ᠡᠭᠦᠷᠦᠨ ᠲᠧᠻᠨᠣᠯᠣᠭᠢ
ᠬᠥᠳᠡᠯᠭᠡᠭᠡᠨᠲᠦ ᠲᠥᠬᠥᠭᠡᠷᠦᠮᠵᠢ ᠨᠦᠭᠦᠳ ᠦᠨ ᠬᠣᠯᠪᠣᠭ᠎ᠠ ᠶᠢ ᠳᠡᠮᠵᠢᠬᠦ ᠰᠦᠯᠵᠢᠶᠡᠨ ᠦ ᠲᠧᠭᠨᠣᠯᠣᠭᠢ ᠶᠢ ᠡᠭᠦᠷᠦᠨ ᠲᠧᠭᠨᠣᠯᠣᠭᠢ ᠭᠡᠨ᠎ᠡ᠃ ᠲᠡᠷᠬᠡᠦ ᠬᠣᠯᠪᠣᠭ᠎ᠠ ᠨᠢ ᠡᠭᠦᠷ ᠦᠳ (cells) ᠪᠠ ᠳᠠᠮᠵᠢᠭᠤᠯᠤᠨ ᠬᠦᠯᠢᠶᠡᠨ ᠠᠪᠤᠭᠴᠢ ᠨᠤᠭᠤᠳ (transceivers) ᠪᠦᠬᠦᠢ ᠲᠠᠯᠠᠪᠠᠢ᠂ ᠨᠤᠲᠤᠭ ᠳᠡᠪᠢᠰᠬᠡᠷ ᠢ ᠬᠠᠮᠤᠷᠴᠤ ᠶᠠᠪᠤᠭᠳᠠᠨ᠎ᠠ᠃ ᠡᠭᠦᠷᠦᠨ ᠰᠦᠯᠵᠢᠶᠡᠨ ᠳᠦ ᠬᠠᠮᠤᠭ ᠤᠨ ᠲᠦᠭᠡᠮᠡᠯ ᠬᠡᠷᠡᠭᠯᠡᠳᠡᠭ ᠬᠥᠳᠡᠯᠭᠡᠭᠡᠨᠲᠦ ᠳᠠᠮᠵᠢᠭᠤᠯᠤᠨ ᠬᠦᠯᠢᠶᠡᠨ ᠠᠪᠤᠭᠴᠢ ᠨᠢ ᠭᠠᠷ ᠤᠲᠠᠰᠤ ᠪᠤᠶᠤ ᠡᠭᠦᠷᠦᠨ ᠤᠲᠠᠰᠤ ᠶᠤᠮ᠃
ᠡᠭᠦᠷᠦᠨ ᠬᠣᠯᠪᠤᠭᠠᠨ ᠤ 5G ᠲᠧᠻᠨᠣᠯᠣᠭᠢ ᠳᠤ ᠵᠣᠷᠢᠭᠤᠯᠤᠭᠰᠠᠨ ᠥᠨᠳᠦᠷᠯᠢᠭ |
ᠳᠡᠳ᠋ ᠪᠦᠲᠦᠴᠡ
ᠡᠭᠦᠷᠦᠨ ᠬᠣᠯᠪᠤᠭᠠᠨ ᠳ᠋ᠤ ᠦᠶᠡᠯᠵᠡᠯ ᠳᠠᠪᠲᠠᠨ ᠠᠰᠢᠭᠯᠠᠬᠤ ᠭᠠᠯᠪᠢᠷ᠃ ᠲᠣᠭ᠎ᠠ ᠨᠤᠭᠤᠳ ᠨᠢ 3 ᠡᠭᠦᠷ ᠪᠦᠷᠢ ᠋ᠳ᠋ᠦ ᠳᠠᠪᠲᠠᠭᠳᠠᠬᠤ ᠰᠤᠪᠠᠭ ᠤᠨ ᠳ᠋ᠤᠭᠠᠷ |
ᠡᠭᠦᠷᠦᠨ ᠰᠦᠯᠵᠢᠶᠡᠨ ᠳᠦ ᠬᠠᠮᠤᠷᠤᠭᠳᠠᠬᠤ ᠨᠤᠲᠤᠭ ᠳᠡᠪᠢᠰᠬᠡᠷ ᠨᠢ ᠡᠭᠦᠷ ᠦᠳ ᠲᠦ ᠬᠤᠪᠢᠶᠠᠭᠳᠠᠨ᠎ᠠ᠃ ᠡᠭᠦᠷ ᠦᠳ ᠨᠢ ᠶᠡᠷᠦᠩᠬᠡᠢ ᠳᠦ ᠪᠡᠨ ᠳᠤᠭᠤᠢ ᠬᠡᠯᠪᠡᠷᠢ ᠲᠡᠢ ᠪᠣᠯᠪᠠᠴᠤ ᠵᠠᠬ᠎ᠠ ᠬᠡᠰᠡᠭ ᠢᠢᠡᠷ ᠢᠢᠡᠨ ᠳᠠᠪᠬᠤᠴᠠᠬᠤ ᠲᠤᠯᠠ ᠵᠡᠷᠭᠡᠯᠡᠳᠡᠭᠡ ᠡᠭᠦᠷ ᠦᠳ ᠵᠢᠷᠭᠤᠭᠠᠨ ᠥᠨᠴᠥᠭᠲᠦ ᠬᠡᠯᠪᠡᠷᠢᠲᠡᠢ ᠪᠣᠯᠤᠨ᠎ᠠ᠃ ᠡᠶ᠋ᠢᠨᠬᠦᠦ ᠵᠥᠭᠡᠢ ᠶᠢᠨ ᠡᠭᠦᠷ ᠮᠡᠲᠦ ᠬᠡᠯᠪᠡᠷᠢᠲᠡᠢ ᠪᠦᠲᠦᠴᠡ ᠪᠤᠢ ᠪᠣᠯᠬᠤ ᠲᠤᠯᠠ ᠡᠭᠦᠷᠦᠨ ᠰᠦᠯᠵᠢᠶ᠎ᠡ ᠭᠡᠵᠦ ᠨᠡᠷᠡᠰᠢᠭᠰᠡᠨ᠃
ᠡᠭᠦᠷ ᠲᠤᠰ ᠪᠦᠷᠢ ᠳᠦ ᠨᠠᠭᠠᠨᠠᠳᠠᠵᠤ ᠨᠢᠭᠡ ᠳᠠᠮᠵᠢᠭᠤᠯᠤᠨ ᠬᠦᠯᠢᠶᠡᠨ ᠠᠪᠤᠭᠴᠢ ᠪᠤᠶᠤ ᠰᠠᠭᠤᠷᠢ ᠰᠲ᠋ᠠᠨ᠍ᠼ ᠠᠵᠢᠯᠯᠠᠨ᠎ᠠ᠃
ᠰᠠᠭᠤᠷᠢ ᠰᠲ᠋ᠠᠨ᠍ᠼ ᠪᠦᠬᠦᠨ ᠳᠦ ᠬᠥᠳᠡᠯᠭᠡᠭᠡᠨ ᠳᠦ ᠲᠥᠬᠦᠭᠡᠷᠦᠮᠵᠢ ᠲᠡᠢ ᠬᠣᠯᠪᠣᠭᠳᠠᠬᠤ ᠬᠡᠳᠦ ᠬᠡᠳᠦᠨ ᠷᠠᠳᠢᠣ᠋ ᠰᠤᠪᠠᠭ ᠪᠤᠶᠤ ᠦᠶᠡᠯᠵᠡᠯ ᠢ ᠣᠨᠣᠭᠠᠭᠰᠠᠨ ᠪᠠᠶ᠋ᠢᠳᠠᠭ᠃[1] ᠲᠤᠬᠠᠢ ᠶᠢᠨ ᠡᠭᠦᠷ ᠦᠨ ᠰᠠᠭᠤᠷᠢ ᠰᠲ᠋ᠠᠨ᠍ᠼ ᠨᠢ ᠵᠡᠷᠭᠡᠯᠡᠳᠡᠭᠡ ᠡᠭᠦᠷ ᠲᠡᠢ ᠬᠠᠷᠢᠯᠴᠠᠨ ᠰᠥᠷᠭᠦ ᠨᠥᠯᠥᠭᠡ᠂ ᠰᠠᠭᠠᠳ ᠡᠭᠦᠰᠬᠡᠬᠦ ᠡᠴᠡ ᠵᠠᠶ᠋ᠢᠯᠠᠰᠬᠢᠬᠦ᠂ ᠨᠠᠶ᠋ᠢᠳᠠᠪᠤᠷᠢᠲᠠᠢ᠂ ᠴᠢᠨᠠᠷᠲᠠᠢ ᠬᠣᠯᠪᠣᠭ᠎ᠠ ᠪᠠᠷ ᠬᠠᠩᠭᠠᠬᠤ ᠡᠭᠦᠳᠡᠨ ᠡᠴᠡ ᠬᠥᠷᠰᠢ ᠡᠭᠦᠷ ᠦᠨ ᠬᠢ ᠡᠴᠡ ᠢᠯᠭᠠᠭ᠎ᠠ ᠲᠠᠢ ᠦᠶᠡᠯᠡᠵᠡᠯ ᠦᠳ ᠦᠨ ᠪᠠᠭᠴᠠ ᠶᠢ ᠠᠰᠢᠭᠯᠠᠳᠠᠭ᠃ ᠠᠰᠢᠭᠯᠠᠵᠤ ᠪᠣᠯᠬᠤ ᠦᠶᠡᠯᠡᠵᠡᠯ ᠦᠨ ᠲᠣᠭ᠎ᠠ ᠬᠢᠵᠠᠭᠠᠷ ᠲᠠᠢ ᠲᠤᠯᠠ ᠦᠶᠡᠯᠡᠵᠡᠯ ᠢ ᠥᠭᠡᠷ᠎ᠡ ᠡᠭᠦᠷ ᠦᠳ ᠲᠦ ᠳᠠᠪᠲᠠᠨ ᠠᠰᠢᠭᠯᠠᠬᠤ ᠪᠣᠯᠳᠠᠭ᠃ ᠭᠡᠬᠦ ᠳᠦ ᠪᠡᠨ ᠵᠡᠷᠭᠡᠯᠡᠳᠡᠭᠡ ᠡᠭᠦᠷ ᠦᠳ ᠲᠦ ᠠᠳᠠᠯᠢ ᠦᠶᠡᠯᠡᠵᠡᠯ ᠠᠰᠢᠭᠯᠠᠬᠤ ᠦᠭᠡᠢ᠃
ᠡᠭᠦᠷ ᠨᠢ ᠦᠶᠡᠯᠡᠵᠡᠯ ᠲᠤᠰ ᠪᠦᠷᠢ ᠳᠦ ᠬᠠᠷᠠᠭᠠᠯᠵᠠᠬᠤ ᠳᠠᠮᠵᠢᠭᠤᠯᠤᠨ ᠬᠦᠯᠢᠶᠡᠨ ᠠᠪᠬᠤ ᠰᠲ᠋ᠠᠨ᠍ᠼ᠂ ᠴᠠᠮᠬᠠᠭ ᠤᠨ ᠣᠷᠣᠢ ᠳᠤ ᠲᠡᠳᠡᠭᠡᠷ ᠦᠶᠡᠯᠵᠡᠯ ᠢ ᠳᠠᠮᠵᠢᠭᠤᠯᠬᠤ ᠠᠨ᠍ᠲ᠋ᠧᠨ ᠢᠢᠠᠷ ᠲᠣᠨᠣᠭᠯᠠᠭᠳᠠᠭᠰᠠᠨ ᠪᠠᠶ᠋ᠢᠳᠠᠭ᠃ ᠬᠡᠷᠡᠭᠯᠡᠭᠡᠨ ᠦ ᠨᠢᠭᠲᠠᠷᠠᠯ ᠥᠨᠳᠥᠷ ᠲᠡᠢ ᠨᠤᠲᠤᠭ ᠳᠡᠪᠢᠰᠬᠡᠷ ᠲᠦ ᠬᠣᠯᠪᠣᠭᠠᠨ ᠤ ᠴᠢᠨᠠᠷ ᠢ ᠰᠠᠶ᠋ᠢᠵᠢᠷᠠᠭᠤᠯᠬᠤ ᠡᠭᠦᠳᠡᠨ ᠡᠴᠡ ᠴᠢᠭᠯᠡᠭᠰᠡᠨ ᠠᠨ᠍ᠲ᠋ᠧᠨ ᠣᠯᠠᠨᠲᠠ ᠬᠡᠷᠡᠭᠯᠡᠳᠡᠭ᠃ ᠴᠠᠮᠬᠠᠭ ᠤᠳ ᠢ 3 ᠡᠭᠦᠷ ᠠᠭᠤᠯᠵᠠᠬᠤ ᠥᠨᠴᠥᠭ ᠦᠳ ᠳᠡᠭᠡᠷ᠎ᠡ ᠪᠠᠶ᠋ᠢᠷᠢᠯᠠᠭᠤᠯᠳᠠᠭ᠃[2] ᠴᠠᠮᠬᠠᠭ ᠪᠦᠷᠢ ᠶᠢᠨ ᠣᠷᠣᠢ ᠳᠤ 120° ᠢᠢᠡᠷ ᠭᠤᠷᠪᠠᠨ ᠵᠦᠭ ᠲᠦ ᠬᠠᠨᠳᠤᠭᠰᠠᠨ ᠠᠨ᠍ᠲ᠋ᠧᠨ ᠨᠤᠭᠤᠳ ᠢ ᠰᠠᠭᠤᠷᠢᠯᠠᠭᠤᠯᠳᠠᠭ᠃ ᠢᠩᠭᠢᠭᠡᠳ ᠥᠭᠡᠷ᠎ᠡ ᠥᠭᠡᠷ᠎ᠡ ᠦᠶᠡᠯᠡᠵᠡᠯ ᠳᠡᠭᠡᠷ᠎ᠡ ᠭᠤᠷᠪᠠᠨ ᠥᠭᠡᠷ᠎ᠡ ᠡᠭᠦᠷ ᠲᠦ ᠳᠠᠮᠵᠢᠭᠤᠯᠬᠤ/ᠬᠦᠯᠢᠶᠡᠨ ᠠᠪᠬᠤ ᠠᠵᠢᠯᠯᠠᠭ᠎ᠠ ᠶᠠᠪᠤᠭᠳᠠᠨ᠎ᠠ᠃ ᠢᠩᠭᠢᠭᠰᠡᠨ ᠢᠢᠡᠷ ᠡᠭᠦᠷ ᠪᠦᠷᠢ ᠳᠦ ᠨᠠᠭᠠᠨᠠᠳᠠᠵᠤ ᠭᠤᠷᠪᠠᠨ ᠰᠤᠪᠠᠭ᠂ ᠭᠤᠷᠪᠠᠨ ᠴᠠᠮᠬᠠᠭ ᠠᠰᠢᠭᠯᠠᠭᠳᠠᠬᠤ ᠪᠠ ᠳᠣᠣᠷ᠎ᠠ ᠬᠠᠶᠠᠵᠤ ᠨᠢᠭᠡ ᠴᠢᠭᠯᠡᠯ ᠡᠴᠡ ᠬᠠᠩᠭᠠᠯᠲᠠᠲᠠᠢ ᠴᠢᠨᠠᠷᠲᠠᠢ ᠷᠠᠳᠢᠣ᠋ ᠳᠣᠬᠢᠶ᠎ᠠ ᠬᠦᠯᠢᠶᠡᠨ ᠠᠪᠬᠤ ᠪᠣᠯᠤᠮᠵᠢ ᠶᠢ ᠪᠦᠷᠢᠳᠦᠭᠦᠯᠳᠡᠭ᠃
ᠴᠢᠨᠠᠭᠰᠢᠯᠠᠭᠠᠳ᠂ ᠠᠴᠢᠶᠠᠯᠠᠯ ᠶᠡᠬᠡᠲᠡᠢ ᠨᠤᠲᠤᠭ ᠳᠡᠪᠢᠰᠬᠡᠷ ᠲᠦ ᠲᠣᠮᠤ ᠡᠭᠦᠷ ᠦᠳ ᠢ ᠵᠢᠵᠢᠭ ᠡᠭᠦᠷ ᠦᠳ ᠲᠦ ᠬᠤᠪᠢᠶᠠᠵᠤ ᠪᠣᠯᠳᠠᠭ᠃[3]
ᠬᠥᠳᠡᠯᠭᠡᠭᠡᠨᠲᠦ ᠲᠥᠬᠦᠭᠡᠷᠦᠮᠵᠢ
ᠡᠪᠬᠡᠭᠳᠡᠳᠡᠭ ᠭᠠᠷ ᠤᠲᠠᠰᠤ᠃ ᠭᠠᠯᠠᠻᠰᠡᠢ ᠽ ᠹ᠊ᠯᠢᠫ 3 (Galaxy Z Flip3) ᠵᠠᠭᠪᠤᠷ᠂ 2021 ᠣᠨ᠃ |
ᠡᠭᠦᠷᠦᠨ ᠲᠧᠭᠨᠣᠯᠣᠭᠢ ᠶᠢᠨ ᠳᠡᠳ᠋ ᠪᠦᠲᠦᠴᠡ ᠶᠢ ᠪᠦᠷᠢᠳᠦᠭᠦᠯᠦᠭᠴᠢ ᠡᠭᠦᠷ ᠦᠳ ᠨᠢ ᠬᠠᠮᠲᠤ ᠳ᠋ᠤ ᠪᠠᠨ ᠨᠡᠶ᠋ᠢᠯᠡᠭᠡᠳ ᠭᠠᠵᠠᠷ ᠵᠦᠢ ᠶᠢᠨ ᠥᠷᠭᠡᠨ ᠠᠭᠤᠳᠠᠮ ᠣᠷᠣᠨ ᠵᠠᠢ ᠶᠢ ᠬᠠᠮᠤᠷᠤᠨ᠎ᠠ᠃ ᠢᠩᠭᠢᠭᠰᠡᠨ ᠢᠢᠡᠷ ᠣᠯᠠᠨ ᠲᠣᠭᠠᠨ ᠤ ᠶᠠᠪᠤᠭᠤᠯ ᠤᠨ ᠳᠠᠮᠵᠢᠭᠤᠯᠤᠨ ᠬᠦᠯᠢᠶᠡᠨ ᠠᠪᠤᠭᠴᠢ ᠨᠤᠭᠤᠳ ᠬᠣᠭᠣᠷᠣᠨᠳᠣ ᠪᠠᠨ ᠪᠣᠯᠤᠨ ᠲᠤᠬᠠᠢ ᠶᠢᠨ ᠰᠦᠯᠵᠢᠶᠡᠨ ᠳ᠋ᠡᠬᠢ ᠰᠠᠭᠤᠷᠢᠨ ᠳᠠᠮᠵᠢᠭᠤᠯᠤᠨ ᠬᠦᠯᠢᠶᠡᠨ ᠠᠪᠤᠭᠴᠢ᠂ ᠤᠲᠠᠰᠤᠨ ᠨᠤᠭᠤᠳ ᠲᠠᠢ ᠬᠠᠷᠢᠯᠴᠠᠬᠤ ᠪᠣᠯᠤᠮᠵᠢ ᠪᠦᠷᠢᠳᠳᠡᠭ᠃ ᠰᠠᠭᠤᠷᠢ ᠰᠲ᠋ᠠᠨ᠍ᠼ ᠤᠳ ᠢᠢᠠᠷ ᠳᠠᠮᠵᠢᠨ ᠡᠨᠡᠬᠦ ᠬᠣᠯᠪᠣᠭ᠎ᠠ ᠬᠠᠷᠢᠯᠴᠠᠭ᠎ᠠ ᠬᠡᠷᠡᠭᠵᠢᠳᠡᠭ ᠠᠭᠠᠳ ᠬᠥᠳᠡᠯᠭᠡᠭᠡᠨᠳᠦ ᠳᠠᠮᠵᠢᠭᠤᠯᠤᠨ ᠬᠦᠯᠢᠶᠡᠨ ᠠᠪᠤᠭᠴᠢ ᠬᠣᠯᠪᠣᠭ᠎ᠠ ᠪᠠᠷᠢᠵᠤ ᠪᠠᠶ᠋ᠢᠬᠤ ᠦᠶ᠎ᠡ ᠳᠦ ᠡᠭᠦᠷ ᠡᠴᠡ ᠡᠭᠦᠷ ᠲᠦ ᠳᠠᠮᠵᠢᠨ ᠬᠥᠳᠡᠯᠵᠦ ᠪᠠᠶ᠋ᠢᠪᠠ ᠴᠤ ᠲᠠᠰᠤᠷᠠᠯᠲᠠ ᠦᠭᠡᠢ ᠬᠠᠷᠢᠯᠴᠠᠨ᠎ᠠ᠃ ᠬᠥᠳᠡᠯᠭᠡᠭᠡᠨᠳᠦ ᠳᠠᠮᠵᠢᠭᠤᠯᠤᠨ ᠬᠦᠯᠢᠶᠡᠨ ᠠᠪᠤᠭᠴᠢ ᠨᠢ ᠭᠠᠷ ᠤᠲᠠᠰᠤ᠂ ᠲᠠᠪᠯᠧᠲtablet᠂ ᠵᠥᠭᠡᠭᠡᠪᠦᠷᠢ ᠶᠢᠨ ᠴᠠᠬᠢᠮ ᠲᠣᠭᠠᠴᠠᠭᠠᠯᠠᠭᠤᠷ ᠭᠡᠬᠦ ᠵᠡᠷᠭᠡ ᠲᠥᠬᠥᠭᠡᠷᠦᠮᠵᠢ ᠪᠠᠶ᠋ᠢᠵᠤ ᠪᠣᠯᠬᠤ ᠪᠠ ᠲᠡᠳᠡᠭᠡᠷ ᠨᠢ ᠮᠣᠳᠧᠮmodem᠂ ᠡᠰᠡᠪᠡᠯ ᠫᠡᠢᠢᠵᠧᠷ ᠢᠢᠡᠷ ᠲᠣᠨᠣᠭᠯᠠᠭᠳᠠᠭᠰᠠᠨ ᠪᠠᠶ᠋ᠢᠨ᠎ᠠ᠃
ᠶᠠᠪᠤᠭᠤᠯ ᠤᠨ ᠲᠥᠬᠦᠭᠡᠷᠡᠮᠵᠢ ᠨᠤᠭᠦᠳ ᠨᠢ ᠬᠥᠳᠡᠯᠭᠡᠭᠡᠨᠳᠦ ᠦᠢᠯᠡᠳᠡᠯ ᠦ᠋ᠨ ᠰᠢᠰᠲ᠋ᠧᠮ ᠦ᠋ᠨ ᠲᠤᠰᠠᠯᠠᠮᠵᠢ ᠲᠠᠢ ᠠᠵᠢᠯᠯᠠᠨ᠎ᠠ᠃ ᠦᠢᠯᠡᠳᠡᠯ ᠦ᠋ᠨ ᠰᠢᠰᠲ᠋ᠧᠮ ᠨᠢ ᠭᠤᠷᠪᠠ ᠳ᠋ᠠᠬᠢ ᠲᠠᠯ᠎ᠠ ᠢᠢᠨ ᠬᠡᠷᠡᠭᠯᠡᠭᠡᠨ ᠦ ᠫᠷᠣᠭ᠌ᠷᠠᠮ ᠰᠠᠭᠦᠯᠭᠠᠬᠤ᠂ ᠠᠵᠢᠯᠯᠠᠭᠤᠯᠬᠤ ᠪᠣᠯᠤᠮᠵᠢ ᠪᠦᠷᠢᠳᠦᠭᠦᠯᠳᠡᠭ᠃
ᠬᠠᠮᠤᠭ ᠤᠨ ᠲᠦᠭᠡᠭᠡᠮᠡᠯ ᠬᠡᠷᠡᠭᠯᠡᠭᠳᠡᠳᠡᠭ ᠬᠥᠳᠡᠯᠭᠡᠭᠡᠨᠳᠦ ᠦᠢᠯᠡᠳᠡᠯ ᠦ᠋ᠨ ᠰᠢᠰᠲ᠋ᠧᠮ ᠦᠳ᠄
Android
iOS
KaiOS
Windows
BlackBerry
Symbian
ᠫᠷᠣᠭ᠌ᠷᠠᠮ ᠬᠠᠩᠭᠠᠮᠵᠢ
ᠪᠢᠴᠢᠪᠦᠷᠢ
ᠨᠡᠷ᠎ᠡ ᠲᠣᠮᠢᠶᠠᠯᠠᠯ
ᠪᠢᠴᠢᠪᠦᠷᠢ
ᠡᠬᠢ ᠰᠤᠷᠪᠤᠯᠵᠢ
- ↑ Mobile Networks explained. EMF explained ᠬᠠᠨᠳᠤᠭᠰᠠᠨ 2022/12/14. https://www.emfexplained.info/?ID=25196
- ↑ Cellular Telephone Basics. Privateline 2012/04/07. https://web.archive.org/web/20120417220750/http://www.privateline.com/Cellbasics/Cellbasics02.html
- ↑ Cellular radiotelephone system structured for flexible use of different cell sizes. US4144411A United States Patent. Published on 1979/03/13. https://patents.google.com/patent/US4144411