Мазаалай

Wikibilig-с

ᠮᠠᠵᠠᠭᠠᠯᠠᠢ[засварлах | кодоор засварлах]

ᠪᠢᠣᠯᠣᠭᠢᠴᠢ
Douglas
Chadwick
ᠮᠣᠩᠭᠣᠯ
ᠮᠠᠵᠠᠭᠠᠯᠠᠢ ᠶ᠋ᠢᠨ
ᠳᠡᠷᠭᠡᠳᠡ


ᠮᠠᠵᠠᠭᠠᠯᠠᠢ
ᠰᠢᠩᠵᠢᠯᠡᠬᠦ ᠤᠬᠠᠭᠠᠨ ᠊ᠤ ᠠᠩᠭᠢᠯᠠᠯ
ᠠᠢᠢᠮᠠᠭ ᠠᠮᠢᠲᠠᠨ
ᠬᠦᠷᠢᠶ ᠊ᠡ᠋ ᠬᠥᠪᠴᠢᠲᠡᠨ
ᠠᠩᠬᠢ ᠬᠥᠬᠦᠲᠡᠨ
ᠪᠠᠭ ᠮᠢᠬ ᠊ᠠ᠋ ᠢᠳᠡᠰᠢᠲᠡᠨ
ᠣᠪᠤᠭ ᠪᠠᠭᠠᠪᠠᠭᠠᠢ ᠶ᠋ᠢᠨ ᠬᠢᠨ
ᠲᠥᠷᠦᠯ Ursus
ᠵᠦᠢᠯ ᠵᠥᠢᠯ᠄ ᠬᠥᠷᠡᠩ ᠪᠠᠭᠠᠪᠠᠭᠠᠢ;
ᠳᠠᠳ᠋ ᠵᠥᠢᠯ᠄ ᠮᠠᠵᠠᠭᠠᠯᠠᠢ
ᠯᠠᠲ᠋ᠢᠨ᠍ ᠨᠡᠷ ᠊ᠡ᠋
Ursus Arctos Gobiensis

(Sokolov/Orlov, 1992)



ᠮᠠᠵᠠᠭᠠᠯᠠᠢ ᠭᠣᠪᠢ ᠴᠥᠯ ᠳᠤ ᠠᠮᠢᠳᠤᠷᠠᠳᠠᠭ ᠳᠡᠯᠡᠬᠡᠢ ᠢᠢᠨ ᠴᠣᠷᠢ ᠢᠢᠨ ᠭᠠᠭᠴᠠ ᠪᠠᠭᠠᠪᠠᠭᠠᠢ ᠪᠥᠭᠡᠳ ᠵᠥᠪᠬᠡᠨ ᠮᠣᠩᠭᠣᠯ  ᠤᠨ ᠭᠣᠪᠢ ᠳᠤ ᠪᠠᠢᠢᠳᠠᠭ᠃
ᠵᠦᠢᠯ ᠤᠨ ᠨᠡᠷ᠎ᠠ ᠨᠢ Ursus Arctos Gobiensis ᠠᠭᠠᠳ ᠬᠦᠷᠡᠩ ᠪᠠᠭᠠᠪᠠᠭᠠᠢ ᠢᠢᠨ ᠳᠡᠳ᠋ ᠵᠦᠢᠯ ᠪᠣᠯᠣᠨ᠎ᠠ᠃
ᠮᠣᠩᠭᠣᠯ ᠣᠯᠣᠰ ᠤᠨ ᠭᠣᠪᠢ ᠵᠢᠨ ᠶᠡᠬᠡ ᠳᠠᠷᠬᠠᠨ ᠴᠠᠭᠠᠵᠠᠳᠤ ᠭᠠᠵᠠᠷ ᠪᠣᠶᠣ ᠭᠣᠪᠢ-ᠠᠯᠳᠠᠢ᠂ ᠪᠠᠶᠠᠩᠬᠣᠩᠭᠣᠷ ᠠᠢᠢᠮᠠᠭ  ᠤᠨ ᠡᠮᠥᠨᠡᠳᠤ ᠮᠠᠰᠢ ᠠᠭᠣᠳᠠᠮ ᠲᠠᠯᠠᠪᠠᠢ ᠳᠤ ᠴᠥᠬᠡᠨ ᠲᠣᠭ᠎ᠠ ᠪᠡᠷ ᠲᠠᠷᠠᠬᠠᠨ ᠠᠮᠢᠳᠣᠷᠳᠠᠭ ᠨᠡᠩ ᠬᠣᠪᠣᠷ ᠪᠠᠭᠠᠪᠠᠭᠠᠢ ᠪᠢᠯᠡ᠃
ᠶᠡᠷᠦᠩᠬᠡᠢ ᠲᠥᠷᠬᠦ ᠣᠢ ᠶ᠋ᠢᠨ ᠬᠦᠷᠡᠩ ᠪᠠᠭᠠᠪᠠᠭᠠᠢ ᠲᠠᠢ ᠠᠳᠠᠯᠢ ᠪᠣᠯᠪᠠᠴᠤ ᠪᠡᠢ᠎ᠠ ᠪᠠᠷ ᠪᠠᠭ᠎ᠠ᠃
ᠰᠢᠷ᠎ᠠ ᠮᠠᠬᠠᠢ ᠶ᠋ᠢᠨ ᠪᠡᠢ᠎ᠠ ᠶ᠋ᠢᠨ ᠤᠷᠲᠤ 168 cm᠂ ᠰᠡᠷᠪᠡᠭᠡᠨ ᠤ ᠦᠨᠳᠦᠷ 92 cm᠃ ᠵᠢᠩ 90 kg᠃
ᠨᠠᠰᠤ ᠪᠡᠶ᠎᠎ᠠ ᠭᠦᠢᠴᠡᠭᠰᠡᠨ ᠡᠷ᠎ᠡ ᠮᠠᠵᠠᠭᠠᠯᠠᠢ  ᠵᠢ ᠰᠢᠷ᠎ᠠ ᠮᠠᠬᠠᠢ᠂ ᠡᠮ᠎ᠡ ᠵᠢ ᠨᠢ ᠡᠪᠰᠢ ᠭᠡᠨ᠎ᠠ᠃
ᠪᠠᠮᠪᠤᠷᠰᠢ ᠶ᠋ᠢ ᠨᠢ ᠠᠯᠮᠤᠨᠴᠠᠭ ᠬᠡᠳᠡᠭ ᠃
ᠰᠢᠷ᠎ᠠ ᠮᠠᠬᠠᠢ ᠵᠤᠨ ᠳ᠋ᠠᠭᠠᠨ ᠬᠦᠷᠡᠩ ᠪᠣᠷᠣ᠂ ᠡᠪᠦᠯ ᠬᠠᠪᠤᠷ ᠲᠠᠭᠠᠨ ᠪᠣᠷᠣ ᠰᠠᠭᠠᠷᠠᠯ ᠵᠢᠰᠦ ᠲᠡᠢ᠃
ᠬᠦᠵᠦᠭᠦᠦ᠂ ᠬᠥᠯ ᠨᠢ ᠶᠡᠬᠡ ᠪᠡᠢ᠎ᠠ ᠡᠴᠡ ᠪᠡᠨ ᠪᠠᠷᠠᠭᠠᠪᠲᠤᠷ᠃
ᠬᠡᠩᠬᠦᠳᠡᠭ ᠪᠣᠯᠣᠨ ᠬᠦᠵᠦᠭᠦᠨ ᠤ ᠪᠡᠨ ᠤᠭ ᠲᠤ ᠴᠠᠢᠢᠪᠤᠷ ᠲᠣᠯᠪᠤ ᠲᠠᠢ᠃
ᠬᠥᠩᠭᠡᠨ ᠱᠠᠯᠠᠮᠠᠭ ᠬᠥᠳᠡᠯᠭᠡᠭᠡᠨ ᠲᠡᠢ᠃
ᠡᠪᠰᠢ ᠨᠢ ᠵᠢᠯ ᠥᠨᠵᠢᠨ ᠲᠥᠯᠯᠡᠵᠦ ᠭᠣᠣᠯ ᠲᠥᠯᠥᠪ ᠢᠬᠡᠷ᠎ᠡ ᠠᠯᠮᠣᠨᠴᠣᠭ ᠲᠥᠷᠦᠭᠦᠯᠦᠨ᠎ᠠ᠃
ᠠᠷᠪᠠᠨ ᠨᠢᠭᠡᠨ ᠰᠠᠷ᠎ᠡ ᠡᠴᠠ ᠭᠤᠷᠪᠠᠨ ᠰᠠᠷ᠎ᠠ ᠬᠦᠷᠲᠡᠯ᠎᠎ᠡ ᠡᠠᠭᠤᠢ᠂ ᠬᠣᠩᠭᠢᠯ᠂ ᠰᠤᠬᠠᠢ ᠢᠢᠨ ᠲᠥᠭᠡᠯ ᠳᠣᠣᠭᠤᠷ ᠨᠦᠬᠡ ᠬᠡᠪᠲᠡᠷᠢ ᠵᠠᠰᠠᠵᠤ ᠢᠴᠡᠨ᠎ᠠ᠃
ᠮᠠᠵᠠᠭᠠᠯᠠᠢ ᠵᠢ ᠠᠩᠬ᠎ᠠ ᠠᠷᠠᠳ ᠤᠨ ᠶᠡᠬᠡ ᠬᠣᠷᠠᠯ ᠊ᠣᠨ ᠲᠡᠷᠢᠭᠦᠯᠡᠭᠴᠢᠳ ᠤᠨ 1953 ᠣᠨ ᠊ᠣ ᠲᠣᠭᠲᠠᠭᠠᠯ ᠢᠢᠠᠷ ᠳᠠᠷᠬᠠᠨ ᠴᠠᠭᠠᠵᠠᠲᠠᠢ ᠠᠮᠢᠲᠠᠳ ᠤᠨ ᠲᠣᠭᠠᠨ ᠳᠤ ᠣᠷᠣᠭᠣᠯᠵᠣ᠂ ᠠᠩᠨᠠᠬᠤ ᠵᠢ ᠬᠣᠷᠢᠭᠯᠠᠭᠰᠠᠨ᠃
ᠮᠠᠵᠠᠭᠠᠯᠠᠢ ᠮᠣᠩᠭᠣᠯ ᠤᠨ ᠤᠯᠠᠭᠠᠨ ᠨᠣᠮ ᠳ᠋ᠤ ᠣᠷᠣᠭᠰᠠᠨ᠃
ᠮᠠᠵᠠᠭᠠᠯᠠᠢ ᠣᠷᠭᠣᠮᠠᠯ ᠤᠨ ᠦᠨᠳᠦᠰᠦ᠂ ᠵᠢᠮᠢᠰ᠂ ᠮᠡᠷᠡᠭᠴᠢᠳ ᠢ ᠢᠳᠡᠳᠡᠭ ᠪᠠ ᠬᠠᠷᠢᠨ ᠲᠣᠮᠣ ᠬᠥᠬᠦᠲᠡᠨ ᠠᠮᠢᠲᠠᠳ ᠊ᠢ ᠠᠩᠨᠠᠭᠰᠠᠨ ᠪᠠᠷᠢᠮᠲᠠ ᠪᠠᠢᠢᠳᠠᠭ ᠦᠭᠡᠢ᠃
ᠮᠠᠵᠠᠭᠠᠯᠢ ᠬᠥᠭᠡᠷᠥᠬᠥᠨ᠃ ᠮᠠᠵᠠᠭᠠᠯᠠᠢ ᠰᠡᠳᠬᠢᠯ ᠰᠠᠢᠢᠲᠠᠢ᠃