠠᠬᠤ ᠳᠤ ᠤᠯᠠᠭᠠᠨ ᠬᠣᠭᠣᠯᠠᠢ ᠶᠢᠨ ᠰᠤᠳᠠᠰᠤ ᠥᠷᠭᠡᠰᠦᠭᠰᠡᠨ ᠬᠠᠷᠠᠭᠳᠠᠨ᠎ᠠ᠃
-ᠠᠷᠠᠰᠤ ᠰᠢᠷᠠᠯᠠᠬᠤ᠂ ᠵᠠᠭᠠᠲᠤᠨᠠᠵᠤ ᠪᠣᠯᠤᠨ᠎ᠠ᠃

ᠼᠢᠷᠷᠵ ᠶᠢᠨ ᠦᠶ᠎ᠡ ᠳᠦ ᠬᠦᠴᠦᠲᠡᠢ ᠡᠪᠡᠳᠦᠯᠲᠡ ᠪᠠᠶᠢᠳᠠᠭ ᠦᠭᠡᠢ᠃ ᠬᠠᠶᠠᠭ᠎ᠠ ᠪᠡᠶ᠎ᠡ ᠶᠢᠨ ᠬᠦᠴᠦᠨ ᠦ ᠠᠵᠢᠯ ᠬᠢᠵᠦ᠂ ᠬᠣᠭᠣᠯᠠᠨ ᠤ ᠳᠢᠭᠯᠢᠮ ᠠᠯᠳᠠᠭᠳᠠᠭᠰᠠᠨ ᠦᠶ᠎ᠡ ᠳᠦ ᠬᠡᠪᠡᠯᠢ ᠶᠢᠨ ᠪᠠᠷᠠᠭᠤᠨ ᠳᠡᠭᠡᠳᠦ ᠬᠡᠰᠡᠭ ᠲᠦ ᠬᠦᠨᠳᠦᠷᠴᠢ᠂ ᠲᠥᠭᠡᠨᠡᠵᠦ ᠡᠪᠡᠳᠬᠦ ᠵᠣᠪᠢᠭᠤᠷ ᠢᠯᠡᠷᠡᠵᠦ ᠪᠣᠯᠤᠨ᠎ᠠ᠃

ᠼᠢᠷᠷᠣᠽ ᠪᠦᠲᠦᠨ ᠡᠮᠴᠢᠯᠡᠭᠳᠡᠳᠡᠭ ᠦᠭᠡᠢ᠂ ᠣᠯᠠᠨ ᠵᠢᠯ ᠦᠨ ᠳᠠᠭᠠᠭᠠᠮᠵᠢᠷᠠᠭᠰᠠᠨ ᠶᠠᠪᠤᠴᠠ ᠲᠠᠢ ᠪᠥᠭᠡᠳ ᠬᠦᠨᠳᠦᠷᠡᠭᠰᠡᠨ ᠦᠶᠡᠳᠡᠭᠡ ᠣᠨᠴᠠ ᠠᠶᠤᠯᠲᠠᠢ ᠡᠪᠡᠳᠴᠢᠨ ᠶᠤᠮ᠃

ᠣᠨᠣᠰᠢᠯᠠᠭ᠎ᠠ[засварлах | кодоор засварлах]

ᠵᠥᠪ ᠣᠨᠣᠰᠢᠯᠠᠬᠤ ᠶᠢᠨ ᠲᠤᠯᠠᠳᠠ᠂ ᠬᠣᠳᠣᠭᠣᠳᠣ ᠭᠡᠳᠡᠰᠦᠨ ᠦ ᠡᠮᠴᠢ ᠦᠵᠡᠯᠭᠡ ᠬᠢᠭᠰᠡᠨ ᠦ ᠳᠠᠷᠠᠭ᠎ᠠ ᠳᠣᠣᠷᠠᠬᠢ ᠰᠢᠨᠵᠢᠯᠡᠭᠡᠨ ᠨᠦᠭᠦᠳ ᠢ ᠪᠢᠴᠢᠨ᠎ᠡ;

- ᠴᠢᠰᠤᠨ ᠤ ᠪᠢᠣᠬᠢᠮᠢᠢᠨ ᠰᠢᠨᠵᠢᠯᠡᠭᠡ
- ᠡᠯᠢᠭᠡᠨ ᠦ ᠣᠢᠷᠦ᠋ᠰᠲ ᠶᠢᠨ ᠭᠠᠷᠤᠯᠲᠠᠢ ᠦᠷᠪᠢᠰᠦᠯ ᠡᠭᠦᠰᠬᠡᠭᠴᠢ ᠶᠢ ᠲᠣᠳᠣᠷᠬᠠᠶᠢᠯᠠᠬᠤ ᠴᠢᠰᠤᠨ ᠤ ᠰᠢᠨᠵᠢᠯᠡᠭᠡ
- ᠡᠯᠢᠭᠡᠨ ᠦ ᠪᠣᠯᠤᠨ ᠪᠤᠰᠤᠳ ᠡᠷᠬᠡᠲᠡᠨ ᠦ ᠬᠡᠲᠦ ᠠᠪᠢᠶᠠᠨ ᠤ ᠰᠢᠨᠵᠢᠯᠡᠭᠡ
- ᠤᠯᠠᠭᠠᠨ ᠬᠣᠭᠣᠯᠠᠢ ᠶᠢᠨ ᠣᠡᠨᠢ ᠶᠢᠨ ᠰᠤᠳᠠᠰᠤᠨ ᠤ ᠪᠠᠶᠢᠳᠠᠯ ᠢ ᠬᠢᠨᠠᠬᠤ ᠪᠠ ᠴᠢᠰᠤ ᠠᠯᠳᠠᠬᠤ ᠮᠠᠭᠠᠳᠯᠠᠯ ᠢ ᠲᠣᠳᠣᠷᠬᠠᠶᠢᠯᠠᠬᠤ ᠬᠣᠳᠣᠭᠣᠳᠣ ᠳᠤᠷᠠᠨᠳᠠᠬᠤ ᠰᠢᠨᠵᠢᠯᠡᠭᠡ
- ᠡᠯᠢᠭᠡᠨ ᠦ ᠰᠼᠢᠨᠲ᠋ᠢᠭᠷᠠᠹ ᠪᠤᠪᠤ ᠰᠠᠴᠤᠷᠠᠭ ᠢᠳᠡᠪᠬᠢ ᠳᠦ ᠰᠢᠨᠵᠢᠯᠡᠭᠡ
- ᠻᠣᠮᠫᠢᠶᠦ᠋ᠲ᠋ᠧᠷ ᠦᠨ ᠲᠣᠮᠣᠭᠷᠠᠹᠢ ᠰᠢᠨᠵᠢᠯᠡᠭᠡ᠃ ᠡᠯᠢᠭᠡᠨ ᠦ ᠪᠠ ᠬᠡᠪᠡᠯᠢ ᠶᠢᠨ ᠬᠥᠨᠳᠡᠢ ᠶᠢᠨ ᠪᠤᠰᠤᠳ ᠡᠷᠬᠡᠲᠡᠨ ᠨᠣᠭᠦᠳ ᠦᠨ ᠥᠭᠡᠷᠡᠴᠢᠯᠡᠯᠲᠡ ᠶᠢ ᠬᠠᠷᠠᠨ᠎ᠠ
- ᠵᠠᠷᠢᠮ ᠲᠣᠬᠢᠶᠠᠯᠳᠤᠯ ᠳᠤ ᠡᠯᠢᠭᠡᠨ ᠦ ᠡᠳ᠋ ᠦᠨ ᠰᠢᠨᠵᠢᠯᠡᠭᠡ ᠬᠢᠨ᠎ᠡ᠃

ᠡᠮᠴᠢᠯᠡᠭᠡ[засварлах | кодоор засварлах]

ᠡᠨᠡ ᠡᠪᠡᠳᠴᠢᠨ ᠢ ᠪᠦᠷᠢᠨ ᠡᠮᠴᠢᠯᠡᠬᠦ ᠪᠣᠯᠤᠮᠵᠢ ᠦᠭᠡᠢ᠃ ᠵᠥᠪᠬᠡᠨ ᠡᠬᠢᠨ ᠦ ᠱᠠᠲᠤᠨ ᠳᠤ ᠨᠢ ᠲᠦᠷ ᠵᠣᠭᠰᠣᠭᠠᠬᠤ ᠪᠣᠯᠤᠮᠵᠢ ᠪᠠᠶᠢᠳᠠᠭ᠃ ᠡᠪᠡᠳᠴᠢᠨ ᠳᠠᠭᠠᠭᠠᠮᠵᠢᠷᠠᠭᠰᠠᠨ ᠦᠶ᠎ᠡ ᠳᠦ ᠡᠮᠴᠢ ᠾᠧᠫᠠᠲ᠋ᠣᠯᠣᠭᠢᠴᠢ ᠵᠥᠪᠬᠡᠨ ᠲᠠᠭ᠎ᠠ ᠦᠭᠡᠢ ᠰᠢᠨᠵᠢ ᠲᠡᠮᠳᠡᠭ ᠢ ᠠᠷᠢᠯᠭᠠᠵᠤ᠂ ᠬᠦᠨᠳᠦᠷᠡᠯ ᠡᠭᠦᠰᠬᠦ ᠶᠠᠪᠤᠴᠠ ᠶᠢ ᠤᠳᠠᠭᠠᠰᠢᠷᠠᠭᠤᠯᠵᠤ ᠴᠢᠳᠠᠳᠠᠭ᠃
ᠦᠨᠳᠦᠰᠦᠨ ᠡᠮᠴᠢᠯᠡᠭᠡ᠄
- ᠬᠣᠭᠣᠯᠠᠨ ᠤ ᠳᠢᠭᠯᠢᠮ ᠪᠠᠷᠢᠬᠤ᠃ ᠡᠨᠳᠡ ᠥᠭᠡᠬᠦ ᠲᠣᠰᠣᠲᠠᠢ᠂ ᠰᠢᠷᠠᠭᠰᠠᠨ ᠬᠠᠭᠤᠷᠤᠭᠰᠠᠨ᠂ ᠬᠠᠯᠠᠭᠤᠨ ᠨᠣᠭᠣᠭ᠎ᠠ ᠲᠠᠢ ᠬᠣᠭᠣᠯᠠᠨ ᠠᠴᠠ ᠲᠠᠲᠠᠭᠠᠯᠵᠠᠬᠤ᠃ ᠠᠷᠢᠬᠢ ᠶᠢ ᠲᠡᠪᠴᠢᠬᠦ᠃ ᠳᠠᠪᠤᠰᠤ ᠪᠣᠯᠤᠨ ᠤᠭᠤᠷᠠᠭ ᠤᠨ ᠬᠡᠮᠵᠢᠶ᠎ᠡ ᠶᠢ ᠬᠢᠵᠠᠭᠠᠷᠯᠠᠬᠤ᠃
- ᠰᠢᠭᠡᠰᠦ ᠬᠥᠭᠡᠭᠡᠬᠦ ᠡᠮᠦ ᠳᠦ
- ᠣᠢᠷᠦ᠋ᠰᠲ ᠶᠢᠨ ᠡᠰᠡᠷᠭᠦ ᠡᠮᠴᠢᠯᠡᠭᠡ ᠶᠢ ᠬᠣᠪᠣᠷᠬᠠᠨ ᠬᠡᠷᠡᠭᠯᠡᠨ᠎ᠡ᠃ ᠭᠡᠪᠡᠴᠦ ᠵᠠᠷᠢᠮᠳᠠᠭᠠᠨ ᠡᠪᠡᠳᠴᠢᠨ ᠢ ᠤᠳᠠᠭᠠᠰᠢᠷᠠᠭᠤᠯᠳᠠᠭ ᠲᠠᠯ᠎ᠠ ᠲᠠᠢ
- ᠫᠯᠠᠽᠮᠣᠹᠡᠷᠡᠽ᠃ ᠴᠢᠰᠤ ᠶᠢ ᠬᠣᠣᠷᠠᠲᠠᠢ ᠪᠣᠳᠠᠰ ᠠᠴᠠ ᠰᠢᠭᠦᠵᠦ ᠴᠡᠪᠡᠷᠯᠡᠬᠦ᠃ ᠡᠯᠢᠭᠡ ᠥᠪᠡᠷ ᠢᠶᠡᠨ ᠡᠨᠡ ᠡᠭᠦᠷᠭᠡ ᠊ᠢᠢ ᠊ᠢᠢᠡᠨ ᠪᠡᠶᠡᠯᠡᠭᠦᠯᠵᠦ ᠴᠢᠳᠠᠬᠤ ᠪᠠᠨ ᠪᠣᠯᠢᠭᠰᠤᠨ ᠨᠥᠬᠥᠴᠡᠯ ᠳᠦᠷ ᠡᠨᠡ ᠡᠮᠴᠢᠯᠡᠭᠡ ᠶᠢ ᠬᠢᠨ᠎ᠡ᠃
- ᠡᠪᠡᠳᠴᠢᠨ ᠤᠯᠠᠮ ᠳᠠᠭᠠᠭᠠᠮᠵᠢᠢᠷᠠᠵᠤ ᠬᠦᠨᠳᠦᠷᠡᠭᠰᠡᠨ ᠦᠶ ᠊ᠡ᠋ ᠊ᠳᠦᠷ ᠡᠪᠡᠳᠴᠢᠲᠡᠨ ᠢ ᠡᠮᠨᠡᠯᠭᠡ ᠳᠦ ᠬᠡᠪᠲᠡᠭᠦᠯᠦᠨ᠎ᠡ᠃ ᠮᠡᠰᠡ ᠵᠠᠰᠠᠯ ᠤᠨ ᠡᠮᠴᠢᠯᠡᠭᠡᠨᠡᠢ ᠱᠠᠭᠠᠷᠳᠠᠯᠭ᠎ᠠ ᠭᠠᠷᠴᠤ ᠪᠣᠯᠵᠤᠰᠢ ᠦᠭᠡᠶ᠃
- ᠫᠠᠷᠠᠼᠧᠨ᠋ᠲ᠋ᠧᠽ᠃ ᠬᠡᠪᠡᠯᠢ ᠶᠢᠨ ᠬᠥᠨᠳᠡᠢ ᠳᠦ ᠬᠤᠷᠠᠮᠲᠤᠯᠠᠭᠳᠠᠭᠰᠠᠨ ᠰᠢᠩᠭᠡᠨ ᠢ ᠬᠡᠪᠡᠯᠢ ᠶᠢᠨ ᠬᠠᠨᠠᠨ ᠳᠤ ᠬᠠᠳᠬᠤᠯᠲᠠ ᠬᠢᠵᠦ ᠭᠠᠷᠭᠠᠬᠤ᠃
- ᠴᠢᠰᠤᠨ ᠤ ᠭᠦᠶᠦᠳᠡᠯ ᠦᠨ ᠥᠭᠡᠷ᠎ᠡ ᠵᠠᠮ ᠪᠤᠢ ᠪᠣᠯᠭᠠᠬᠤ ᠬᠠᠭᠠᠯᠭ᠎ᠠ ᠬᠢᠬᠦ᠃ ᠡᠨᠡ ᠨᠢ ᠭᠡᠮᠲᠦᠯ ᠶᠡᠬᠡ ᠲᠡᠢ ᠮᠠᠰᠢ ᠬᠦᠨᠳᠦ ᠬᠠᠭᠠᠯᠭ᠎ᠠ ᠪᠥᠭᠡᠳ ᠰᠤᠳᠠᠰᠤᠨ ᠤ ᠮᠡᠰᠡ ᠵᠠᠰᠠᠯᠴᠢ ᠶᠢᠨ ᠨᠠᠷᠢᠨ ᠤᠷ᠎ᠠ ᠴᠢᠳᠠᠪᠤᠷᠢ ᠰᠢᠷᠳᠠᠭᠳᠠᠨ᠎ᠠ᠃
- ᠡᠯᠢᠭᠡ ᠨᠥᠬᠥᠨ ᠰᠠᠭᠤᠯᠭᠠᠬᠤ᠃

ᠡᠬᠢ ᠰᠤᠷᠪᠤᠯᠵᠢ[засварлах | кодоор засварлах]

ᠡᠷᠡᠭᠦᠯ ᠮᠡᠨᠳᠦ ᠶᠢᠨ ᠦᠨᠳᠦᠰᠦᠨ ᠦ ᠫᠣᠷᠲ᠋ᠠᠯ