ᠡᠭᠦᠷᠦᠨ ᠲᠧᠻᠨᠣᠯᠣᠭᠢ

Wikibilig-с
06:06, 14 Арванхоёрдугаар сар 2022-ий байдлаарх Ononbilig (яриа | оруулсан хувь нэмэр) хэрэглэгчийн хийсэн залруулга

ᠬᠥᠳᠡᠯᠭᠡᠭᠡᠨᠲᠦ ᠲᠥᠬᠥᠭᠡᠷᠦᠮᠵᠢ ᠨᠦᠭᠦᠳ ᠦᠨ ᠬᠣᠯᠪᠣᠭ᠎ᠠ ᠶᠢ ᠳᠡᠮᠵᠢᠬᠦ ᠰᠦᠯᠵᠢᠶᠡᠨ ᠦ ᠲᠧᠭᠨᠣᠯᠣᠭᠢ ᠶᠢ ᠡᠭᠦᠷᠦᠨ ᠲᠧᠭᠨᠣᠯᠣᠭᠢ ᠭᠡᠨ᠎ᠡ᠃ ᠲᠡᠷᠬᠡᠦ ᠬᠣᠯᠪᠣᠭ᠎ᠠ ᠨᠢ ᠡᠭᠦᠷ ᠦᠳ (cells) ᠪᠠ ᠳᠠᠮᠵᠢᠭᠤᠯᠤᠨ ᠬᠦᠯᠢᠶᠡᠨ ᠠᠪᠤᠭᠴᠢ ᠨᠤᠭᠤᠳ (transceivers) ᠪᠦᠬᠦᠢ ᠲᠠᠯᠠᠪᠠᠢ᠂ ᠨᠤᠲᠤᠭ ᠳᠡᠪᠢᠰᠬᠡᠷ ᠢ ᠬᠠᠮᠤᠷᠴᠤ ᠶᠠᠪᠤᠭᠳᠠᠨ᠎ᠠ᠃ ᠡᠭᠦᠷᠦᠨ ᠰᠦᠯᠵᠢᠶᠡᠨ ᠳᠦ ᠬᠠᠮᠤᠭ ᠤᠨ ᠲᠦᠭᠡᠮᠡᠯ ᠬᠡᠷᠡᠭᠯᠡᠳᠡᠭ ᠬᠥᠳᠡᠯᠭᠡᠭᠡᠨᠲᠦ ᠳᠠᠮᠵᠢᠭᠤᠯᠤᠨ ᠬᠦᠯᠢᠶᠡᠨ ᠠᠪᠤᠭᠴᠢ ᠨᠢ ᠭᠠᠷ ᠤᠲᠠᠰᠤ ᠪᠤᠶᠤ ᠡᠭᠦᠷᠦᠨ ᠤᠲᠠᠰᠤ ᠶᠤᠮ᠃

align: top
ᠡᠭᠦᠷᠦᠨ ᠬᠣᠯᠪᠤᠭᠠᠨ ‍ᠤ 5G ᠲᠧᠻᠨᠣᠯᠣᠭᠢ ‍ᠳᠤ ᠵᠣᠷᠢᠭᠤᠯᠤᠭᠰᠠᠨ ᠥᠨᠳᠦᠷᠯᠢᠭ



ᠳᠡᠳ᠋ ᠪᠦᠲᠦᠴᠡ


align: top
ᠡᠭᠦᠷᠦᠨ ᠬᠣᠯᠪᠤᠭᠠᠨ ᠳ᠋ᠤ ᠦᠶᠡᠯᠵᠡᠯ ᠳᠠᠪᠲᠠᠨ ᠠᠰᠢᠭᠯᠠᠬᠤ ᠭᠠᠯᠪᠢᠷ


ᠡᠭᠦᠷᠦᠨ ᠰᠦᠯᠵᠢᠶᠡᠨ ᠳᠦ ᠬᠠᠮᠤᠷᠤᠭᠳᠠᠬᠤ ᠨᠤᠲᠤᠭ ᠳᠡᠪᠢᠰᠬᠡᠷ ᠨᠢ ᠡᠭᠦᠷ ᠦᠳ ᠲᠦ ᠬᠤᠪᠢᠶᠠᠭᠳᠠᠨ᠎ᠠ᠃ ᠡᠭᠦᠷ ᠦᠳ ᠨᠢ ᠶᠡᠷᠦᠩᠬᠡᠢ ᠳᠦ ᠪᠡᠨ ᠳᠤᠭᠤᠢ ᠬᠡᠯᠪᠡᠷᠢ ᠲᠡᠢ ᠪᠣᠯᠪᠠᠴᠤ ᠵᠠᠬ᠎ᠠ ᠬᠡᠰᠡᠭ ᠢᠢᠡᠷ ᠢᠢᠡᠨ ᠳᠠᠪᠬᠤᠴᠠᠬᠤ ᠲᠤᠯᠠ ᠵᠡᠷᠭᠡᠯᠡᠳᠡᠭᠡ ᠡᠭᠦᠷ ᠦᠳ ᠵᠢᠷᠭᠤᠭᠠᠨ ᠥᠨᠴᠥᠭᠲᠦ ᠬᠡᠯᠪᠡᠷᠢᠲᠡᠢ ᠪᠣᠯᠤᠨ᠎ᠠ᠃ ᠡᠶ᠋ᠢᠨᠬᠦᠦ ᠵᠥᠭᠡᠢ ᠶᠢᠨ ᠡᠭᠦᠷ ᠮᠡᠲᠦ ᠬᠡᠯᠪᠡᠷᠢᠲᠡᠢ ᠪᠦᠲᠦᠴᠡ ᠪᠤᠢ ᠪᠣᠯᠬᠤ ᠲᠤᠯᠠ ᠡᠭᠦᠷᠦᠨ ᠰᠦᠯᠵᠢᠶ᠎ᠡ ᠭᠡᠵᠦ ᠨᠡᠷᠡᠰᠢᠭᠰᠡᠨ᠃

ᠡᠭᠦᠷ ᠲᠤᠰ ᠪᠦᠷᠢ ᠳᠦ ᠨᠠᠭᠠᠨᠠᠳᠠᠵᠤ ᠨᠢᠭᠡ ᠳᠠᠮᠵᠢᠭᠤᠯᠤᠨ ᠬᠦᠯᠢᠶᠡᠨ ᠠᠪᠤᠭᠴᠢ ᠪᠤᠶᠤ ᠰᠠᠭᠤᠷᠢ ᠰᠲ᠋ᠠᠨ᠍ᠼ ᠠᠵᠢᠯᠯᠠᠨ᠎ᠠ᠃

ᠰᠠᠭᠤᠷᠢ ᠰᠲ᠋ᠠᠨ᠍ᠼ ᠪᠦᠬᠦᠨ ᠳᠦ ᠬᠥᠳᠡᠯᠭᠡᠭᠡᠨ ᠳᠦ ᠲᠥᠬᠦᠭᠡᠷᠦᠮᠵᠢ ᠲᠡᠢ ᠬᠣᠯᠪᠣᠭᠳᠠᠬᠤ ᠬᠡᠳᠦ ᠬᠡᠳᠦᠨ ᠷᠠᠳᠢᠣ᠋ ᠰᠤᠪᠠᠭ ᠪᠤᠶᠤ ᠦᠶᠡᠯᠵᠡᠯ ᠢ ᠣᠨᠣᠭᠠᠭᠰᠠᠨ ᠪᠠᠶ᠋ᠢᠳᠠᠭ᠃[1] ᠲᠤᠬᠠᠢ ᠶᠢᠨ ᠡᠭᠦᠷ ᠦᠨ ᠰᠠᠭᠤᠷᠢ ᠰᠲ᠋ᠠᠨ᠍ᠼ ᠨᠢ ᠵᠡᠷᠭᠡᠯᠡᠳᠡᠭᠡ ᠡᠭᠦᠷ ᠲᠡᠢ ᠬᠠᠷᠢᠯᠴᠠᠨ ᠰᠥᠷᠭᠦ ᠨᠥᠯᠥᠭᠡ᠂ ᠰᠠᠭᠠᠳ ᠡᠭᠦᠰᠬᠡᠬᠦ ᠡᠴᠡ ᠵᠠᠶ᠋ᠢᠯᠠᠰᠬᠢᠬᠦ᠂ ᠨᠠᠶ᠋ᠢᠳᠠᠪᠤᠷᠢᠲᠠᠢ᠂ ᠴᠢᠨᠠᠷᠲᠠᠢ ᠬᠣᠯᠪᠣᠭ᠎ᠠ ᠪᠠᠷ ᠬᠠᠩᠭᠠᠬᠤ ᠡᠭᠦᠳᠡᠨ ᠡᠴᠡ ᠬᠥᠷᠰᠢ ᠡᠭᠦᠷ ᠦᠨ ᠬᠢ ᠡᠴᠡ ᠢᠯᠭᠠᠭ᠎ᠠ ᠲᠠᠢ ᠦᠶᠡᠯᠡᠵᠡᠯ ᠦᠳ ᠦᠨ ᠪᠠᠭᠴᠠ ᠶᠢ ᠠᠰᠢᠭᠯᠠᠳᠠᠭ᠃ ᠠᠰᠢᠭᠯᠠᠵᠤ ᠪᠣᠯᠬᠤ ᠦᠶᠡᠯᠡᠵᠡᠯ ᠦᠨ ᠲᠣᠭ᠎ᠠ ᠬᠢᠵᠠᠭᠠᠷ ᠲᠠᠢ ᠲᠤᠯᠠ ᠦᠶᠡᠯᠡᠵᠡᠯ ᠢ ᠥᠭᠡᠷ᠎ᠡ ᠡᠭᠦᠷ ᠦᠳ ᠲᠦ ᠳᠠᠪᠲᠠᠨ ᠠᠰᠢᠭᠯᠠᠬᠤ ᠪᠣᠯᠳᠠᠭ᠃ ᠭᠡᠬᠦ ᠳᠦ ᠪᠡᠨ ᠵᠡᠷᠭᠡᠯᠡᠳᠡᠭᠡ ᠡᠭᠦᠷ ᠦᠳ ᠲᠦ ᠠᠳᠠᠯᠢ ᠦᠶᠡᠯᠡᠵᠡᠯ ᠠᠰᠢᠭᠯᠠᠬᠤ ᠦᠭᠡᠢ᠃

ᠡᠭᠦᠷ ᠨᠢ ᠦᠶᠡᠯᠡᠵᠡᠯ ᠲᠤᠰ ᠪᠦᠷᠢ ᠳᠦ ᠬᠠᠷᠠᠭᠠᠯᠵᠠᠬᠤ ᠳᠠᠮᠵᠢᠭᠤᠯᠤᠨ ᠬᠦᠯᠢᠶᠡᠨ ᠠᠪᠬᠤ ᠰᠲ᠋ᠠᠨ᠍ᠼ᠂ ᠴᠠᠮᠬᠠᠭ ᠤᠨ ᠣᠷᠣᠢ ᠳᠤ ᠲᠡᠳᠡᠭᠡᠷ ᠦᠶᠡᠯᠵᠡᠯ ᠢ ᠳᠠᠮᠵᠢᠭᠤᠯᠬᠤ ᠠᠨ᠍ᠲ᠋ᠧᠨ ᠢᠢᠠᠷ ᠲᠣᠨᠣᠭᠯᠠᠭᠳᠠᠭᠰᠠᠨ ᠪᠠᠶ᠋ᠢᠳᠠᠭ᠃ ᠬᠡᠷᠡᠭᠯᠡᠭᠡᠨ ᠦ ᠨᠢᠭᠲᠠᠷᠠᠯ ᠥᠨᠳᠥᠷ ᠲᠡᠢ ᠨᠤᠲᠤᠭ ᠳᠡᠪᠢᠰᠬᠡᠷ ᠲᠦ ᠬᠣᠯᠪᠣᠭᠠᠨ ᠤ ᠴᠢᠨᠠᠷ ᠢ ᠰᠠᠶ᠋ᠢᠵᠢᠷᠠᠭᠤᠯᠬᠤ ᠡᠭᠦᠳᠡᠨ ᠡᠴᠡ ᠴᠢᠭᠯᠡᠭᠰᠡᠨ ᠠᠨ᠍ᠲ᠋ᠧᠨ ᠣᠯᠠᠨᠲᠠ ᠬᠡᠷᠡᠭᠯᠡᠳᠡᠭ᠃ ᠴᠠᠮᠬᠠᠭ ᠤᠳ ᠢ 3 ᠡᠭᠦᠷ ᠠᠭᠤᠯᠵᠠᠬᠤ ᠥᠨᠴᠥᠭ ᠦᠳ ᠳᠡᠭᠡᠷ᠎ᠡ ᠪᠠᠶ᠋ᠢᠷᠢᠯᠠᠭᠤᠯᠳᠠᠭ᠃[2] ᠴᠠᠮᠬᠠᠭ ᠪᠦᠷᠢ ᠶᠢᠨ ᠣᠷᠣᠢ ᠳᠤ 120° ᠢᠢᠡᠷ ᠭᠤᠷᠪᠠᠨ ᠵᠦᠭ ᠲᠦ ᠬᠠᠨᠳᠤᠭᠰᠠᠨ ᠠᠨ᠍ᠲ᠋ᠧᠨ ᠨᠤᠭᠤᠳ ᠢ ᠰᠠᠭᠤᠷᠢᠯᠠᠭᠤᠯᠳᠠᠭ᠃ ᠢᠩᠭᠢᠭᠡᠳ ᠥᠭᠡᠷ᠎ᠡ ᠥᠭᠡᠷ᠎ᠡ ᠦᠶᠡᠯᠡᠵᠡᠯ ᠳᠡᠭᠡᠷ᠎ᠡ ᠭᠤᠷᠪᠠᠨ ᠥᠭᠡᠷ᠎ᠡ ᠡᠭᠦᠷ ᠲᠦ ᠳᠠᠮᠵᠢᠭᠤᠯᠬᠤ/ᠬᠦᠯᠢᠶᠡᠨ ᠠᠪᠬᠤ ᠠᠵᠢᠯᠯᠠᠭ᠎ᠠ ᠶᠠᠪᠤᠭᠳᠠᠨ᠎ᠠ᠃ ᠢᠩᠭᠢᠭᠰᠡᠨ ᠢᠢᠡᠷ ᠡᠭᠦᠷ ᠪᠦᠷᠢ ᠳᠦ ᠨᠠᠭᠠᠨᠠᠳᠠᠵᠤ ᠭᠤᠷᠪᠠᠨ ᠰᠤᠪᠠᠭ᠂ ᠭᠤᠷᠪᠠᠨ ᠴᠠᠮᠬᠠᠭ ᠠᠰᠢᠭᠯᠠᠭᠳᠠᠬᠤ ᠪᠠ ᠳᠣᠣᠷ᠎ᠠ ᠬᠠᠶᠠᠵᠤ ᠨᠢᠭᠡ ᠴᠢᠭᠯᠡᠯ ᠡᠴᠡ ᠬᠠᠩᠭᠠᠯᠲᠠᠲᠠᠢ ᠴᠢᠨᠠᠷᠲᠠᠢ ᠷᠠᠳᠢᠣ᠋ ᠳᠣᠬᠢᠶ᠎ᠠ ᠬᠦᠯᠢᠶᠡᠨ ᠠᠪᠬᠤ ᠪᠣᠯᠤᠮᠵᠢ ᠶᠢ ᠪᠦᠷᠢᠳᠦᠭᠦᠯᠳᠡᠭ᠃

ᠬᠥᠳᠡᠯᠭᠡᠭᠡᠨᠲᠦ ᠲᠥᠬᠦᠭᠡᠷᠦᠮᠵᠢ

ᠪᠢᠴᠢᠪᠦᠷᠢ

ᠫᠷᠣᠭ᠌ᠷᠠᠮ ᠬᠠᠩᠭᠠᠮᠵᠢ

ᠪᠢᠴᠢᠪᠦᠷᠢ

ᠨᠡᠷ᠎ᠡ ᠲᠣᠮᠢᠶᠠᠯᠠᠯ

ᠪᠢᠴᠢᠪᠦᠷᠢ

ᠡᠬᠢ ᠰᠤᠷᠪᠤᠯᠵᠢ

  1. Mobile Networks explained. EMF explained ᠬᠠᠨᠳᠤᠭᠰᠠᠨ 2022/12/14. https᠄//www.emfexplained.info/?ID=25196
  2. Cellular Telephone Basics. Privateline 2012/04/07. https᠄//web.archive.org/web/20120417220750/http᠄//www.privateline.com/Cellbasics/Cellbasics02.html