"ᠮᠣᠩᠭᠣᠯᠣᠷ ᠊ᠤᠨ ᠪᠠᠢᠢᠰᠢᠩ"-ны өөр хувилбарууд

Wikibilig-с
(Created Article)
 
(Layout)
1-р мөр: 1-р мөр:
<div style = "writing-mode: vertical-lr;">
<div style="max-height: 80vh; writing-mode: vertical-lr; font-family: 'Noto Sans Mongolian'">
ᠮᠣᠩᠭᠣᠯᠣᠷ ᠤᠨ ᠪᠠᠷᠢᠯᠭ᠎ᠠ ᠶᠡᠬᠡ ᠬᠦᠷᠢᠶᠡᠨ᠎ᠡ 1905 ᠣᠨ ᠳᠤ ᠪᠠᠷᠢᠭᠳᠠᠭᠰᠠᠨ ᠲᠡᠦᠬᠡᠨ ᠪᠠᠷᠢᠯᠭ᠎ᠠ ᠪᠢᠯᠡ᠃
ᠮᠣᠩᠭᠣᠯᠣᠷ ᠤᠨ ᠪᠠᠷᠢᠯᠭ᠎ᠠ ᠶᠡᠬᠡ ᠬᠦᠷᠢᠶᠡᠨ᠎ᠡ 1905 ᠣᠨ ᠳᠤ ᠪᠠᠷᠢᠭᠳᠠᠭᠰᠠᠨ ᠲᠡᠦᠬᠡᠨ ᠪᠠᠷᠢᠯᠭ᠎ᠠ ᠪᠢᠯᠡ᠃
ᠲᠤᠰ ᠪᠠᠷᠢᠯᠭ᠎ᠠ ᠶᠢ ᠠᠩᠭᠯᠢ ᠪᠠᠩᠬᠢᠨ ᠤ ᠪᠠᠷᠢᠯᠭ᠎ᠠ᠂ ᠭᠷᠣᠲ ᠤᠨ ᠤᠯᠠᠭᠠᠨ᠂ ᠪᠠᠷᠣᠨ ᠦᠨ᠍ᠭᠧᠷᠨ᠍ ‍ᠦ ᠱᠲ᠋ᠠᠪ᠂ ᠤᠯᠠᠭᠠᠨ ᠥᠮᠥᠳᠥᠲᠡᠨ ᠦ ᠰᠤᠷᠭᠠᠭᠤᠯᠢ᠂ ᠴᠡᠷᠢᠭ ᠦᠨ ᠾᠣᠰᠫᠢᠲ᠋ᠠᠯ ᠭᠡᠬᠦ ᠵᠡᠷᠭᠡ ᠪᠡᠷ ᠨᠡᠷᠡᠯᠡᠭᠰᠡᠭᠡᠷ ᠢᠷᠡᠵᠡᠢ᠃ ᠨᠡᠢᠢᠰᠯᠡᠯ ᠳᠡᠬᠢ ᠬᠠᠮᠤᠭ ‍ᠤᠨ ᠠᠩᠬᠠᠨ ‍ᠤ ᠾᠣᠯᠯᠠᠨ᠍ᠳ᠋ ᠵᠠᠭᠪᠤᠷ ‍‍ᠤᠨ ᠪᠠᠷᠢᠯᠭ᠎ ‍ᠠ᠋ ᠶᠤᠮ᠃
ᠲᠤᠰ ᠪᠠᠷᠢᠯᠭ᠎ᠠ ᠶᠢ ᠠᠩᠭᠯᠢ ᠪᠠᠩᠬᠢᠨ ᠤ ᠪᠠᠷᠢᠯᠭ᠎ᠠ᠂ ᠭᠷᠣᠲ ᠤᠨ ᠤᠯᠠᠭᠠᠨ᠂ ᠪᠠᠷᠣᠨ ᠦᠨ᠍ᠭᠧᠷᠨ᠍ ‍ᠦ ᠱᠲ᠋ᠠᠪ᠂ ᠤᠯᠠᠭᠠᠨ ᠥᠮᠥᠳᠥᠲᠡᠨ ᠦ ᠰᠤᠷᠭᠠᠭᠤᠯᠢ᠂ ᠴᠡᠷᠢᠭ ᠦᠨ ᠾᠣᠰᠫᠢᠲ᠋ᠠᠯ ᠭᠡᠬᠦ ᠵᠡᠷᠭᠡ ᠪᠡᠷ ᠨᠡᠷᠡᠯᠡᠭᠰᠡᠭᠡᠷ ᠢᠷᠡᠵᠡᠢ᠃ ᠨᠡᠢᠢᠰᠯᠡᠯ ᠳᠡᠬᠢ ᠬᠠᠮᠤᠭ ‍ᠤᠨ ᠠᠩᠬᠠᠨ ‍ᠤ ᠾᠣᠯᠯᠠᠨ᠍ᠳ᠋ ᠵᠠᠭᠪᠤᠷ ‍‍ᠤᠨ ᠪᠠᠷᠢᠯᠭ᠎ ‍ᠠ᠋ ᠶᠤᠮ᠃

21:20, 3 Нэгдүгээр сар 2021-ий байдлаарх засвар

ᠮᠣᠩᠭᠣᠯᠣᠷ ᠤᠨ ᠪᠠᠷᠢᠯᠭ᠎ᠠ ᠶᠡᠬᠡ ᠬᠦᠷᠢᠶᠡᠨ᠎ᠡ 1905 ᠣᠨ ᠳᠤ ᠪᠠᠷᠢᠭᠳᠠᠭᠰᠠᠨ ᠲᠡᠦᠬᠡᠨ ᠪᠠᠷᠢᠯᠭ᠎ᠠ ᠪᠢᠯᠡ᠃ ᠲᠤᠰ ᠪᠠᠷᠢᠯᠭ᠎ᠠ ᠶᠢ ᠠᠩᠭᠯᠢ ᠪᠠᠩᠬᠢᠨ ᠤ ᠪᠠᠷᠢᠯᠭ᠎ᠠ᠂ ᠭᠷᠣᠲ ᠤᠨ ᠤᠯᠠᠭᠠᠨ᠂ ᠪᠠᠷᠣᠨ ᠦᠨ᠍ᠭᠧᠷᠨ᠍ ‍ᠦ ᠱᠲ᠋ᠠᠪ᠂ ᠤᠯᠠᠭᠠᠨ ᠥᠮᠥᠳᠥᠲᠡᠨ ᠦ ᠰᠤᠷᠭᠠᠭᠤᠯᠢ᠂ ᠴᠡᠷᠢᠭ ᠦᠨ ᠾᠣᠰᠫᠢᠲ᠋ᠠᠯ ᠭᠡᠬᠦ ᠵᠡᠷᠭᠡ ᠪᠡᠷ ᠨᠡᠷᠡᠯᠡᠭᠰᠡᠭᠡᠷ ᠢᠷᠡᠵᠡᠢ᠃ ᠨᠡᠢᠢᠰᠯᠡᠯ ᠳᠡᠬᠢ ᠬᠠᠮᠤᠭ ‍ᠤᠨ ᠠᠩᠬᠠᠨ ‍ᠤ ᠾᠣᠯᠯᠠᠨ᠍ᠳ᠋ ᠵᠠᠭᠪᠤᠷ ‍‍ᠤᠨ ᠪᠠᠷᠢᠯᠭ᠎ ‍ᠠ᠋ ᠶᠤᠮ᠃ ᠺᠣᠨᠰᠤᠶᠢᠯ ᠤᠨ ᠳᠡᠨᠵᠢ ᠶᠢᠨ ᠵᠡᠭᠦᠨ ᠲᠠᠯ᠎ᠠ ᠳᠤ ᠣᠳᠣ ᠶᠢᠨ ᠪᠠᠶᠠᠨᠵᠢᠷᠦᠬᠡ ᠳᠡᠭᠦᠷᠭᠡ ᠶᠢᠨ ᠨᠤᠲᠤᠭ ᠳᠡᠪᠢᠰᠬᠡᠷ ᠲᠦ ᠪᠠᠷᠢᠭᠳᠠᠭᠰᠠᠨ ᠧᠦ᠋ᠷᠣᠫᠠ ᠬᠢᠴᠡ ᠲᠡᠢ ᠬᠣᠶᠠᠷ ᠳᠠᠪᠬᠤᠷ ᠠᠩᠬᠠᠨ ᠤ ᠴᠢᠯᠠᠭᠤᠨ ᠪᠠᠢᠢᠰᠢ᠃ ᠠᠩᠬ᠎ᠠ 1902 ᠣᠨ ᠳᠤ ᠠᠩᠭᠯᠢ ᠶᠢᠨ ᠬᠤᠳᠠᠯᠳᠤᠭᠠᠨ ᠤ ᠪᠠᠩᠬᠢᠨ ᠠᠴᠠ ᠬᠥᠷᠥᠩᠭᠡ ᠭᠠᠷᠭᠠᠨ 1905 ᠣᠨ ᠤ ᠨᠠᠮᠤᠷ ᠪᠤᠶᠤ 8 ᠳ᠋ᠤᠭᠠᠷ ᠰᠠᠷ᠎ᠠ ᠳᠤ ᠠᠰᠢᠭᠯᠠᠯᠲᠠᠨ ᠳᠤ ᠣᠷᠣᠭᠤᠯᠵᠤ ᠣᠷᠣᠰ-ᠬᠢᠲᠠᠳ ᠤᠨ ᠪᠠᠩᠬᠢ ᠪᠠᠶᠢᠷᠢᠯᠠᠭᠰᠠᠨ᠃ ᠮᠣᠩᠭᠣᠯ ᠠᠴᠠ ᠠᠯᠲᠠ ᠠᠰᠢᠭᠯᠠᠬᠤ 《ᠮᠣᠩᠭᠣᠯᠣᠷ》 ᠬᠡᠮᠡᠬᠦ ᠪᠧᠯᠭᠢ-ᠹᠷᠠᠨᠼᠢ-ᠣᠷᠣᠰ ᠤᠨ ᠬᠤᠪᠢᠴᠠᠭᠠᠲᠤ ᠺᠣᠮᠫᠠᠨᠢ ᠪᠠᠶᠢᠭᠤᠯᠤᠭᠳᠠᠵᠤ᠂ ᠵᠠᠬᠢᠷᠭ᠎ᠠ ᠨᠢ 1910 ᠣᠨ ᠤ ᠦᠶᠡᠰ ᠪᠠᠶᠢᠷᠢᠰᠢᠵᠤ ᠪᠠᠶᠢᠭᠰᠠᠨ᠃ ᠡᠨᠡ ᠰᠢᠯᠲᠠᠭᠠᠨ ᠢᠶᠠᠷ ᠬᠦᠷᠢᠶᠡᠨ ᠦ ᠬᠢᠨ ᠤᠭ ᠪᠠᠷᠢᠯᠭ᠎ᠠ ᠶᠢ ᠠᠯᠲᠠᠨ ᠤ ᠠᠭᠤᠷᠬᠠᠢ ᠶᠢᠨ ᠲᠦᠰᠢᠮᠡᠯ ᠭᠷᠣᠲ ᠤᠨ ᠨᠡᠷ᠎ᠡ ᠪᠡᠷ 《ᠭᠷᠣᠲ ᠤᠨ ᠤᠯᠠᠭᠠᠨ》 ᠭᠡᠵᠦ ᠨᠡᠷᠡᠯᠡᠵᠦ ᠪᠠᠶᠢᠪᠠ᠃ ᠨᠡᠶᠢᠰᠯᠡᠯ ᠬᠦᠷᠢᠶᠡᠨ ᠳᠦ 1919 ᠣᠨ ᠤ ᠡᠴᠦᠰ ᠢᠶᠡᠷ ᠢᠷᠡᠭᠰᠡᠨ ᠭᠠᠮᠢᠨ ᠴᠡᠷᠢᠭ ᠢᠷᠡᠭᠡᠳ ᠲᠤᠰ ᠪᠠᠷᠢᠯᠭ᠎ᠠ ᠶᠢ ᠡᠵᠡᠯᠡᠨ ᠬᠤᠸᠠᠷᠠᠩᠨᠠᠭᠰᠠᠨ᠃ ᠪᠠᠷᠠᠨ ᠤᠩᠭᠧᠷᠨ 1920 ᠣᠨ ᠳᠤ ᠭᠠᠮᠢᠨ ᠲᠠᠢ ᠪᠤᠤᠳᠠᠯᠴᠠᠵᠤ ᠪᠠᠶᠢᠬᠤ ᠦᠶ᠎ᠡ ᠳᠦ ᠲᠤᠰ ᠪᠠᠷᠢᠯᠭ᠎ᠠ ᠶᠢᠨ ᠣᠷᠣᠢ ᠶᠢᠨ ᠬᠡᠰᠡᠭ ᠢ ᠪᠤᠤᠨ ᠤ ᠰᠤᠮᠤ ᠰᠡᠲᠡᠯᠦᠭᠰᠡᠨ ᠨᠢ ᠬᠣᠵᠢᠮ ᠬᠦᠷᠲᠡᠯ᠎ᠡ ᠪᠠᠶᠢᠵᠤ ᠪᠠᠶᠢᠭᠠᠳ ᠵᠠᠰᠠᠭᠳᠠᠭᠰᠠᠨ ᠪᠠᠶᠢᠳᠠᠭ᠃ ᠪᠠᠷᠠᠨ ᠵᠠᠩᠵᠤᠨ 1921 ᠣᠨ ᠳᠤ ᠨᠡᠶᠢᠰᠯᠡᠯ ᠬᠦᠷᠢᠶ᠎ᠡ ᠶᠢ ᠴᠢᠯᠦᠭᠡᠯᠡᠭᠰᠡᠨ ᠦ ᠪᠡᠨ ᠳᠠᠷᠠᠭ᠎ᠠ ᠲᠤᠰ ᠪᠠᠷᠢᠯᠭ᠎ᠠ ᠶᠢᠨ ᠪᠠᠷᠠᠭᠤᠨ ᠵᠢᠭᠦᠷ ᠲᠦ ᠥᠪᠡᠷ ᠦᠨ ᠠᠵᠢᠯ ᠤᠨ ᠥᠷᠦᠭᠡ᠂ ᠵᠡᠭᠦᠨ ᠵᠢᠭᠦᠷ ᠲᠦ ᠮᠥᠷᠳᠡᠨ ᠪᠠᠶᠢᠴᠠᠭᠠᠬᠤ ᠭᠠᠵᠠᠷ ᠪᠠᠶᠢᠷᠢᠯᠠᠭᠤᠯᠵᠠᠢ᠃ ᠮᠣᠩᠭᠣᠯ ᠣᠷᠣᠨ ᠳᠤ 1921 ᠬᠤᠪᠢᠰᠬᠠᠯ ᠭᠠᠷᠤᠭᠰᠠᠨ ᠤ ᠳᠠᠷᠠᠭ᠎ᠠ ᠶᠢᠰᠦᠨ ᠵᠠᠯᠠᠭᠤ ᠶᠢ ᠡᠯᠰᠡᠭᠦᠯᠦᠨ ᠰᠤᠷᠭᠠᠯᠲᠠ ᠶᠠᠪᠤᠭᠤᠯᠵᠤ ᠠᠵᠢᠯ ᠢ ᠨᠢ ᠵᠢᠭᠠᠵᠤ ᠰᠤᠷᠭᠠᠨ᠂ ᠡᠨᠳᠡ ᠪᠠᠶᠢᠩᠭᠤ ᠪᠠᠶᠢᠯᠭᠠᠬᠤ ᠪᠠᠷ ᠪᠣᠯᠤᠭᠰᠠᠨ᠃ ᠲᠡᠳᠡᠨ ᠦ ᠪᠡᠯᠡᠳᠬᠡᠯ ᠦᠨ ᠬᠤᠪᠴᠠᠰᠤ ᠡᠷᠭᠦᠨ ᠤᠯᠠᠭᠠᠨ ᠬᠠᠯᠵᠠ ᠲᠠᠢ ᠥᠮᠥᠳᠥ ᠲᠡᠢ ᠪᠠᠶᠢᠭᠰᠠᠨ ᠲᠤᠯᠠ ᠤᠯᠠᠭᠠᠨ ᠥᠮᠥᠳᠥᠲᠡᠨ ᠦ ᠰᠤᠷᠭᠠᠭᠤᠯᠢ ᠭᠡᠵᠦ ᠨᠡᠷᠡᠯᠡᠬᠦ ᠪᠣᠯᠤᠭᠰᠠᠨ ᠪᠠᠶᠢᠨ᠎ᠠ᠃ ᠡᠨᠡ ᠰᠤᠷᠭᠠᠭᠤᠯᠢ ᠨᠢ ᠥᠷᠭᠡᠵᠢᠭᠰᠡᠭᠡᠷ ᠣᠳᠣ ᠶᠢᠨ ᠴᠡᠷᠢᠭ ᠦᠨ ᠶᠡᠬᠡ ᠰᠤᠷᠭᠠᠭᠤᠯᠢ ᠪᠣᠯᠵᠠᠢ᠃ ᠴᠡᠷᠢᠭ ᠦᠨ ᠡᠮᠨᠡᠯᠭᠡ ᠶᠢ ᠠᠮᠧᠷᠢᠻᠠᠨ ᠳᠡᠨᠵᠢ ᠡᠴᠡ ᠲᠤᠰ ᠪᠠᠷᠢᠯᠭ᠎ᠠ ᠳᠤ 1935 ᠣᠨ ᠳᠤ ᠨᠡᠭᠦᠯᠭᠡᠨ ᠢᠷᠡᠭᠦᠯᠦᠭᠰᠡᠨ ᠪᠠᠶᠢᠨ᠎ᠠ᠃ ᠨᠡᠭᠦᠵᠦ ᠢᠷᠡᠰᠦᠨ ᠦ ᠪᠡᠨ ᠳᠠᠷᠠᠭ᠎ᠠ ᠯᠠᠵᠠᠷᠧᠲ ᠢ ᠥᠷᠭᠡᠳᠬᠡᠵᠦ 《ᠬᠤᠪᠢᠰᠬᠠᠯᠲᠤ ᠤᠯᠠᠭᠠᠨ ᠴᠡᠷᠢᠭ ᠦᠨ ᠭᠣᠰᠫᠢᠲ᠋ᠠᠯᠢ ᠪᠤᠶᠤ ᠨᠢᠭᠡᠳᠦᠭᠰᠡᠨ ᠡᠮᠨᠡᠯᠭᠡ》 ᠬᠡᠮᠡᠨ ᠨᠡᠷᠡᠯᠡᠨ ᠲᠤᠰ ᠪᠢ ᠮᠡᠰᠡ ᠵᠠᠰᠠᠯ ᠤᠨ ᠲᠠᠰᠤᠭ ᠪᠣᠯᠤᠨ ᠬᠤᠪᠢᠷᠠᠭᠰᠠᠨ ᠲᠡᠦᠬᠡ ᠲᠡᠢ᠃ ᠲᠤᠰ ᠡᠮᠨᠡᠯᠭᠡ ᠳᠦ 1939 - 1946 ᠣᠨ ᠤ ᠬᠣᠭᠣᠷᠣᠨᠳᠣ ᠳᠠᠶᠢᠨ ᠳᠤ ᠰᠢᠷᠬᠠᠲᠤᠭᠰᠠᠨ ᠬᠦᠮᠦᠰ ᠢ ᠡᠮᠴᠢᠯᠡᠵᠦ ᠪᠠᠶᠢᠴᠠᠢ᠃ ᠪᠠᠷᠢᠯᠭ᠎ᠠ ᠳᠤ 1957 ᠣᠨ ᠳᠤ ᠥᠷᠭᠡᠳᠬᠡᠯ ᠰᠢᠨᠡᠴᠢᠯᠡᠯ ᠬᠢᠬᠦ ᠲᠥᠯᠦᠪᠯᠡᠭᠡ ᠪᠠᠶᠢᠭᠰᠠᠨ ᠪᠣᠯᠪᠠᠴᠤ ᠤᠯᠠᠭᠠᠨᠪᠠᠭᠠᠲᠤᠷ ᠬᠣᠲᠠ ᠶᠢᠨ ᠣᠷᠻᠢᠲ᠋ᠧᠻᠲᠦ᠋ᠷ ᠲᠥᠯᠦᠪᠯᠡᠯᠲᠡ ᠶᠢᠨ ᠭᠠᠵᠠᠷ ᠠᠴᠠ ᠬᠣᠷᠢᠭᠯᠠᠭᠰᠠᠨ ᠪᠠᠶᠢᠨ᠎ᠠ᠃ ᠤᠯᠤᠰ ᠤᠨ ᠪᠦᠷᠢᠳᠬᠡᠯ ᠳᠦ ᠪᠠᠶᠢᠳᠠᠭ ᠲᠡᠦᠬᠡᠨ ᠪᠠᠷᠢᠯᠭ᠎ᠠ ᠤᠴᠢᠷ ᠠᠴᠠ ᠡᠪᠳᠡᠵᠦ ᠥᠭᠡᠷᠡᠴᠢᠯᠡᠬᠦ ᠶᠢ ᠬᠠᠲᠠᠭᠤ ᠬᠣᠷᠢᠭᠯᠠᠭᠰᠠᠨ ᠪᠠᠶᠢᠨ᠎ᠠ᠃ ᠪᠠᠷᠢᠯᠭ᠎ᠠ ᠶᠢᠨ ᠨᠢᠭᠤᠷᠠᠨ ᠲᠠᠯ᠎ᠠ ᠶᠢᠨ ᠬᠡᠰᠡᠭ 1977-1978 ᠣᠨ ᠤ ᠦᠶ᠎ᠡ ᠳᠦ ᠬᠥᠷᠦᠰᠦᠨ ᠦ ᠰᠠᠭᠤᠯᠲᠠ ᠲᠠᠢ ᠭᠡᠰᠡᠨ ᠳ᠋ᠦᠩᠨᠡᠯᠲᠡ ᠭᠠᠷᠤᠭᠰᠠᠨ ᠢᠶᠠᠷ ᠰᠠᠭᠤᠷᠢ ᠶᠢ ᠤᠬᠠᠵᠤ᠂ ᠪᠧᠲ᠋ᠣᠨ᠍ ᠴᠢᠳᠬᠤᠵᠤ ᠪᠡᠬᠢᠯᠡᠭᠰᠡᠨ ᠪᠠᠶᠢᠨ᠎ᠠ᠃ ᠡᠳᠦᠭᠡ ᠲᠤᠰ ᠪᠠᠷᠢᠯᠭ᠎ᠠ ᠳᠤ ᠮᠣᠩᠭᠣᠯ ᠲᠥᠪᠡᠳ ᠵᠣᠷ ᠢᠶᠠᠷ ᠡᠮ ᠦᠢᠯᠡᠳᠪᠦᠷᠢᠯᠡᠳᠡᠭ ᠠᠷᠠᠳ ᠤᠨ ᠤᠯᠠᠮᠵᠢᠯᠠᠯᠲᠤ ᠡᠮᠨᠡᠯᠭᠡ ᠠᠵᠢᠯᠯᠠᠵᠤ ᠪᠠᠶᠢᠨ᠎ᠠ᠃