ᠡᠭᠦᠷᠦᠨ ᠲᠧᠻᠨᠣᠯᠣᠭᠢ

Wikibilig-с

ᠬᠥᠳᠡᠯᠭᠡᠭᠡᠨᠲᠦ ᠲᠥᠬᠥᠭᠡᠷᠦᠮᠵᠢ ᠨᠦᠭᠦᠳ ᠦᠨ ᠬᠣᠯᠪᠣᠭ᠎ᠠ ᠶᠢ ᠳᠡᠮᠵᠢᠬᠦ ᠰᠦᠯᠵᠢᠶᠡᠨ ᠦ ᠲᠧᠭᠨᠣᠯᠣᠭᠢ ᠶᠢ ᠡᠭᠦᠷᠦᠨ ᠲᠧᠭᠨᠣᠯᠣᠭᠢ ᠭᠡᠨ᠎ᠡ᠃ ᠲᠡᠷᠬᠡᠦ ᠬᠣᠯᠪᠣᠭ᠎ᠠ ᠨᠢ ᠡᠭᠦᠷ ᠦᠳ (cells) ᠪᠠ ᠳᠠᠮᠵᠢᠭᠤᠯᠤᠨ ᠬᠦᠯᠢᠶᠡᠨ ᠠᠪᠤᠭᠴᠢ ᠨᠤᠭᠤᠳ (transceivers) ᠪᠦᠬᠦᠢ ᠲᠠᠯᠠᠪᠠᠢ᠂ ᠨᠤᠲᠤᠭ ᠳᠡᠪᠢᠰᠬᠡᠷ ᠢ ᠬᠠᠮᠤᠷᠴᠤ ᠶᠠᠪᠤᠭᠳᠠᠨ᠎ᠠ᠃ ᠡᠭᠦᠷᠦᠨ ᠰᠦᠯᠵᠢᠶᠡᠨ ᠳᠦ ᠬᠠᠮᠤᠭ ᠤᠨ ᠲᠦᠭᠡᠮᠡᠯ ᠬᠡᠷᠡᠭᠯᠡᠳᠡᠭ ᠬᠥᠳᠡᠯᠭᠡᠭᠡᠨᠲᠦ ᠳᠠᠮᠵᠢᠭᠤᠯᠤᠨ ᠬᠦᠯᠢᠶᠡᠨ ᠠᠪᠤᠭᠴᠢ ᠨᠢ ᠭᠠᠷ ᠤᠲᠠᠰᠤ ᠪᠤᠶᠤ ᠡᠭᠦᠷᠦᠨ ᠤᠲᠠᠰᠤ ᠶᠤᠮ᠃

align: top
ᠡᠭᠦᠷᠦᠨ ᠬᠣᠯᠪᠤᠭᠠᠨ ‍ᠤ 5G ᠲᠧᠻᠨᠣᠯᠣᠭᠢ ‍ᠳᠤ ᠵᠣᠷᠢᠭᠤᠯᠤᠭᠰᠠᠨ ᠥᠨᠳᠦᠷᠯᠢᠭ



ᠳᠡᠳ᠋ ᠪᠦᠲᠦᠴᠡ[засварлах | кодоор засварлах]


align: top
ᠡᠭᠦᠷᠦᠨ ᠬᠣᠯᠪᠤᠭᠠᠨ ᠳ᠋ᠤ ᠦᠶᠡᠯᠵᠡᠯ ᠳᠠᠪᠲᠠᠨ ᠠᠰᠢᠭᠯᠠᠬᠤ ᠭᠠᠯᠪᠢᠷ᠃ ᠲᠣᠭ᠎ᠠ ᠨᠤᠭᠤᠳ ᠨᠢ 3 ᠡᠭᠦᠷ ᠪᠦᠷᠢ ᠋ᠳ᠋ᠦ ᠳᠠᠪᠲᠠᠭᠳᠠᠬᠤ ᠰᠤᠪᠠᠭ ‍ᠤᠨ ᠳ᠋ᠤᠭᠠᠷ


ᠡᠭᠦᠷᠦᠨ ᠰᠦᠯᠵᠢᠶᠡᠨ ᠳᠦ ᠬᠠᠮᠤᠷᠤᠭᠳᠠᠬᠤ ᠨᠤᠲᠤᠭ ᠳᠡᠪᠢᠰᠬᠡᠷ ᠨᠢ ᠡᠭᠦᠷ ᠦᠳ ᠲᠦ ᠬᠤᠪᠢᠶᠠᠭᠳᠠᠨ᠎ᠠ᠃ ᠡᠭᠦᠷ ᠦᠳ ᠨᠢ ᠶᠡᠷᠦᠩᠬᠡᠢ ᠳᠦ ᠪᠡᠨ ᠳᠤᠭᠤᠢ ᠬᠡᠯᠪᠡᠷᠢ ᠲᠡᠢ ᠪᠣᠯᠪᠠᠴᠤ ᠵᠠᠬ᠎ᠠ ᠬᠡᠰᠡᠭ ᠢᠢᠡᠷ ᠢᠢᠡᠨ ᠳᠠᠪᠬᠤᠴᠠᠬᠤ ᠲᠤᠯᠠ ᠵᠡᠷᠭᠡᠯᠡᠳᠡᠭᠡ ᠡᠭᠦᠷ ᠦᠳ ᠵᠢᠷᠭᠤᠭᠠᠨ ᠥᠨᠴᠥᠭᠲᠦ ᠬᠡᠯᠪᠡᠷᠢᠲᠡᠢ ᠪᠣᠯᠤᠨ᠎ᠠ᠃ ᠡᠶ᠋ᠢᠨᠬᠦᠦ ᠵᠥᠭᠡᠢ ᠶᠢᠨ ᠡᠭᠦᠷ ᠮᠡᠲᠦ ᠬᠡᠯᠪᠡᠷᠢᠲᠡᠢ ᠪᠦᠲᠦᠴᠡ ᠪᠤᠢ ᠪᠣᠯᠬᠤ ᠲᠤᠯᠠ ᠡᠭᠦᠷᠦᠨ ᠰᠦᠯᠵᠢᠶ᠎ᠡ ᠭᠡᠵᠦ ᠨᠡᠷᠡᠰᠢᠭᠰᠡᠨ᠃

ᠡᠭᠦᠷ ᠲᠤᠰ ᠪᠦᠷᠢ ᠳᠦ ᠨᠠᠭᠠᠨᠠᠳᠠᠵᠤ ᠨᠢᠭᠡ ᠳᠠᠮᠵᠢᠭᠤᠯᠤᠨ ᠬᠦᠯᠢᠶᠡᠨ ᠠᠪᠤᠭᠴᠢ ᠪᠤᠶᠤ ᠰᠠᠭᠤᠷᠢ ᠰᠲ᠋ᠠᠨ᠍ᠼ ᠠᠵᠢᠯᠯᠠᠨ᠎ᠠ᠃

ᠰᠠᠭᠤᠷᠢ ᠰᠲ᠋ᠠᠨ᠍ᠼ ᠪᠦᠬᠦᠨ ᠳᠦ ᠬᠥᠳᠡᠯᠭᠡᠭᠡᠨ ᠳᠦ ᠲᠥᠬᠦᠭᠡᠷᠦᠮᠵᠢ ᠲᠡᠢ ᠬᠣᠯᠪᠣᠭᠳᠠᠬᠤ ᠬᠡᠳᠦ ᠬᠡᠳᠦᠨ ᠷᠠᠳᠢᠣ᠋ ᠰᠤᠪᠠᠭ ᠪᠤᠶᠤ ᠦᠶᠡᠯᠵᠡᠯ ᠢ ᠣᠨᠣᠭᠠᠭᠰᠠᠨ ᠪᠠᠶ᠋ᠢᠳᠠᠭ᠃[1] ᠲᠤᠬᠠᠢ ᠶᠢᠨ ᠡᠭᠦᠷ ᠦᠨ ᠰᠠᠭᠤᠷᠢ ᠰᠲ᠋ᠠᠨ᠍ᠼ ᠨᠢ ᠵᠡᠷᠭᠡᠯᠡᠳᠡᠭᠡ ᠡᠭᠦᠷ ᠲᠡᠢ ᠬᠠᠷᠢᠯᠴᠠᠨ ᠰᠥᠷᠭᠦ ᠨᠥᠯᠥᠭᠡ᠂ ᠰᠠᠭᠠᠳ ᠡᠭᠦᠰᠬᠡᠬᠦ ᠡᠴᠡ ᠵᠠᠶ᠋ᠢᠯᠠᠰᠬᠢᠬᠦ᠂ ᠨᠠᠶ᠋ᠢᠳᠠᠪᠤᠷᠢᠲᠠᠢ᠂ ᠴᠢᠨᠠᠷᠲᠠᠢ ᠬᠣᠯᠪᠣᠭ᠎ᠠ ᠪᠠᠷ ᠬᠠᠩᠭᠠᠬᠤ ᠡᠭᠦᠳᠡᠨ ᠡᠴᠡ ᠬᠥᠷᠰᠢ ᠡᠭᠦᠷ ᠦᠨ ᠬᠢ ᠡᠴᠡ ᠢᠯᠭᠠᠭ᠎ᠠ ᠲᠠᠢ ᠦᠶᠡᠯᠡᠵᠡᠯ ᠦᠳ ᠦᠨ ᠪᠠᠭᠴᠠ ᠶᠢ ᠠᠰᠢᠭᠯᠠᠳᠠᠭ᠃ ᠠᠰᠢᠭᠯᠠᠵᠤ ᠪᠣᠯᠬᠤ ᠦᠶᠡᠯᠡᠵᠡᠯ ᠦᠨ ᠲᠣᠭ᠎ᠠ ᠬᠢᠵᠠᠭᠠᠷ ᠲᠠᠢ ᠲᠤᠯᠠ ᠦᠶᠡᠯᠡᠵᠡᠯ ᠢ ᠥᠭᠡᠷ᠎ᠡ ᠡᠭᠦᠷ ᠦᠳ ᠲᠦ ᠳᠠᠪᠲᠠᠨ ᠠᠰᠢᠭᠯᠠᠬᠤ ᠪᠣᠯᠳᠠᠭ᠃ ᠭᠡᠬᠦ ᠳᠦ ᠪᠡᠨ ᠵᠡᠷᠭᠡᠯᠡᠳᠡᠭᠡ ᠡᠭᠦᠷ ᠦᠳ ᠲᠦ ᠠᠳᠠᠯᠢ ᠦᠶᠡᠯᠡᠵᠡᠯ ᠠᠰᠢᠭᠯᠠᠬᠤ ᠦᠭᠡᠢ᠃

ᠡᠭᠦᠷ ᠨᠢ ᠦᠶᠡᠯᠡᠵᠡᠯ ᠲᠤᠰ ᠪᠦᠷᠢ ᠳᠦ ᠬᠠᠷᠠᠭᠠᠯᠵᠠᠬᠤ ᠳᠠᠮᠵᠢᠭᠤᠯᠤᠨ ᠬᠦᠯᠢᠶᠡᠨ ᠠᠪᠬᠤ ᠰᠲ᠋ᠠᠨ᠍ᠼ᠂ ᠴᠠᠮᠬᠠᠭ ᠤᠨ ᠣᠷᠣᠢ ᠳᠤ ᠲᠡᠳᠡᠭᠡᠷ ᠦᠶᠡᠯᠵᠡᠯ ᠢ ᠳᠠᠮᠵᠢᠭᠤᠯᠬᠤ ᠠᠨ᠍ᠲ᠋ᠧᠨ ᠢᠢᠠᠷ ᠲᠣᠨᠣᠭᠯᠠᠭᠳᠠᠭᠰᠠᠨ ᠪᠠᠶ᠋ᠢᠳᠠᠭ᠃ ᠬᠡᠷᠡᠭᠯᠡᠭᠡᠨ ᠦ ᠨᠢᠭᠲᠠᠷᠠᠯ ᠥᠨᠳᠥᠷ ᠲᠡᠢ ᠨᠤᠲᠤᠭ ᠳᠡᠪᠢᠰᠬᠡᠷ ᠲᠦ ᠬᠣᠯᠪᠣᠭᠠᠨ ᠤ ᠴᠢᠨᠠᠷ ᠢ ᠰᠠᠶ᠋ᠢᠵᠢᠷᠠᠭᠤᠯᠬᠤ ᠡᠭᠦᠳᠡᠨ ᠡᠴᠡ ᠴᠢᠭᠯᠡᠭᠰᠡᠨ ᠠᠨ᠍ᠲ᠋ᠧᠨ ᠣᠯᠠᠨᠲᠠ ᠬᠡᠷᠡᠭᠯᠡᠳᠡᠭ᠃ ᠴᠠᠮᠬᠠᠭ ᠤᠳ ᠢ 3 ᠡᠭᠦᠷ ᠠᠭᠤᠯᠵᠠᠬᠤ ᠥᠨᠴᠥᠭ ᠦᠳ ᠳᠡᠭᠡᠷ᠎ᠡ ᠪᠠᠶ᠋ᠢᠷᠢᠯᠠᠭᠤᠯᠳᠠᠭ᠃[2] ᠴᠠᠮᠬᠠᠭ ᠪᠦᠷᠢ ᠶᠢᠨ ᠣᠷᠣᠢ ᠳᠤ 120° ᠢᠢᠡᠷ ᠭᠤᠷᠪᠠᠨ ᠵᠦᠭ ᠲᠦ ᠬᠠᠨᠳᠤᠭᠰᠠᠨ ᠠᠨ᠍ᠲ᠋ᠧᠨ ᠨᠤᠭᠤᠳ ᠢ ᠰᠠᠭᠤᠷᠢᠯᠠᠭᠤᠯᠳᠠᠭ᠃ ᠢᠩᠭᠢᠭᠡᠳ ᠥᠭᠡᠷ᠎ᠡ ᠥᠭᠡᠷ᠎ᠡ ᠦᠶᠡᠯᠡᠵᠡᠯ ᠳᠡᠭᠡᠷ᠎ᠡ ᠭᠤᠷᠪᠠᠨ ᠥᠭᠡᠷ᠎ᠡ ᠡᠭᠦᠷ ᠲᠦ ᠳᠠᠮᠵᠢᠭᠤᠯᠬᠤ/ᠬᠦᠯᠢᠶᠡᠨ ᠠᠪᠬᠤ ᠠᠵᠢᠯᠯᠠᠭ᠎ᠠ ᠶᠠᠪᠤᠭᠳᠠᠨ᠎ᠠ᠃ ᠢᠩᠭᠢᠭᠰᠡᠨ ᠢᠢᠡᠷ ᠡᠭᠦᠷ ᠪᠦᠷᠢ ᠳᠦ ᠨᠠᠭᠠᠨᠠᠳᠠᠵᠤ ᠭᠤᠷᠪᠠᠨ ᠰᠤᠪᠠᠭ᠂ ᠭᠤᠷᠪᠠᠨ ᠴᠠᠮᠬᠠᠭ ᠠᠰᠢᠭᠯᠠᠭᠳᠠᠬᠤ ᠪᠠ ᠳᠣᠣᠷ᠎ᠠ ᠬᠠᠶᠠᠵᠤ ᠨᠢᠭᠡ ᠴᠢᠭᠯᠡᠯ ᠡᠴᠡ ᠬᠠᠩᠭᠠᠯᠲᠠᠲᠠᠢ ᠴᠢᠨᠠᠷᠲᠠᠢ ᠷᠠᠳᠢᠣ᠋ ᠳᠣᠬᠢᠶ᠎ᠠ ᠬᠦᠯᠢᠶᠡᠨ ᠠᠪᠬᠤ ᠪᠣᠯᠤᠮᠵᠢ ᠶᠢ ᠪᠦᠷᠢᠳᠦᠭᠦᠯᠳᠡᠭ᠃ ᠴᠢᠨᠠᠭᠰᠢᠯᠠᠭᠠᠳ᠂ ᠠᠴᠢᠶᠠᠯᠠᠯ ᠶᠡᠬᠡᠲᠡᠢ ᠨᠤᠲᠤᠭ ᠳᠡᠪᠢᠰᠬᠡᠷ ᠲᠦ ᠲᠣᠮᠤ ᠡᠭᠦᠷ ‍ᠦᠳ ‍ᠢ ᠵᠢᠵᠢᠭ ᠡᠭᠦᠷ ‍ᠦᠳ ᠲᠦ ᠬᠤᠪᠢᠶᠠᠵᠤ ᠪᠣᠯᠳᠠᠭ᠃[3]

ᠦᠶᠡᠯᠵᠡᠯ ᠳᠠᠪᠲᠠᠨ ᠬᠡᠷᠡᠭᠯᠡᠬᠦ[засварлах | кодоор засварлах]


align: top
ᠦᠶᠡᠯᠵᠡᠯ ᠳᠠᠪᠲᠠᠨ ᠬᠡᠷᠡᠭᠯᠡᠬᠦ ᠪᠦᠳᠦᠭᠦᠪᠴᠢ᠃ ᠠᠳᠠᠯᠢ ᠦᠶᠡᠯᠵᠡᠯ ‍ᠦᠨ ᠪᠠᠭᠴᠠ ᠠᠰᠢᠭᠯᠠᠬᠤ ᠡᠭᠦᠷ ‍ᠦᠳ ‍ᠢ ᠠᠳᠠᠯᠢ ᠲᠣᠭ᠎ᠠ ᠪᠠᠷ ᠲᠡᠮᠳᠡᠭᠯᠡᠭᠰᠡᠨ ᠪᠠᠢᠢᠨ᠎ᠠ᠃


ᠡᠭᠦᠷᠦᠨ ᠰᠦᠯᠵᠢᠶᠡᠨ ᠳ᠋ᠡᠬᠢ ᠬᠡᠷᠡᠭᠯᠡᠭᠴᠢᠳ ᠦᠨ ᠬᠣᠭᠣᠷᠣᠨᠳᠣ ᠡᠭᠦᠰᠬᠦ ᠰᠠᠭᠠᠳ ᠢ ᠬᠠᠩᠭᠠᠯᠲᠠᠲᠠᠢ ᠨᠠᠮ ᠲᠦᠪᠰᠢᠨ ᠳᠦ ᠪᠠᠷᠢᠬᠤ ᠡᠭᠦᠳᠡᠨ ᠡᠴᠡ ᠵᠡᠷᠭᠡᠯᠡᠳᠡᠭᠡ ᠡᠭᠦᠷ ᠦᠳ ᠠᠳᠠᠯᠢ ᠦᠶᠡᠯᠡᠵᠡᠯ ᠬᠡᠷᠡᠭᠯᠡᠵᠦ ᠪᠣᠯᠬᠤ ᠦᠭᠡᠢ᠂ ᠥᠭᠡᠷ᠎ᠡ ᠥᠭᠡᠷ᠎ᠡ ᠦᠶᠡᠯᠡᠵᠡᠯ ᠳᠡᠭᠡᠷ᠎ᠡ ᠠᠵᠢᠯᠯᠠᠬᠤ ᠶᠣᠰᠣᠲᠠᠢ[4]᠃ ᠭᠡᠲᠡᠯ᠎ᠡ ᠠᠰᠢᠭᠯᠠᠬᠤ ᠰᠤᠪᠠᠭ ᠤᠨ ᠲᠣᠭ᠎ᠠ ᠬᠢᠵᠠᠭᠠᠷ ᠲᠠᠢ ᠪᠠᠶ᠋ᠢᠳᠠᠭ᠃ ᠲᠡᠶ᠋ᠢᠮᠦ ᠡᠴᠡ ᠡᠭᠦᠷᠦᠨ ᠰᠦᠯᠵᠢᠶᠡᠨ ᠦ ᠨᠢᠭᠡ ᠴᠢᠬᠤᠯᠠ ᠣᠨᠴᠠᠯᠢᠭ ᠨᠢ ᠦᠶᠡᠯᠡᠵᠡᠯ ᠳᠠᠪᠲᠠᠨ ᠠᠰᠢᠭᠯᠠᠬᠤ᠃ /ᠬᠠᠩᠭᠠᠯᠲᠠ ᠲᠠᠢ ᠵᠠᠢ ᠳᠤ ᠠᠯᠤᠰᠯᠠᠭᠳᠠᠭᠰᠠᠨ ᠡᠭᠦᠷ ᠦᠳ ᠠᠳᠠᠯᠢ ᠰᠤᠪᠠᠭ ᠳᠡᠭᠡᠷ᠎ᠡ ᠠᠵᠢᠯᠯᠠᠵᠤ ᠪᠣᠯᠤᠨ᠎ᠠ᠃ ᠢᠩᠭᠢᠬᠦ ᠶᠢᠨ ᠲᠤᠯᠠᠳᠠ ᠬᠠᠷᠢᠨ ᠰᠠᠭᠤᠷᠢ ᠰᠲ᠋ᠠᠨ᠍ᠼ ᠪᠠ ᠬᠥᠳᠡᠯᠭᠡᠭᠡᠨᠳᠦ ᠲᠥᠬᠦᠭᠡᠷᠦᠮᠵᠢ ᠨᠦᠭᠦᠳ ᠦᠨ ᠳᠠᠮᠵᠢᠭᠤᠯᠬᠤ ᠬᠦᠴᠦᠨ ᠴᠢᠳᠠᠯ ᠪᠠᠰᠠ ᠬᠢᠵᠠᠭᠠᠷ ᠲᠠᠢ ᠪᠠᠶ᠋ᠢᠬᠤ ᠱᠠᠭᠠᠷᠳᠠᠯᠭ᠎ᠠ ᠲᠠᠢ᠃


ᠦᠶᠡᠯᠡᠵᠡᠯ ᠳᠠᠬᠢᠨ ᠠᠰᠢᠭᠯᠠᠬᠤ ᠵᠠᠷᠴᠢᠮ ᠢ ᠬᠡᠷᠡᠭᠵᠢᠭᠦᠯᠦᠭᠰᠡᠨ ᠢᠢᠡᠷ ᠳᠠᠷᠠᠭᠠᠬᠢ ᠨᠥᠬᠥᠴᠡᠯ ᠢ ᠪᠦᠷᠢᠳᠦᠭᠦᠯᠦᠨ᠎ᠡ᠄

ᠲᠤᠬᠠᠢ ᠶᠢᠨ ᠡᠭᠦᠷ ᠦᠨ ᠬᠦᠷᠢᠶᠡᠨ ᠳᠦ ᠲᠤᠬᠠᠢ ᠶᠢᠨ ᠦᠶᠡᠯᠡᠵᠡᠯ ᠳᠡᠭᠡᠷ᠎ᠡ ᠬᠠᠷᠢᠯᠴᠠᠭ᠎ᠠ ᠬᠣᠯᠪᠣᠭ᠎ᠠ ᠶᠠᠪᠤᠭᠳᠠᠨ᠎ᠠ;

ᠵᠡᠷᠭᠡᠯᠡᠳᠡᠭᠡ ᠡᠭᠦᠷ ᠦᠳ ᠲᠦ ᠳᠣᠯᠭᠢᠶᠠᠨ ᠨᠡᠪᠴᠢᠬᠦ ᠨᠢ ᠬᠢᠵᠠᠭᠠᠷᠯᠠᠭᠳᠠᠨ᠎ᠠ;

ᠣᠶ᠋ᠢᠷᠠᠯᠴᠠᠭ᠎ᠠ ᠡᠭᠦᠷ ᠦᠳ ᠲᠦ ᠦᠶᠡᠯᠡᠵᠡᠯ ᠢ ᠳᠠᠪᠲᠠᠨ ᠠᠰᠢᠭᠯᠠᠬᠤ ᠪᠣᠯᠤᠮᠵᠢ ᠪᠦᠷᠢᠳᠳᠡᠭ;

ᠣᠯᠠᠨ ᠶᠠᠷᠢᠶᠠᠨ ᠳᠤ ᠨᠢᠭᠡ ᠦᠶᠡᠯᠵᠡᠯ ᠢ ᠠᠰᠢᠭᠯᠠᠬᠤ ᠪᠣᠯᠤᠮᠵᠢ ᠪᠦᠷᠢᠳᠳᠡᠭ;

ᠨᠢᠭᠡ ᠡᠭᠦᠷ ᠲᠦ 10-50 ᠦᠶᠡᠯᠡᠵᠡᠯ ᠬᠠᠷᠠᠭᠠᠯᠵᠠᠨ᠎ᠠ᠃[5]
N ᠲᠣᠭᠠᠨ ᠤ ᠡᠭᠦᠷ ᠦᠳ ᠢᠵᠢᠯ ᠲᠣᠭᠠᠨ ᠤ ᠦᠶᠡᠯᠡᠵᠡᠯ ᠢ ᠠᠰᠢᠭᠯᠠᠵᠤ ᠪᠠᠶ᠋ᠢᠭ᠎ᠠ ᠪᠠ K ᠨᠢ ᠲᠤᠬᠠᠢ ᠶᠢᠨ ᠰᠢᠰᠲ᠋ᠧᠮ ᠳᠦ ᠠᠰᠢᠭᠯᠠᠵᠤ ᠪᠤᠢ ᠨᠡᠶ᠋ᠢᠲᠡ ᠦᠶᠡᠯᠵᠡᠯ ᠦᠨ ᠲᠣᠭ᠎ᠠ ᠭᠡᠪᠡᠯ ᠡᠭᠦᠷ ᠪᠦᠷᠢ ᠳᠦ ᠬᠠᠷᠠᠭᠠᠯᠵᠠᠬᠤ ᠦᠶᠡᠯᠡᠵᠡᠯ ᠦᠨ ᠲᠣᠭ᠎ᠠ ᠶᠢ K/N ᠲᠣᠮᠢᠶ᠎ᠠ ᠪᠠᠷ ᠲᠣᠭᠠᠴᠠᠭᠠᠯᠠᠨ᠎ᠠ᠃

ᠵᠢᠱᠢᠶ᠎ᠡ ᠨᠢ᠄ ᠭᠠᠷ ᠤᠲᠠᠰᠤᠨ ᠤ ᠠᠬᠢᠭᠰᠠᠨ ᠲᠦᠪᠰᠢᠨ ᠦ ᠰᠦᠯᠵᠢᠶᠡᠨ ᠳᠦ K = 395᠂ N = 7 ᠪᠠᠶ᠋ᠢᠪᠠᠯ ᠡᠭᠦᠷ ᠲᠤᠰ ᠪᠦᠷᠢ ᠳᠦ ᠨᠣᠭᠳᠠᠬᠤ ᠦᠶᠡᠯᠡᠵᠡᠯ ᠦᠨ ᠲᠣᠭ᠎ᠠ ᠳᠤᠮᠳᠠᠵᠢ ᠪᠠᠷ 56 ᠪᠠᠶ᠋ᠢᠬᠤ ᠨᠢ᠃[5]

ᠡᠭᠦᠷ ᠳᠠᠮᠵᠢᠬᠤ[засварлах | кодоор засварлах]


align: top
ᠡᠭᠦᠷ ᠡᠴᠡ ᠡᠭᠦᠷ ᠲᠦ ᠵᠥᠭᠡᠯᠡᠨ ᠰᠢᠯᠵᠢᠬᠦ (soft handover) ᠦᠢᠯᠡ ᠶᠠᠪᠤᠴᠠ ‍ᠢᠢ ᠪᠦᠳᠦᠭᠦᠪᠴᠢᠯᠡᠭᠰᠡᠨ ᠳᠦᠷᠰᠦᠯᠡᠯ


ᠡᠭᠦᠷ ᠳᠠᠮᠵᠢᠬᠤ ᠪᠤᠶᠤ ᠡᠭᠦᠷᠦᠨ ᠰᠦᠯᠵᠢᠶᠡᠨ ᠦ ᠬᠡᠷᠡᠭᠯᠡᠭᠴᠢ ᠨᠢᠭᠡ ᠡᠭᠦᠷ ᠦᠨ ᠦᠢᠯᠡᠴᠢᠯᠡᠬᠦ ᠬᠦᠷᠢᠶᠡᠨ ᠡᠴᠡ ᠥᠭᠡᠷ᠎ᠡ ᠡᠭᠦᠷ ᠦᠨ ᠦᠢᠯᠡᠴᠢᠯᠡᠬᠦ ᠬᠦᠷᠢᠶᠡᠨ ᠳᠦ ᠰᠢᠯᠵᠢᠬᠦ ᠦᠶ᠎ᠡ ᠳᠦ ᠬᠣᠯᠪᠣᠭ᠎ᠠ ᠶᠢ ᠲᠠᠰᠤᠷᠠᠯᠲᠠ ᠦᠭᠡᠢ ᠦᠷᠭᠦᠯᠵᠢᠯᠡᠭᠦᠯᠬᠦ ᠦᠢᠯᠡ ᠶᠠᠪᠤᠴᠠ ᠶᠢ ᠪᠷᠢᠲ᠋ᠠᠨ ᠠᠩᠯᠢ ᠬᠡᠯᠡ ᠪᠡᠷ handover᠂ ᠠᠮᠧᠷᠢᠻ ᠠᠩᠯᠢ ᠬᠡᠯᠡ ᠪᠡᠷ handoff ᠭᠡᠰᠡᠨ ᠨᠡᠷᠡᠰᠢᠯ ᠳᠠᠪᠠᠮᠠᠭᠠᠶ᠋ᠢᠯᠠᠳᠠᠭ ᠪᠠᠶ᠋ᠢᠨ᠎ᠠ᠃ ᠮᠣᠩᠭᠤᠯ ᠤᠯᠤᠰ ‍ᠤᠨ ᠬᠠᠷᠢᠯᠴᠠᠭ᠎ᠠ ᠬᠣᠯᠪᠣᠭ᠎ᠠ᠂ ᠮᠡᠳᠡᠭᠡᠯᠡᠯ ᠦᠨ ᠲᠧᠻᠨᠣᠯᠣᠭᠢ ᠶᠢᠨ ᠭᠠᠵᠠᠷ᠂ ᠪᠦᠬᠦ ᠨᠡᠶ᠋ᠢᠲᠡ ᠶᠢᠨ ᠡᠭᠦᠷᠭᠡ ᠶᠢᠨ ᠰᠠᠩ᠂ ᠰᠢᠨᠵᠢᠯᠡᠬᠦ ᠤᠬᠠᠭᠠᠨ ᠲᠧᠻᠨᠣᠯᠣᠭᠢ ᠶᠢᠨ ᠶᠡᠬᠡ ᠰᠤᠷᠭᠠᠭᠤᠯᠢ᠂ ᠮᠣᠩᠭᠣᠯ ᠤᠯᠤᠰ ᠤᠨ ᠶᠡᠬᠡ ᠰᠤᠷᠭᠠᠭᠤᠯᠢ ᠬᠠᠮᠲᠤᠷᠠᠨ ᠬᠠᠷᠢᠯᠴᠠᠭ᠎ᠠ ᠬᠣᠯᠪᠣᠭ᠎ᠠ᠂ ᠮᠡᠳᠡᠭᠡᠯᠡᠯ ᠦᠨ ᠲᠧᠻᠨᠣᠯᠣᠭᠢ ᠶᠢᠨ ᠨᠡᠷ᠎ᠡ ᠲᠣᠮᠢᠶᠠᠨ ᠤ ᠲᠣᠯᠢ ᠪᠢᠴᠢᠭ ᠢ ᠡᠷᠬᠢᠯᠡᠨ ᠭᠠᠷᠭᠠᠭᠰᠠᠨ ᠪᠠᠶ᠋ᠢᠬᠤ ᠠᠭᠠᠳ ᠲᠡᠨᠳᠡ handover/handoff ᠭᠡᠳᠡᠭ ᠢ ᠭᠠᠷᠳᠠᠪᠤᠷᠢ ᠬᠡᠮᠡᠨ ᠣᠷᠴᠢᠭᠤᠯᠤᠨ ᠣᠨᠣᠭᠠᠭᠰᠠᠨ ᠪᠠᠶ᠋ᠢᠨ᠎ᠠ᠃ [6]
ᠬᠥᠳᠡᠯᠭᠡᠭᠡᠨᠳᠦ ᠳᠠᠮᠵᠢᠭᠤᠯᠤᠨ ᠬᠦᠯᠢᠶᠡᠨ ᠠᠪᠤᠭᠴᠢ ᠣᠯᠠᠨ ᠲᠥᠬᠥᠭᠡᠷᠦᠮᠵᠢ ᠡᠭᠦᠷᠦᠨ ᠰᠦᠯᠵᠢᠶᠡᠨ ᠳᠦ ᠲᠠᠰᠤᠷᠠᠯᠲᠠ ᠦᠭᠡᠢ ᠬᠣᠯᠪᠣᠭ᠎ᠠ ᠪᠠᠷᠢᠵᠤ ᠪᠠᠶ᠋ᠢᠬᠤ ᠶᠠᠪᠤᠴᠠ ᠳᠤ ᠪᠠᠨ ᠡᠭᠦᠷ ᠡᠴᠡ ᠡᠭᠦᠷ ᠦᠷᠦᠭᠦ ᠰᠢᠯᠵᠢᠨ ᠠᠶᠠᠯᠠᠬᠤ ᠪᠠ ᠨᠢᠭᠡ ᠡᠭᠦᠷ ᠦᠨ ᠦᠶᠡᠯᠡᠵᠡᠯ ᠡᠴᠡ ᠨᠥᠭᠥᠭᠡ ᠡᠭᠦᠷ ᠦᠨ ᠦᠶᠡᠯᠡᠵᠡᠯ ᠳᠦ ᠰᠢᠯᠵᠢᠬᠦ ᠨᠢ ᠦᠯᠦ ᠲᠠᠰᠤᠯᠳᠠᠬᠤ ᠪᠠᠶ᠋ᠢᠳᠠᠯ ᠢᠢᠠᠷ ᠴᠠᠬᠢᠮ ᠢᠢᠠᠷ ᠭᠦᠢᠴᠡᠳᠬᠡᠭᠳᠡᠨ᠎ᠡ᠃ ᠡᠶ᠋ᠢᠨᠬᠦᠦ ᠬᠥᠳᠡᠯᠭᠡᠭᠡᠨᠳᠦ ᠲᠥᠬᠥᠭᠡᠷᠦᠮᠵᠢ ᠰᠢᠨ᠎ᠡ ᠰᠤᠪᠠᠭ ᠲᠤ ᠠᠦ᠋ᠲ᠋ᠣᠮᠠᠲ ᠢᠢᠠᠷ ᠰᠢᠯᠵᠢᠵᠦ ᠬᠣᠯᠪᠣᠭ᠎ᠠ ᠦᠷᠭᠦᠯᠵᠢᠯᠡᠳᠡᠭ᠃

ᠡᠭᠦᠷᠦᠨ ᠰᠦᠯᠵᠢᠶᠡᠨ ᠦ ᠡᠭᠦᠷ ᠲᠤᠰ ᠪᠦᠷᠢ ᠳᠦ ᠮᠠᠭᠠᠳᠯᠠᠯᠲᠤ ᠵᠣᠷᠢᠯᠲᠠᠲᠤ ᠡᠭᠦᠷ ᠦᠳ ᠦᠨ ᠪᠦᠷᠢᠳᠬᠡᠯ ᠡᠭᠦᠰᠬᠡᠳᠡᠭ ᠪᠠ ᠲᠤᠬᠠᠢ ᠶᠢᠨ ᠭᠠᠷ ᠤᠲᠠᠰᠤᠨ ᠤ ᠶᠠᠷᠢᠭ᠎ᠠ ᠶᠢ ᠲᠤᠬᠠᠢ ᠶᠢᠨ ᠡᠭᠦᠷ ᠡᠴᠡ ᠥᠭᠡᠷ᠎ᠡ ᠡᠭᠦᠷ ᠲᠦ ᠰᠢᠯᠵᠢᠭᠦᠯᠬᠦ ᠳᠦ ᠪᠡᠨ ᠲᠡᠷᠡᠭᠦᠦ ᠪᠦᠷᠢᠳᠬᠡᠯ ᠢ ᠠᠰᠢᠭᠯᠠᠳᠠᠭ᠃ ᠲᠤᠬᠠᠢ ᠶᠢᠨ ᠡᠭᠦᠷ ᠲᠦ ᠬᠠᠷᠠᠭᠠᠯᠵᠠᠬᠤ ᠪᠦᠷᠢᠳᠬᠡᠯ ᠡᠭᠦᠰᠬᠡᠬᠦ ᠶᠢᠨ ᠲᠤᠯᠠᠳᠠ ᠲᠤᠰᠬᠠᠶ᠋ᠢᠯᠠᠭᠰᠠᠨ ᠻᠣᠮᠫᠢᠶᠦ᠋ᠲ᠋ᠧᠷ ᠬᠡᠷᠡᠭᠯᠡᠭᠳᠡᠬᠦᠨ ᠨᠦᠭᠦᠳ ᠲᠣᠳᠣᠷᠬᠠᠢ ᠠᠯᠭᠣᠷᠢᠲ᠋ᠮ ᠠᠰᠢᠭᠯᠠᠬᠤ ᠪᠠ ᠴᠢᠩᠭᠢᠬᠦ ᠳᠦ ᠪᠡᠨ ᠲᠠᠯᠠᠪᠠᠢ ᠶᠢᠨ ᠬᠡᠮᠵᠢᠯᠲᠡ ᠶᠢᠨ ᠥᠭᠭᠥᠭᠳᠡᠯ ᠮᠡᠳᠡᠭᠡᠯᠡᠯ᠂ ᠲᠤᠬᠠᠢ ᠶᠢᠨ ᠬᠠᠮᠤᠷᠤᠭᠰᠠᠨ ᠡᠭᠦᠷ ᠦᠳ ᠦᠨ ᠨᠤᠲᠤᠭ ᠳᠡᠪᠢᠰᠬᠡᠷ ᠳ᠋ᠡᠬᠢ ᠷᠠᠳᠢᠣ᠋ ᠳᠣᠯᠭᠢᠶᠠᠨ ᠤ ᠲᠠᠷᠬᠠᠯᠲᠠ ᠶᠢᠨ ᠤᠷᠢᠳᠴᠢᠯᠠᠭᠰᠠᠨ ᠲᠣᠭᠠᠴᠠᠭᠠᠯᠠᠯ ᠵᠡᠷᠭᠡ ᠶᠢ ᠲᠦᠰᠢᠭᠯᠡᠨ᠎ᠡ᠃

ᠳᠠᠭᠤᠳᠠᠯᠭ᠎ᠠ᠂ ᠶᠠᠷᠢᠶᠠᠨ ᠤ ᠦᠶ᠎ᠡ ᠪᠡᠷ ᠥᠭᠡᠷ ‍ᠡ᠋ ᠡᠭᠦᠷ ᠲᠦ ᠰᠢᠯᠵᠢᠭᠦᠯᠬᠦ ᠱᠠᠭᠠᠷᠳᠠᠯᠭ᠎ᠠ ᠲᠠᠢ ᠡᠰᠡᠬᠦ ᠶᠢ ᠲᠣᠳᠣᠷᠬᠠᠶ᠋ᠢᠯᠠᠬᠤ ᠡᠭᠦᠳᠡᠨ ᠡᠴᠡ ᠲᠤᠬᠠᠢ ᠶᠢᠨ ᠡᠬᠢ ᠡᠭᠦᠷ ᠦᠨ ᠰᠤᠪᠠᠭ ᠳ᠋ᠠᠬᠢ ᠳᠣᠬᠢᠶᠠᠨ ᠤ (signal) ᠨᠢᠭᠡ ᠪᠤᠶᠤ ᠣᠯᠠᠨ ᠦᠵᠡᠭᠦᠯᠦᠯᠲᠡ ᠶᠢ ᠠᠵᠢᠭᠯᠠᠨ ᠬᠢᠨᠠᠵᠤ᠂ ᠦᠨᠡᠯᠡᠭᠡ ᠬᠢᠵᠦ ᠪᠠᠶ᠋ᠢᠳᠠᠭ᠃ ᠭᠠᠷᠳᠠᠪᠤᠷᠢ ᠪᠤᠶᠤ ᠰᠢᠯᠵᠢᠭᠦᠯᠭᠡ ᠦᠢᠯᠡᠳᠬᠦ ᠬᠦᠰᠡᠯᠲᠡ ᠶᠢ ᠲᠤᠬᠠᠢ ᠶᠢᠨ ᠭᠠᠷ ᠤᠲᠠᠰᠤ ᠪᠤᠶᠤ ᠬᠥᠳᠡᠯᠭᠡᠭᠡᠨᠳᠦ ᠲᠥᠬᠥᠭᠡᠷᠦᠮᠵᠢ᠂ ᠡᠰᠡᠪᠡᠯ ᠡᠬᠢ ᠡᠭᠦᠷ ᠦᠨ ᠰᠠᠭᠤᠷᠢ ᠰᠲ᠋ᠠᠨ᠍ᠼ᠂ ᠵᠠᠷᠢᠮ ᠰᠢᠰᠲ᠋ᠧᠮ ᠳᠦ ᠬᠥᠷᠰᠢ ᠡᠭᠦᠷ ᠦᠨ ᠰᠠᠭᠤᠷᠢ ᠰᠲ᠋ᠠᠨ᠍ᠼ ᠰᠠᠴᠤᠵᠤ ᠪᠣᠯᠤᠨ᠎ᠠ᠃

ᠬᠥᠳᠡᠯᠭᠡᠭᠡᠨᠳᠦ ᠲᠥᠬᠥᠭᠡᠷᠦᠮᠵᠢ ᠪᠠ ᠬᠥᠷᠰᠢ ᠵᠡᠷᠭᠡᠯᠡᠳᠡᠭᠡ ᠡᠭᠦᠷ ᠦᠳ ᠦᠨ ᠰᠠᠭᠤᠷᠢ ᠰᠲ᠋ᠠᠨ᠍ᠼᠢ ᠨᠤᠭᠤᠳ ᠬᠠᠷᠢᠯᠴᠠᠨ ᠪᠡᠶ᠎ᠡ ᠪᠡᠶ᠎ᠡ ᠶᠢᠨ ᠳᠣᠯᠭᠢᠶᠠᠨ᠂ ᠳᠣᠬᠢᠶ᠎ᠠ ᠶᠢ ᠬᠢᠨᠠᠨ ᠠᠵᠢᠭᠯᠠᠵᠤ᠂ ᠬᠥᠷᠰᠢ ᠡᠭᠦᠷ ᠦᠳ ᠡᠴᠡ ᠬᠠᠮᠤᠭ ᠤᠨ ᠲᠣᠬᠢᠷᠠᠮᠵᠢ ᠲᠠᠢ ᠶᠢ ᠰᠣᠩᠭᠣᠳᠠᠭ᠃ ᠵᠠᠷᠢᠮ ᠰᠢᠰᠲ᠋ᠧᠮ ᠳᠦ᠂ ᠢᠯᠠᠩᠭᠤᠶ᠎ᠠ CDMA ᠳ᠋ᠤ᠂ ᠵᠡᠷᠭᠡᠯᠡᠳᠡᠭᠡ ᠡᠭᠦᠷ ᠦᠨ ᠪᠦᠷᠢᠳᠬᠡᠯ ᠳᠦ ᠪᠠᠭᠳᠠᠭᠠᠳᠦᠢ ᠡᠭᠦᠷ ᠢ ᠰᠣᠩᠭᠣᠵᠤ ᠪᠣᠯᠳᠠᠭ᠃ ᠡᠨᠡ ᠨᠢ ᠣᠶ᠋ᠢᠷ᠎ᠠ \ᠬᠣᠯᠠ ᠶᠢᠨ ᠨᠥᠯᠦᠭᠡᠨ ᠡᠴᠡ ᠰᠢᠯᠲᠠᠭᠠᠯᠠᠭᠰᠠᠨ ᠰᠠᠭᠠᠳ ᠡᠭᠦᠰᠬᠦ ᠮᠠᠭᠠᠳᠯᠠᠯ ᠢ ᠪᠠᠭᠤᠷᠠᠭᠤᠯᠬᠤ ᠵᠣᠷᠢᠯᠭ᠎ᠠ ᠲᠠᠢ᠃

ᠬᠠᠲᠠᠭᠤ ᠭᠠᠷᠳᠠᠪᠤᠷᠢ ᠪᠤᠶᠤ hard handover ᠦᠢᠯᠡᠳᠦᠯ ᠢ ᠬᠡᠷᠡᠭᠵᠢᠭᠦᠯᠬᠦ ᠦᠶ᠎ᠡ ᠳᠦ ᠵᠣᠷᠢᠯᠲᠠᠲᠤ ᠡᠭᠦᠷ ᠲᠡᠢ ᠬᠣᠯᠪᠤᠭᠳᠠᠭᠰᠠᠨ ᠤ ᠳᠠᠷᠠᠭ᠎ᠠ ᠪᠤᠶᠤ ᠬᠣᠯᠪᠣᠭᠳᠠᠬᠤ ᠦᠶ᠎ᠡ ᠳᠦ ᠡᠮᠦᠨᠡᠬᠢ ᠡᠭᠦᠷ ᠲᠡᠢ ᠬᠣᠯᠪᠣᠭ᠎ᠠ ᠲᠠᠰᠤᠷᠠᠳᠠᠭ᠃[7]
ᠵᠥᠭᠡᠯᠡᠨ ᠭᠠᠷᠳᠠᠪᠤᠷᠢ ᠪᠤᠶᠤ soft handover ᠦᠢᠯᠡᠳᠦᠯ ᠢ ᠬᠡᠷᠡᠭᠵᠢᠭᠦᠯᠬᠦ ᠦᠶ᠎ᠡ ᠳᠦ ᠵᠣᠷᠢᠯᠲᠠᠲᠤ ᠡᠭᠦᠷ ᠲᠡᠢ ᠬᠣᠯᠪᠤᠭᠳᠠᠭᠰᠠᠨ ᠤ ᠳᠠᠷᠠᠭ᠎ᠠ ᠴᠤ ᠡᠮᠦᠨᠡᠬᠢ ᠡᠭᠦᠷ ᠲᠡᠢ ᠬᠣᠯᠪᠣᠭ᠎ᠠ ᠲᠠᠰᠤᠷᠠᠬᠤ ᠦᠭᠡᠢ᠂ ᠲᠣᠳᠣᠷᠬᠠᠢ ᠬᠤᠭᠤᠴᠠᠭᠠᠨ ᠳᠤ ᠬᠠᠳᠠᠭᠠᠯᠠᠭᠳᠠᠵᠤ ᠪᠠᠶ᠋ᠢᠳᠠᠭ᠃ ᠥᠭᠡᠷ᠎ᠡ ᠪᠡᠷ ᠬᠡᠯᠡᠪᠡᠯ ᠡᠬᠢ ᠡᠭᠦᠷ ᠲᠡᠢ ᠬᠣᠯᠪᠣᠭ᠎ᠠ ᠲᠠᠰᠤᠷᠠᠬᠤ ᠠᠴᠠ ᠡᠮᠦᠨ᠎ᠡ ᠵᠣᠷᠢᠯᠲᠠᠲᠤ ᠡᠭᠦᠷ ᠲᠡᠢ ᠬᠣᠯᠪᠣᠯᠲᠠ ᠬᠢᠭᠳᠡᠳᠡᠭ᠃ ᠡᠨᠡ ᠨᠢ ᠦᠢᠯᠡᠴᠢᠯᠡᠭᠡ ᠶᠢ ᠢᠯᠡᠭᠦᠦ ᠨᠠᠶ᠋ᠢᠳᠠᠪᠤᠷᠢᠲᠠᠢ ᠪᠣᠯᠭᠠᠬᠤ ᠵᠣᠷᠢᠯᠭ᠎ᠠ ᠲᠠᠢ᠂ ᠲᠡᠭᠦᠨᠴᠢᠯᠡᠨ ᠡᠭᠦᠷᠦᠨ ᠰᠦᠯᠵᠢᠶ᠎ᠡ ᠨᠢᠭᠲᠠ ᠬᠠᠮᠤᠷᠤᠭᠠᠳᠦᠢ ᠨᠤᠲᠤᠭ ᠳᠡᠪᠢᠰᠬᠡᠷ ᠲᠦ ᠨᠡᠩ ᠦᠷ᠎ᠡ ᠳ᠋ᠦᠩ ᠲᠡᠢ ᠪᠠᠢᠢᠳᠠᠭ᠃[7]

ᠬᠥᠳᠡᠯᠭᠡᠭᠡᠨᠲᠦ ᠲᠥᠬᠦᠭᠡᠷᠦᠮᠵᠢ[засварлах | кодоор засварлах]


align: top
ᠡᠪᠬᠡᠭᠳᠡᠳᠡᠭ ᠭᠠᠷ ᠤᠲᠠᠰᠤ᠃ ᠭᠠᠯᠠᠻᠰᠡᠢ ᠽ ᠹ᠊ᠯᠢᠫ 3 (Galaxy Z Flip3) ᠵᠠᠭᠪᠤᠷ᠂ 2021 ᠣᠨ᠃


ᠡᠭᠦᠷᠦᠨ ᠲᠧᠭᠨᠣᠯᠣᠭᠢ ᠶᠢᠨ ᠳᠡᠳ᠋ ᠪᠦᠲᠦᠴᠡ ᠶᠢ ᠪᠦᠷᠢᠳᠦᠭᠦᠯᠦᠭᠴᠢ ᠡᠭᠦᠷ ᠦᠳ ᠨᠢ ᠬᠠᠮᠲᠤ ᠳ᠋ᠤ ᠪᠠᠨ ᠨᠡᠶ᠋ᠢᠯᠡᠭᠡᠳ ᠭᠠᠵᠠᠷ ᠵᠦᠢ ᠶᠢᠨ ᠥᠷᠭᠡᠨ ᠠᠭᠤᠳᠠᠮ ᠣᠷᠣᠨ ᠵᠠᠢ ᠶᠢ ᠬᠠᠮᠤᠷᠤᠨ᠎ᠠ᠃ ᠢᠩᠭᠢᠭᠰᠡᠨ ᠢᠢᠡᠷ ᠣᠯᠠᠨ ᠲᠣᠭᠠᠨ ᠤ ᠶᠠᠪᠤᠭᠤᠯ ᠤᠨ ᠳᠠᠮᠵᠢᠭᠤᠯᠤᠨ ᠬᠦᠯᠢᠶᠡᠨ ᠠᠪᠤᠭᠴᠢ ᠨᠤᠭᠤᠳ ᠬᠣᠭᠣᠷᠣᠨᠳᠣ ᠪᠠᠨ ᠪᠣᠯᠤᠨ ᠲᠤᠬᠠᠢ ᠶᠢᠨ ᠰᠦᠯᠵᠢᠶᠡᠨ ᠳ᠋ᠡᠬᠢ ᠰᠠᠭᠤᠷᠢᠨ ᠳᠠᠮᠵᠢᠭᠤᠯᠤᠨ ᠬᠦᠯᠢᠶᠡᠨ ᠠᠪᠤᠭᠴᠢ᠂ ᠤᠲᠠᠰᠤᠨ ᠨᠤᠭᠤᠳ ᠲᠠᠢ ᠬᠠᠷᠢᠯᠴᠠᠬᠤ ᠪᠣᠯᠤᠮᠵᠢ ᠪᠦᠷᠢᠳᠳᠡᠭ᠃ ᠰᠠᠭᠤᠷᠢ ᠰᠲ᠋ᠠᠨ᠍ᠼ ᠤᠳ ᠢᠢᠠᠷ ᠳᠠᠮᠵᠢᠨ ᠡᠨᠡᠬᠦ ᠬᠣᠯᠪᠣᠭ᠎ᠠ ᠬᠠᠷᠢᠯᠴᠠᠭ᠎ᠠ ᠬᠡᠷᠡᠭᠵᠢᠳᠡᠭ ᠠᠭᠠᠳ ᠬᠥᠳᠡᠯᠭᠡᠭᠡᠨᠳᠦ ᠳᠠᠮᠵᠢᠭᠤᠯᠤᠨ ᠬᠦᠯᠢᠶᠡᠨ ᠠᠪᠤᠭᠴᠢ ᠬᠣᠯᠪᠣᠭ᠎ᠠ ᠪᠠᠷᠢᠵᠤ ᠪᠠᠶ᠋ᠢᠬᠤ ᠦᠶ᠎ᠡ ᠳᠦ ᠡᠭᠦᠷ ᠡᠴᠡ ᠡᠭᠦᠷ ᠲᠦ ᠳᠠᠮᠵᠢᠨ ᠬᠥᠳᠡᠯᠵᠦ ᠪᠠᠶ᠋ᠢᠪᠠ ᠴᠤ ᠲᠠᠰᠤᠷᠠᠯᠲᠠ ᠦᠭᠡᠢ ᠬᠠᠷᠢᠯᠴᠠᠨ᠎ᠠ᠃ ᠬᠥᠳᠡᠯᠭᠡᠭᠡᠨᠳᠦ ᠳᠠᠮᠵᠢᠭᠤᠯᠤᠨ ᠬᠦᠯᠢᠶᠡᠨ ᠠᠪᠤᠭᠴᠢ ᠨᠢ ᠭᠠᠷ ᠤᠲᠠᠰᠤ᠂ ᠲᠠᠪᠯᠧᠲtablet᠂ ᠵᠥᠭᠡᠭᠡᠪᠦᠷᠢ ᠶᠢᠨ ᠴᠠᠬᠢᠮ ᠲᠣᠭᠠᠴᠠᠭᠠᠯᠠᠭᠤᠷ ᠭᠡᠬᠦ ᠵᠡᠷᠭᠡ ᠲᠥᠬᠥᠭᠡᠷᠦᠮᠵᠢ ᠪᠠᠶ᠋ᠢᠵᠤ ᠪᠣᠯᠬᠤ ᠪᠠ ᠲᠡᠳᠡᠭᠡᠷ ᠨᠢ ᠮᠣᠳᠧᠮmodem᠂ ᠡᠰᠡᠪᠡᠯ ᠫᠡᠢᠢᠵᠧᠷ ᠢᠢᠡᠷ ᠲᠣᠨᠣᠭᠯᠠᠭᠳᠠᠭᠰᠠᠨ ᠪᠠᠶ᠋ᠢᠨ᠎ᠠ᠃


ᠶᠠᠪᠤᠭᠤᠯ ‍ᠤᠨ ᠲᠥᠬᠦᠭᠡᠷᠡᠮᠵᠢ ᠨᠤᠭᠦᠳ ᠨᠢ ᠬᠥᠳᠡᠯᠭᠡᠭᠡᠨᠳᠦ ᠦᠢᠯᠡᠳᠡᠯ ᠦ᠋ᠨ ᠰᠢᠰᠲ᠋ᠧᠮ ᠦ᠋ᠨ ᠲᠤᠰᠠᠯᠠᠮᠵᠢ ᠲᠠᠢ ᠠᠵᠢᠯᠯᠠᠨ᠎ᠠ᠃ ᠦᠢᠯᠡᠳᠡᠯ ᠦ᠋ᠨ ᠰᠢᠰᠲ᠋ᠧᠮ ᠨᠢ ᠭᠤᠷᠪᠠ ᠳ᠋ᠠᠬᠢ ᠲᠠᠯ᠎ᠠ ᠢᠢᠨ ᠬᠡᠷᠡᠭᠯᠡᠭᠡᠨ ᠦ ᠫᠷᠣᠭ᠌ᠷᠠᠮ ᠰᠠᠭᠤᠯᠭᠠᠬᠤ᠂ ᠠᠵᠢᠯᠯᠠᠭᠤᠯᠬᠤ ᠪᠣᠯᠤᠮᠵᠢ ᠪᠦᠷᠢᠳᠦᠭᠦᠯᠳᠡᠭ᠃[8]
ᠬᠠᠮᠤᠭ ‍ᠤᠨ ᠲᠦᠭᠡᠭᠡᠮᠡᠯ ᠬᠡᠷᠡᠭᠯᠡᠭᠳᠡᠳᠡᠭ ᠬᠥᠳᠡᠯᠭᠡᠭᠡᠨᠳᠦ ᠦᠢᠯᠡᠳᠡᠯ ᠦ᠋ᠨ ᠰᠢᠰᠲ᠋ᠧᠮ ᠦᠳ᠄
Android

iOS

KaiOS

Windows

BlackBerry

Symbian


ᠡᠭᠦᠷᠦᠨ ᠰᠦᠯᠵᠢᠶᠡᠨ ᠳ᠋ᠦ ᠳᠠᠷᠠᠭᠠᠬᠢ ᠬᠥᠳᠡᠯᠭᠡᠭᠡᠨᠳᠦ ᠲᠥᠬᠦᠭᠡᠷᠡᠮᠵᠢ ᠨᠤᠭᠦᠳ ᠠᠵᠢᠯᠯᠠᠳᠠᠭ᠄

* ᠵᠥᠭᠡᠭᠡᠪᠦᠷᠢ ‍ᠢᠢᠨ ᠻᠣᠮᠫᠢᠶᠦ᠋ᠲ᠋ᠧᠷ᠂ ᠲᠠᠪᠯᠧᠲ᠂ ᠲᠣᠭᠯᠠᠭᠠᠮ ‍ᠤᠨ ᠻᠣᠨ᠍ᠰᠥᠯ ᠭᠡᠬᠦ ᠮᠡᠲᠦ

* ᠭᠠᠷ ᠤᠲᠠᠰᠤ᠂ ᠤᠬᠠᠭᠠᠯᠢᠭ ᠤᠲᠠᠰᠤ ᠭᠡᠬᠦ ᠮᠡᠲᠦ

* ᠲᠣᠭᠠᠨ (digital) ᠻᠠᠮᠧᠷ

* ᠫᠧᠢᠢᠵᠧᠷ (pager)

* ᠵᠠᠮ ᠵᠢᠭᠠᠬᠤ᠂ ᠪᠠᠢᠢᠷᠢᠰᠢᠯ ᠲᠣᠭᠲᠠᠭᠠᠬᠤ ᠲᠥᠬᠦᠭᠡᠷᠦᠮᠵᠢ (navigation device)

ᠡᠮᠦᠰᠬᠦ ᠵᠡᠭᠦᠬᠦ (wearable) ᠻᠣᠮᠫᠢᠶᠦ᠋ᠲ᠋ᠧᠷ ᠪᠣᠯᠬᠤ ᠤᠬᠠᠭᠠᠯᠢᠭ ᠲᠣᠭᠠᠴᠠᠭᠠᠯᠠᠭᠤᠷ (calculator), ᠤᠬᠠᠭᠠᠯᠢᠭ ᠨᠢᠳᠦᠨ ‍ᠦ ᠰᠢᠯᠢ ᠭᠡᠬᠦ ᠮᠡᠲᠦ

ᠤᠬᠠᠭᠠᠯᠢᠭ ᠻᠠᠷᠲ

ᠨᠡᠷ᠎ᠡ ᠲᠣᠮᠢᠶᠠᠯᠠᠯ[засварлах | кодоор засварлах]

ᠬᠥᠳᠡᠯᠭᠡᠭᠡᠨᠲᠦ ᠲᠥᠬᠥᠭᠡᠷᠦᠮᠵᠢ - mobile device

ᠬᠣᠯᠪᠣᠭ᠎ᠠ - contact, communication

ᠳᠠᠮᠵᠢᠭᠤᠯᠤᠨ ᠬᠦᠯᠢᠶᠡᠨ ᠠᠪᠤᠭᠴᠢ - transceiver

ᠡᠭᠦᠷᠦᠨ ᠰᠦᠯᠵᠢᠶ᠎ᠡ - cellular netweork

ᠭᠠᠷ ᠤᠲᠠᠰᠤ - mobile phone

ᠦᠶᠡᠯᠵᠡᠯ ᠳᠠᠪᠲᠠᠨ ᠠᠰᠢᠭᠯᠠᠬᠤ - frequency reuse

ᠰᠠᠭᠤᠷᠢ ᠰᠲ᠋ᠠᠨ᠍ᠼ - base station

ᠦᠢᠯᠡᠳᠡᠯ ᠦ᠋ᠨ ᠰᠢᠰᠲ᠋ᠧᠮ - operating system

ᠬᠡᠷᠡᠭᠯᠡᠭᠡᠨ ᠦ ᠫᠷᠣᠭ᠌ᠷᠠᠮ - application

ᠰᠤᠪᠠᠭ - channel

ᠰᠠᠭᠠᠳ - inerference

ᠴᠢᠭᠯᠡᠭᠰᠡᠨ ᠠᠨ᠍ᠲ᠋ᠧᠨ - ddirectional antenna

ᠷᠠᠳᠢᠣ᠋ ᠳᠣᠬᠢᠶ᠎ᠠ - radio signal

ᠭᠠᠷᠳᠠᠪᠤᠷᠢ - handover, handoff

ᠡᠭᠦᠷ ᠳᠠᠮᠵᠢᠬᠤ - handover, handoff

ᠵᠣᠷᠢᠯᠲᠠᠲᠤ ᠡᠭᠦᠷ - target cell

ᠡᠬᠢ ᠡᠭᠦᠷ - source cell



ᠡᠬᠢ ᠰᠤᠷᠪᠤᠯᠵᠢ[засварлах | кодоор засварлах]

  1. Mobile Networks explained. EMF explained ᠬᠠᠨᠳᠤᠭᠰᠠᠨ 2022/12/14. https://www.emfexplained.info/?ID=25196
  2. Cellular Telephone Basics. Privateline 2012/04/07. https://web.archive.org/web/20120417220750/http://www.privateline.com/Cellbasics/Cellbasics02.html
  3. Cellular radiotelephone system structured for flexible use of different cell sizes. US4144411A United States Patent. Published on 1979/03/13. https://patents.google.com/patent/US4144411
  4. Principles of cellular frequency reuse. Wireless Communication. ᠬᠠᠨᠳᠤᠭᠰᠠᠨ 2020/03/22. http://www.wirelesscommunication.nl/reference/chaptr04/cellplan/reuse.htm
  5. 5.0 5.1 Cellular Wireless Networks. Tutorials Point. ᠬᠠᠨᠳᠳᠤᠭᠰᠠᠨ 2022/12/22᠃ https://www.tutorialspoint.com/wireless_communication/wireless_communication_cellular_networks.htm
  6. ᠨᠡᠷ᠎ᠡ ᠲᠣᠮᠢᠶ᠎ᠠ᠃ ᠴᠠᠬᠢᠮ ᠬᠥᠭᠵᠢᠯ᠂ ᠬᠠᠷᠢᠯᠴᠠᠭ᠎ᠠ ᠬᠣᠯᠪᠤᠭᠠᠨ ᠤ ᠶᠠᠮᠤᠨ᠃ ᠬᠠᠨᠳᠤᠭᠰᠠᠨ 2022/12/22᠃ https://mddc.gov.mn/mn/%D0%BD%D1%8D%D1%80-%D1%82%D0%BE%D0%BC%D1%8A%D1%91%D0%BE
  7. 7.0 7.1 Handover. Simbase. ᠬᠠᠨᠳᠤᠭᠰᠠᠨ 2022/12/22. https://www.simbase.com/iot-glossary-dictionary/handover
  8. Colin Steele. Mobile Operating System. TechTarget 2020/03. https://www.techtarget.com/searchmobilecomputing/definition/mobile-operating-system