ᠮᠣᠩᠭᠣᠯᠣᠷ ᠊ᠤᠨ ᠪᠠᠢᠢᠰᠢᠩ

Wikibilig-с
ᠠᠯᠲᠠ ᠣᠯᠪᠤᠷᠢᠯᠠᠬᠤ ᠮᠣᠩᠭᠤᠯᠣᠷ ᠻᠣᠮᠫᠠᠨᠢ ‍ᠢᠢᠨ
ᠵᠠᠬᠢᠷᠭ᠎ ‍ᠠ᠋ ᠪᠠᠢᠢᠭᠰᠠᠨ ᠪᠠᠷᠢᠯᠭ᠎ ‍ᠠ᠋

ᠮᠣᠩᠭᠣᠯᠣᠷ ᠫᠦᠰᠡ ᠢᠢᠨ ᠪᠠᠷᠢᠯᠭ᠎ᠠ ᠶᠡᠬᠡ ᠬᠦᠷᠢᠶᠡᠨ᠎ᠡ 1905 ᠣᠨ ᠳᠤ ᠪᠠᠷᠢᠭᠳᠠᠭᠰᠠᠨ ᠲᠡᠦᠬᠡᠨ ᠪᠠᠷᠢᠯᠭ᠎ᠠ ᠪᠢᠯᠡ᠃
ᠲᠤᠰ ᠪᠠᠷᠢᠯᠭ᠎ᠠ ᠶᠢ ᠠᠩᠯᠢ ᠪᠠᠩᠬᠢᠨ ᠤ ᠪᠠᠷᠢᠯᠭ᠎ᠠ᠂ ᠭᠷᠣᠲ ᠤᠨ ᠤᠯᠠᠭᠠᠨ᠂ ᠪᠠᠷᠣᠨ ᠦᠨ᠍ᠭᠧᠷᠨ᠍ ‍ᠦ ᠱᠲ᠋ᠠᠪ᠂ ᠤᠯᠠᠭᠠᠨ ᠥᠮᠥᠳᠥᠲᠡᠨ ᠦ ᠰᠤᠷᠭᠠᠭᠤᠯᠢ᠂ ᠴᠡᠷᠢᠭ ᠦᠨ ᠾᠣᠰᠫᠢᠲ᠋ᠠᠯ ᠭᠡᠬᠦ ᠵᠡᠷᠭᠡ ᠪᠡᠷ ᠨᠡᠷᠡᠯᠡᠭᠰᠡᠭᠡᠷ ᠢᠷᠡᠵᠡᠢ᠃
ᠨᠡᠢᠢᠰᠯᠡᠯ ᠳ᠋ᠡᠬᠢ ᠬᠠᠮᠤᠭ ‍ᠤᠨ ᠠᠩᠬᠠᠨ ‍ᠤ ᠾᠣᠯᠯᠠᠨ᠍ᠳ᠋ ᠵᠠᠭᠪᠤᠷ ‍‍ᠤᠨ ᠪᠠᠷᠢᠯᠭ᠎ ‍ᠠ᠋ ᠶᠤᠮ᠃
ᠻᠣᠨ᠍ᠰᠦ᠋ᠯ ᠤᠨ ᠳᠡᠨᠵᠢ ᠶᠢᠨ ᠵᠡᠭᠦᠨ ᠲᠠᠯ᠎ᠠ ᠳᠤ ᠣᠳᠣ ᠶᠢᠨ ᠪᠠᠶᠠᠨᠵᠢᠷᠦᠬᠡ ᠳᠡᠭᠦᠷᠭᠡ ᠶᠢᠨ ᠨᠤᠲᠤᠭ ᠳᠡᠪᠢᠰᠬᠡᠷ ᠲᠦ ᠣᠷᠤᠰᠢᠬᠤ ᠧᠦ᠋ᠷᠣᠫᠠ ᠬᠢᠴᠡ ᠲᠡᠢ ᠬᠣᠶᠠᠷ ᠳᠠᠪᠬᠤᠷ ᠠᠩᠬᠠᠨ ᠤ ᠴᠢᠯᠠᠭᠤᠨ ᠪᠠᠢᠢᠰᠢᠩ᠃
ᠠᠩᠬ᠎ᠠ 1902 ᠣᠨ ᠳᠤ ᠠᠩᠯᠢ ᠶᠢᠨ ᠬᠤᠳᠠᠯᠳᠤᠭᠠᠨ ᠤ ᠪᠠᠩᠬᠢᠨ ᠠᠴᠠ ᠬᠥᠷᠥᠩᠭᠡ ᠭᠠᠷᠭᠠᠨ 1905 ᠣᠨ ᠤ ᠨᠠᠮᠤᠷ ᠪᠤᠶᠤ 8 ᠳ᠋ᠤᠭᠠᠷ ᠰᠠᠷ᠎ᠠ ᠳᠤ ᠠᠰᠢᠭᠯᠠᠯᠲᠠ ᠳᠤ ᠣᠷᠣᠭᠰᠠᠨ᠃
ᠡᠨᠡ ᠬᠦ ᠪᠠᠢᠢᠰᠢᠩ ᠳ᠋ᠤ ᠣᠷᠣᠰ-ᠬᠢᠲᠠᠳ ᠤᠨ ᠪᠠᠩᠬᠢ ᠪᠠᠢᠢᠷᠢᠯᠠᠭᠰᠠᠨ ᠪᠠᠢᠢᠨ᠎ ‍ᠠ᠋[1]
ᠮᠣᠩᠭᠣᠯ ᠠᠴᠠ ᠠᠯᠲᠠ ᠠᠰᠢᠭᠯᠠᠬᠤ ᠮᠣᠩᠭᠣᠯᠣᠷ ᠬᠡᠮᠡᠬᠦ ᠪᠧᠯᠭᠢ-ᠹᠷᠠᠨ᠍ᠼᠢ-ᠣᠷᠣᠰ ᠤᠨ ᠬᠤᠪᠢᠴᠠᠭᠠᠲᠤ ᠻᠣᠮᠫᠠᠨᠢ ᠪᠠᠢᠢᠭᠤᠯᠤᠭᠳᠠᠵᠤ᠂ ᠵᠠᠬᠢᠷᠭ᠎ᠠ ᠨᠢ 1910 ᠣᠨ ᠤ ᠦᠶᠡᠰ ᠲᠦ ᠡ᠊ᠨᠳᠡ ᠪᠠᠶ᠋ᠢᠷᠢᠰᠢᠵᠤ ᠪᠠᠶ᠋ᠢᠭᠰᠠᠨ᠃[2]
ᠡᠨᠡ ᠰᠢᠯᠲᠠᠭᠠᠨ ‍ᠢᠶ᠋ᠠᠷ ᠬᠦᠷᠢᠶᠡᠨ ᠦ ᠬᠢᠨ ᠤᠭ ᠪᠠᠷᠢᠯᠭ᠎ᠠ ᠶᠢ ᠠᠯᠲᠠᠨ ᠤ ᠠᠭᠤᠷᠬᠠᠢ ᠶᠢᠨ ᠲᠦᠰᠢᠮᠡᠯ ᠭᠷᠣᠲ ᠤᠨ ᠨᠡᠷ᠎ᠡ ᠪᠡᠷ ᠭᠷᠣᠲ ᠤᠨ ᠤᠯᠠᠭᠠᠨ ᠭᠡᠵᠦ ᠨᠡᠷᠡᠯᠡᠵᠦ ᠪᠠᠶ᠋ᠢᠪᠠ᠃
"ᠮᠣᠩᠭᠤᠯᠣᠷ" ᠬᠡᠮᠡᠬᠦ ᠨᠢ ᠹᠷᠠᠨ᠍ᠼ ‍ᠬᠡᠯᠡ ᠪᠡᠷ "ᠮᠣᠩᠭᠤᠯ ᠠᠯᠲᠠ" ᠭᠡᠰᠡᠨ ᠤᠳᠬ᠎‍ ‍ᠠ᠋ ᠲᠠᠢ ᠠᠵᠡᠢ᠃

ᠵᠢᠷᠤᠭᠠᠴᠢ ᠵᠦᠭᠳᠣᠷ ‍ᠦᠨ 1913 ᠣᠨ ᠳ᠋ᠤ ᠪᠦᠲᠦᠭᠡᠭᠰᠡᠨ ᠨᠡᠢᠢᠰᠯᠡᠯ ᠬᠦᠷᠢᠶᠡᠨ ‍ᠦ ᠳᠡᠯᠭᠡᠮᠡᠯ ᠵᠢᠷᠤᠭ ‍ᠤᠨ ᠬᠡᠰᠡᠭ ᠲᠦ ᠮᠣᠩᠭᠤᠯᠣᠷ ‍ᠤᠨ ᠪᠠᠢᠢᠰᠢᠩ ᠬᠠᠷᠠᠭᠳᠠᠵᠤ ᠪᠠᠢᠢᠨ᠎ ‍ᠠ᠋

ᠨᠡᠶᠢᠰᠯᠡᠯ ᠬᠦᠷᠢᠶᠡᠨ ᠳᠦ 1919 ᠣᠨ ᠤ ᠡᠴᠦᠰ ‍ᠢᠶ᠋ᠡᠷ ᠲᠦᠷᠡᠮᠬᠡᠢᠢᠯᠡᠵᠦ ᠢᠷᠡᠭᠰᠡᠨ ᠭᠠᠮᠢᠨ ᠴᠡᠷᠢᠭ ᠲᠤᠰ ᠪᠠᠷᠢᠯᠭ᠎ᠠ ᠶᠢ ᠡᠵᠡᠯᠡᠨ ᠬᠤᠸᠠᠷᠠᠩᠨᠠᠭᠰᠠᠨ ᠪᠠᠢᠢᠨ᠎ ‍ᠠ᠋᠃
ᠪᠠᠷᠣᠨ᠍ ᠤᠩᠭᠧᠷᠨ᠍ 1920 ᠣᠨ ᠳᠤ ᠭᠠᠮᠢᠨ ᠲᠠᠢ ᠪᠤᠤᠳᠠᠯᠴᠠᠵᠤ ᠪᠠᠶ᠋ᠢᠬᠤ ᠦᠶ᠎ᠡ ᠳᠦ ᠲᠤᠰ ᠪᠠᠷᠢᠯᠭ᠎ᠠ ᠶᠢᠨ ᠣᠷᠣᠢ ᠶᠢᠨ ᠬᠡᠰᠡᠭ ᠢ ᠪᠤᠤᠨ ᠤ ᠰᠤᠮᠤ ᠰᠡᠲᠡᠯᠦᠭᠰᠡᠨ ᠨᠢ ᠬᠣᠵᠢᠮ ᠬᠦᠷᠲᠡᠯ᠎ᠡ ᠪᠠᠶ᠋ᠢᠵᠤ ᠪᠠᠶ᠋ᠢᠭᠠᠳ ᠵᠠᠰᠠᠭᠳᠠᠭᠰᠠᠨ ᠪᠠᠶ᠋ᠢᠳᠠᠭ᠃
ᠪᠠᠷᠣᠨ ᠵᠠᠩᠵᠤᠨ 1921 ᠣᠨ ᠳᠤ ᠨᠡᠶ᠋ᠢᠰᠯᠡᠯ ᠬᠦᠷᠢᠶ᠎ᠡ ᠶᠢ ᠴᠢᠯᠦᠭᠡᠯᠡᠭᠰᠡᠨ ᠦ ᠪᠡᠨ ᠳᠠᠷᠠᠭ᠎ᠠ ᠲᠤᠰ ᠪᠠᠷᠢᠯᠭ᠎ᠠ ᠶᠢᠨ ᠪᠠᠷᠠᠭᠤᠨ ᠵᠢᠭᠦᠷ ᠲᠦ ᠥᠪᠡᠷ ᠦᠨ ᠠᠵᠢᠯ ᠤᠨ ᠥᠷᠦᠭᠡ᠂ ᠵᠡᠭᠦᠨ ᠵᠢᠭᠦᠷ ᠲᠦ ᠮᠥᠷᠳᠡᠨ ᠪᠠᠶ᠋ᠢᠴᠠᠭᠠᠬᠤ ᠭᠠᠵᠠᠷ ᠪᠠᠶ᠋ᠢᠷᠢᠯᠠᠭᠤᠯᠵᠠᠢ᠃
ᠮᠣᠩᠭᠣᠯ ᠣᠷᠣᠨ ᠳᠤ 1921 ᠬᠤᠪᠢᠰᠬᠠᠯ ᠭᠠᠷᠤᠭᠰᠠᠨ ᠤ ᠳᠠᠷᠠᠭ᠎ᠠ ᠶᠢᠰᠦᠨ ᠵᠠᠯᠠᠭᠤ ᠶᠢ ᠡᠯᠰᠡᠭᠦᠯᠦᠨ ᠰᠤᠷᠭᠠᠯᠲᠠ ᠶᠠᠪᠤᠭᠤᠯᠵᠤ ᠠᠵᠢᠯ ᠢ ᠨᠢ ᠵᠢᠭᠠᠵᠤ ᠰᠤᠷᠭᠠᠨ᠂ ᠡ᠊ᠨᠳᠡ ᠪᠠᠶ᠋ᠢᠩᠭᠤ ᠪᠠᠶ᠋ᠢᠯᠭᠠᠬᠤ ᠪᠠᠷ ᠪᠣᠯᠤᠭᠰᠠᠨ᠃
ᠲᠡᠳᠡᠨ ᠦ ᠪᠡᠯᠡᠳᠬᠡᠯ ᠦᠨ ᠬᠤᠪᠴᠠᠰᠤ ᠡᠷᠭᠦᠨ ᠤᠯᠠᠭᠠᠨ ᠬᠠᠯᠵᠠ ᠲᠠᠢ ᠥᠮᠥᠳᠥ ᠲᠡᠢ ᠪᠠᠶ᠋ᠢᠭᠰᠠᠨ ᠲᠤᠯᠠ ᠤᠯᠠᠭᠠᠨ ᠥᠮᠥᠳᠥᠲᠡᠨ ᠦ ᠰᠤᠷᠭᠠᠭᠤᠯᠢ ᠭᠡᠵᠦ ᠨᠡᠷᠡᠯᠡᠬᠦ ᠪᠣᠯᠤᠭᠰᠠᠨ ᠪᠠᠶ᠋ᠢᠨ᠎ᠠ᠃
ᠡᠨᠡ ᠰᠤᠷᠭᠠᠭᠤᠯᠢ ᠨᠢ ᠥᠷᠭᠡᠵᠢᠭᠰᠡᠭᠡᠷ ᠣᠳᠣ ᠶᠢᠨ ᠴᠡᠷᠢᠭ ᠦᠨ ᠶᠡᠬᠡ ᠰᠤᠷᠭᠠᠭᠤᠯᠢ ᠪᠣᠯᠵᠠᠢ᠃
ᠴᠡᠷᠢᠭ ᠦᠨ ᠡᠮᠨᠡᠯᠭᠡ ᠶᠢ ᠠᠮᠧᠷᠢᠻᠠᠨ ᠳᠡᠨᠵᠢ ᠡᠴᠡ ᠲᠤᠰ ᠪᠠᠷᠢᠯᠭ᠎ᠠ ᠳᠤ 1935 ᠣᠨ ᠳᠤ ᠨᠡᠭᠦᠯᠭᠡᠨ ᠢᠷᠡᠭᠦᠯᠦᠭᠰᠡᠨ ᠪᠠᠶ᠋ᠢᠨ᠎ᠠ᠃
ᠨᠡᠭᠦᠵᠦ ᠢᠷᠡᠰᠦᠨ ᠦ ᠪᠡᠨ ᠳᠠᠷᠠᠭ᠎ᠠ ᠥᠷᠭᠡᠳᠬᠡᠵᠦ ᠬᠤᠪᠢᠰᠬᠠᠯᠲᠤ ᠤᠯᠠᠭᠠᠨ ᠴᠡᠷᠢᠭ ᠦᠨ ᠾᠣᠰᠫᠢᠲ᠋ᠠᠯ ᠪᠤᠶᠤ ᠨᠢᠭᠡᠳᠦᠭᠰᠡᠨ ᠡᠮᠨᠡᠯᠭᠡ ᠬᠡᠮᠡᠨ ᠨᠡᠷᠡᠯᠡᠨ ᠮᠡᠰᠡ ᠵᠠᠰᠠᠯ ᠤᠨ ᠲᠠᠰᠤᠭ ᠪᠣᠯᠤᠨ ᠬᠤᠪᠢᠷᠠᠭᠰᠠᠨ ᠲᠡᠦᠬᠡ ᠲᠡᠢ᠃
ᠲᠤᠰ ᠡᠮᠨᠡᠯᠭᠡ ᠳᠦ 1939 - 1946 ᠣᠨ ᠤ ᠬᠣᠭᠣᠷᠣᠨᠳᠣ ᠳᠠᠶ᠋ᠢᠨ ᠳᠤ ᠰᠢᠷᠬᠠᠲᠤᠭᠰᠠᠨ ᠬᠦᠮᠦᠰ ᠢ ᠡᠮᠴᠢᠯᠡᠵᠦ ᠪᠠᠶ᠋ᠢᠴᠠᠢ᠃
ᠪᠠᠷᠢᠯᠭ᠎ᠠ ᠳᠤ 1957 ᠣᠨ ᠳᠤ ᠥᠷᠭᠡᠳᠬᠡᠯ ᠰᠢᠨᠡᠴᠢᠯᠡᠯ ᠬᠢᠬᠦ ᠲᠥᠯᠦᠪᠯᠡᠭᠡ ᠪᠠᠶ᠋ᠢᠭᠰᠠᠨ ᠪᠣᠯᠪᠠᠴᠤ ᠤᠯᠠᠭᠠᠨᠪᠠᠭᠠᠲᠤᠷ ᠬᠣᠲᠠ ᠶᠢᠨ ᠠᠷᠻᠢᠲ᠋ᠧᠻᠲᠦ᠋ᠷ ᠲᠥᠯᠦᠪᠯᠡᠯᠲᠡ ᠶᠢᠨ ᠭᠠᠵᠠᠷ ᠠᠴᠠ ᠬᠣᠷᠢᠭᠯᠠᠭᠰᠠᠨ ᠪᠠᠢᠢᠨ᠎ᠠ᠃
ᠤᠯᠤᠰ ᠤᠨ ᠪᠦᠷᠢᠳᠬᠡᠯ ᠳᠦ ᠪᠠᠶ᠋ᠢᠳᠠᠭ ᠲᠡᠦᠬᠡᠨ ᠪᠠᠷᠢᠯᠭ᠎ᠠ ᠤᠴᠢᠷ ᠠᠴᠠ ᠡᠪᠳᠡᠵᠦ ᠥᠭᠡᠷᠡᠴᠢᠯᠡᠬᠦ ᠶᠢ ᠬᠠᠲᠠᠭᠤ ᠬᠣᠷᠢᠭᠯᠠᠭᠰᠠᠨ ᠪᠠᠶ᠋ᠢᠨ᠎ᠠ᠃
ᠪᠠᠷᠢᠯᠭ᠎ᠠ ᠶᠢᠨ ᠨᠢᠭᠤᠷᠠᠨ ᠲᠠᠯ᠎ᠠ ᠶᠢᠨ ᠬᠡᠰᠡᠭ 1977-1978 ᠣᠨ ᠤ ᠦᠶ᠎ᠡ ᠳᠦ ᠬᠥᠷᠦᠰᠦᠨ ᠦ ᠰᠠᠭᠤᠯᠲᠠ ᠲᠠᠢ ᠭᠡᠰᠡᠨ ᠳ᠋ᠦ᠋ᠩᠨᠡᠯᠲᠡ ᠭᠠᠷᠤᠭᠰᠠᠨ ‍ᠢᠶ᠋ᠠᠷ ᠰᠠᠭᠤᠷᠢ ᠶᠢ ᠤᠬᠠᠵᠤ᠂ ᠪᠧᠲ᠋ᠣᠨ᠍ ᠴᠢᠳᠬᠤᠵᠤ ᠪᠡᠬᠢᠯᠡᠭᠰᠡᠨ ᠪᠠᠶ᠋ᠢᠨ᠎ᠠ᠃
ᠡᠳᠦᠭᠡ ᠲᠤᠰ ᠪᠠᠷᠢᠯᠭ᠎ᠠ ᠳᠤ ᠮᠣᠩᠭᠣᠯ ᠲᠥᠪᠡᠳ ᠵᠣᠷ  ‍ᠢᠶ᠋ᠠᠷ ᠡᠮ ᠦᠢᠯᠡᠳᠪᠦᠷᠢᠯᠡᠳᠡᠭ ᠠᠷᠠᠳ ᠤᠨ ᠤᠯᠠᠮᠵᠢᠯᠠᠯᠲᠤ ᠡᠮᠨᠡᠯᠭᠡ ᠠᠵᠢᠯᠯᠠᠵᠤ ᠪᠠᠶ᠋ᠢᠨ᠎ᠠ᠃[3]

ᠡᠬᠢ ᠰᠤᠷᠪᠤᠯᠵᠢ[засварлах | кодоор засварлах]

  1. http://nlr.ru/e-res/law_r/search.php?part=1644&regim=3 Высочайше утвержденный устав Русско-Китайского банка. 1899. ᠬᠠᠨᠳᠤᠭᠰᠠᠨ 2021/01/04
  2. http://webdoc.sub.gwdg.de/ebook/dissts/Freiberg/Gombosuren2008.pdf Zurgaadai Gombosuren. Erarbeitung von effektiven Abbau- und Rekultivierungsverfahren für den Goldbergbau in Seifenlagerstätten der Mongolei. 2007. ᠬᠠᠨᠳᠤᠭᠰᠠᠨ 2021/01/04
  3. https://www.barilga.mn ᠣᠳᠤᠭᠡᠷᠡᠯ᠃ ᠶᠡᠬᠡ ᠬᠦᠷᠢᠶᠡᠨ ‍ᠦ ᠠᠩᠬᠠᠨ ‍ᠤ ᠬᠣᠶᠠᠷ ᠳᠠᠪᠬᠤᠷ ᠴᠢᠯᠠᠭᠤᠨ ᠪᠠᠷᠢᠯᠭ᠎ ‍ᠠ᠋᠃ 2019 ᠣᠨ᠃ ᠬᠠᠨᠳᠤᠭᠰᠠᠨ 2021/01/03