Монголын газрын гадаргын геологийн түүх

Wikibilig-с
ᠮᠣᠩᠭᠣᠯ
ᠣᠷᠣᠨ ᠊ᠤ
ᠲᠧᠻᠲ᠋ᠣᠨᠢᠭ ᠊ᠤᠨ
ᠵᠢᠷᠤᠭ

ᠮᠠᠨ ᠊ᠤ ᠣᠷᠣᠨ ᠊ᠤ ᠬᠣᠲᠣᠭᠣᠷ ᠭᠦᠳᠦᠭᠦᠷ ᠊ᠦᠨ ᠣᠷᠴᠢᠨ ᠦᠶ᠎ᠡ ᠊ᠢᠢᠨ ᠶᠡᠷᠦᠩᠬᠡᠢ ᠲᠥᠯᠥᠪ ᠪᠠᠶᠢᠳᠠᠯ ᠳᠡᠯᠡᠬᠡᠢ ᠊ᠢᠢᠨ ᠭᠠᠳᠠᠭᠠᠳᠤ ᠳᠣᠲᠣᠭᠠᠳᠤ ᠬᠦᠴᠦᠨ ᠊ᠦ ᠬᠠᠪᠰᠤᠷᠤᠭᠰᠠᠨ ᠦᠢᠯᠡᠳᠦᠯ ᠊ᠦᠨ ᠦᠷ᠎ᠡ ᠳᠦᠩ ᠊ᠳᠦ ᠪᠥᠷᠢᠯᠳᠦᠨ ᠪᠤᠢ ᠪᠣᠯᠵᠠᠢ᠃ ᠳᠣᠲᠣᠭᠠᠳᠤ ᠬᠦᠴᠦᠨ ᠊ᠦ ᠳᠣᠲᠣᠷ᠎ᠠ ᠠᠭᠤᠯᠠ ᠲᠣᠭᠲᠠᠬᠤ ᠬᠥᠳᠡᠯᠭᠡᠭᠡᠨ ᠶᠡᠬᠡ ᠨᠥᠯᠥᠭᠡ ᠦᠵᠡᠭᠦᠯᠵᠦ᠂ ᠭᠠᠯᠲᠤ ᠠᠭᠤᠯᠠ ᠊ᠢᠢᠨ ᠠᠵᠢᠯᠯᠠᠭ᠎ᠠ ᠵᠡᠷᠭᠡ ᠪᠤᠰᠤᠳ ᠬᠦᠴᠦᠨ ᠵᠦᠢᠯ ᠊ᠦᠨ ᠣᠷᠣᠯᠴᠠᠭ᠎ᠠ ᠬᠠᠷᠢᠴᠠᠩᠭᠤᠢ ᠪᠠᠭ᠎ᠠ ᠣᠷᠣᠯᠴᠠᠵᠠᠢ᠃ ᠭᠠᠳᠠᠭᠠᠳᠤ ᠬᠦᠴᠦᠨ ᠊ᠦ ᠣᠯᠠᠨ ᠦᠢᠯᠡ ᠶᠠᠪᠤᠴᠠ ᠡᠴᠠ ᠤᠷᠤᠰᠬᠠᠯ ᠤᠰᠤ᠂ ᠮᠥᠰᠳᠡᠯᠲᠡ᠂ ᠪᠠᠶᠢᠭᠠᠯᠢ ᠊ᠢᠢᠨ ᠥᠭᠢᠷᠡᠰᠢᠯ ᠴᠢᠬᠤᠯᠠ ᠡᠭᠦᠷᠭᠡ ᠲᠡᠢ ᠪᠠᠶᠢᠵᠠᠢ᠃ ᠮᠣᠩᠭᠣᠯ ᠣᠷᠣᠨ ᠊ᠤ ᠭᠧᠣᠯᠣᠭᠢ ᠊ᠢᠢᠨ ᠬᠥᠭᠵᠢᠯ ᠊ᠦᠨ ᠲᠡᠦᠬᠡ ᠊ᠢᠢ ᠦᠨᠳᠦᠰᠦᠨ ᠊ᠳᠦ ᠨᠢ᠄
• ᠻᠧᠮᠪᠷᠢ ᠊ᠢᠢᠨ ᠡᠮᠦᠨᠡᠬᠢ
• ᠡᠷᠲᠡ ᠲᠥᠷᠥᠮᠡᠯ ᠊ᠦᠨ ᠡᠬᠢᠨ
• ᠡᠷᠲᠡ ᠲᠥᠷᠥᠮᠡᠯ ᠊ᠦᠨ ᠳᠤᠮᠳᠠ ᠪᠠ ᠰᠡᠭᠦᠯ
• ᠳᠤᠮᠳᠠ ᠲᠥᠷᠥᠮᠡᠯ
• ᠰᠢᠨ᠎ᠡ ᠲᠥᠷᠥᠮᠡᠯ ᠊ᠦᠨ ᠭᠡᠵᠦ 5 ᠦᠶ᠎ᠡ ᠱᠠᠲᠤᠨ ᠊ᠳᠤ ᠬᠤᠪᠢᠶᠠᠬᠤ ᠪᠣᠯᠪᠠᠴᠤ ᠦᠶ᠎ᠡ ᠱᠠᠲᠤ ᠨᠤᠭᠤᠳ ᠊ᠤᠨ ᠢᠯᠭᠠᠭ᠎ᠠ ᠪᠣᠯᠤᠨ ᠣᠳᠣ ᠊ᠢᠢᠨ ᠬᠣᠲᠣᠭᠣᠷ ᠭᠦᠳᠦᠭᠦᠷ ᠲᠦ ᠨᠦᠯᠦᠭᠡᠯᠡᠬᠦ ᠪᠠᠶᠢᠳᠠᠯ ᠊ᠢ ᠲᠣᠳᠣᠷᠬᠠᠢ ᠪᠣᠯᠭᠠᠬᠤ ᠡᠭᠦᠳᠡᠨ ᠡᠴᠡ
• ᠻᠧᠮᠪᠷᠢ ᠊ᠢᠢᠨ ᠡᠮᠦᠨᠡᠬᠢ ᠪᠠ ᠡᠷᠲᠡ ᠲᠥᠷᠥᠮᠡᠯ ᠊ᠦᠨ ᠦᠶ᠎ᠡ ᠱᠠᠲᠤ
• ᠳᠤᠮᠳᠠ ᠲᠥᠷᠥᠮᠡᠯ ᠊ᠦᠨ ᠪᠠ ᠭᠤᠷᠪᠠᠳᠠᠭᠴᠢ ᠭᠠᠯᠪᠠ ᠊ᠢᠢᠨ ᠦᠶ᠎ᠡ ᠱᠠᠲᠤ
• ᠳᠥᠷᠪᠡᠳᠡᠭᠴᠢ ᠭᠠᠯᠪᠠ ᠊ᠢᠢᠨ ᠦᠶ᠎ᠡ ᠱᠠᠲᠤ ᠭᠡᠵᠦ ᠠᠩᠭᠢᠯᠠᠵᠤ ᠦᠵᠡᠪᠡᠯ ᠢᠯᠡᠭᠦᠦ ᠣᠶᠢᠯᠠᠭᠠᠮᠵᠢᠲᠠᠢ ᠪᠣᠯᠤᠨ᠎ᠠ᠃

ᠻᠧᠮᠪᠷᠢ ᠊ᠢᠢᠨ ᠡᠮᠦᠨᠡᠬᠢ ᠪᠠ ᠡᠷᠲᠡ ᠲᠥᠷᠥᠮᠡᠯ ᠊ᠦᠨ ᠦᠶ᠎ᠡ ᠱᠠᠲᠤ[засварлах | кодоор засварлах]

ᠮᠣᠩᠭᠣᠯ
ᠣᠷᠣᠨ ᠊ᠤ
ᠭᠧᠣᠯᠣᠭᠢ ᠊ᠢᠢᠨ
ᠵᠢᠷᠤᠭ

ᠻᠧᠮᠪᠷᠢ ᠊ᠢᠢᠨ ᠡᠮᠦᠨᠡᠬᠢ ᠪᠠ ᠡᠬᠡ ᠲᠥᠷᠥᠮᠡᠯ᠂ ᠠᠩᠬ᠎ᠠ ᠲᠥᠷᠥᠮᠡᠯ ᠊ᠦᠨ ᠡᠷᠢᠨ ᠨ᠊ᠦᠭᠦᠳ ᠊ᠦᠨ ᠬᠤᠷᠠᠳᠠᠰᠤ ᠲᠤᠰ ᠣᠷᠣᠨ ᠊ᠳᠤ ᠵᠥᠪᠬᠡᠨ ᠬᠥᠪᠰᠥᠭᠥᠯ ᠨᠠᠭᠤᠷ ᠊ᠤᠨ ᠣᠷᠴᠢᠮ᠂ ᠬᠠᠩᠭᠠᠢ ᠪᠣᠯᠤᠨ ᠠᠯᠲᠠᠢ ᠊ᠢᠢᠨ ᠨᠢᠷᠤᠭᠤᠨ ᠊ᠤ ᠪᠠᠷᠠᠭᠤᠨ ᠬᠡᠰᠡᠭ ᠲᠦ ᠪᠠᠭ᠎ᠠ ᠲᠠᠯᠠᠪᠠᠢ ᠊ᠢᠢ ᠡᠵᠡᠯᠡᠨ ᠴᠥᠭᠡᠬᠡᠨ ᠲᠠᠷᠬᠠᠵᠠᠢ᠃ ᠬᠠᠷᠢᠨ ᠡᠷᠲᠡ ᠲᠥᠷᠥᠮᠡᠯ ᠊ᠦᠨ ᠡᠷᠢᠨ ᠊ᠦ ᠬᠤᠷᠠᠳᠠᠰᠤ ᠶᠡᠬᠡ ᠲᠦᠭᠡᠭᠡᠮᠡᠯ ᠪᠥᠭᠡᠳ ᠢᠯᠠᠩᠭᠤᠶ᠎ᠠ ᠮᠣᠩᠭᠣᠯ ᠊ᠤᠨ ᠲᠥᠪ᠂ ᠪᠠᠷᠠᠭᠤᠨ ᠪᠠ ᠪᠠᠷᠠᠭᠤᠨ ᠬᠣᠶᠢᠳᠤ ᠬᠠᠭᠠᠰ ᠲᠤ ᠣᠷᠴᠢᠨ ᠦᠶ᠎ᠡ ᠊ᠢᠢᠨ ᠭᠠᠳᠠᠷᠭᠤ ᠊ᠳᠤ ᠡ᠊ᠨᠳᠡ ᠲᠡᠨᠳᠡ ᠦᠭᠡᠢ ᠢᠯᠡ ᠭᠠᠷᠤᠭᠰᠠᠨ ᠪᠠᠶᠢᠨ᠎ᠠ᠃ ᠻᠧᠮᠪᠷᠢ ᠊ᠢᠢᠨ ᠡᠮᠦᠨᠡᠬᠢ ᠦᠶ᠎ᠡ ᠊ᠢᠢᠨ ᠬᠤᠷᠠᠳᠠᠰᠤ ᠳᠤᠷᠠᠳᠤᠭᠰᠠᠨ ᠨᠤᠲᠤᠭ ᠲᠤ ᠲᠠᠯᠠᠰᠲᠤ᠂ ᠵᠠᠨᠠᠷ᠂ ᠱᠣᠬᠣᠢ ᠊ᠢᠢᠨ ᠴᠢᠯᠠᠭᠤ᠂ ᠭᠨᠧᠢᠰ ᠵᠡᠷᠭᠡ ᠬᠤᠪᠢᠷᠠᠮᠠᠯ ᠴᠢᠯᠠᠭᠤᠯᠢᠭ ᠡᠴᠠ ᠪᠦᠲᠦᠭᠰᠡᠨ ᠊ᠢ ᠦᠵᠡᠬᠦ ᠊ᠳᠦ ᠭᠧᠣᠰᠢᠨᠻᠯᠢᠨᠠᠯ ᠬᠣᠲᠣᠰ ᠲᠤ ᠬᠤᠷᠠᠮᠲᠤᠯᠠᠭᠳᠠᠭᠰᠠᠨ ᠪᠠᠶᠢᠪᠠ᠃ ᠲᠡᠷᠡ ᠭᠧᠣᠰᠢᠨᠻᠯᠢᠨᠠᠯ ᠮᠣᠩᠭᠣᠯ ᠣᠷᠣᠨ ᠊ᠤ ᠪᠠᠷᠠᠭᠤᠨ ᠬᠣᠶᠢᠳᠤ ᠪᠠ ᠬᠤᠶᠢᠳᠤ ᠬᠡᠰᠡᠭ ᠊ᠢ ᠡᠵᠡᠯᠡᠵᠦ ᠪᠠᠶᠢᠭᠠᠳ ᠠᠩᠬ᠎ᠠ ᠲᠥᠷᠥᠮᠡᠯ ᠊ᠦᠨ ᠡᠷᠢᠨ ᠊ᠦ ᠰᠡᠭᠦᠯᠴᠢ ᠪᠡᠷ ᠠᠭᠤᠯᠠ ᠲᠣᠭᠲᠠᠬᠤ ᠬᠥᠳᠡᠯᠭᠡᠭᠡᠨ ᠊ᠢᠢᠡᠷ ᠶᠡᠬᠡᠬᠡᠨ ᠠᠲᠤᠷᠢᠶᠠᠲᠠᠨ ᠳᠡᠭᠡᠭᠰᠢ ᠡᠷᠭᠦᠭᠳᠡᠵᠡᠢ᠃ ᠡᠷᠲᠡ ᠲᠥᠷᠥᠮᠡᠯ ᠊ᠦᠨ ᠡᠷᠢᠨ ᠡᠬᠢᠯᠡᠬᠦ ᠊ᠳᠦ ᠤᠭ ᠭᠠᠵᠠᠷ ᠳᠠᠬᠢᠨ ᠬᠣᠲᠣᠶᠢᠵᠤ ᠭᠧᠣᠰᠢᠨᠻᠯᠢᠨᠠᠯ ᠊ᠤᠨ ᠨᠥᠬᠥᠴᠡᠯ ᠊ᠳᠦ ᠣᠷᠣᠭᠰᠠᠨ ᠪᠥᠭᠡᠳ ᠻᠧᠮᠪᠷᠢ᠂ ᠣᠷᠳᠣᠸᠢᠻ᠂ ᠭᠠᠯᠪᠠ ᠨᠤᠭᠤᠳ ᠊ᠲᠤ ᠤᠭ ᠬᠣᠲᠣᠶᠢᠯᠲᠠ ᠵᠢᠭᠳᠡ ᠪᠢᠰᠢ ᠶᠠᠪᠤᠭᠳᠠᠭᠰᠠᠨ ᠪᠣᠯᠪᠠᠴᠤ ᠭᠧᠣᠰᠢᠨᠻᠯᠢᠨᠠᠯ ᠊ᠤᠨ ᠨᠡᠶᠢᠲᠡ ᠬᠦᠷᠢᠶ᠎ᠡ ᠵᠡᠭᠦᠨ ᠲᠡᠢᠢᠰᠢ ᠪᠣᠯᠬᠤ ᠲᠤᠰᠤᠮ ᠤᠷᠤᠭᠰᠢ ᠪᠠᠨ ᠲᠡᠯᠡᠵᠦ ᠪᠠᠶᠢᠪᠠ᠃ ᠰᠡᠯᠤᠷ ᠊ᠤᠨ ᠭᠠᠯᠪᠠ ᠊ᠢᠢᠨ ᠦᠶ᠎ᠡ ᠊ᠳᠦ ᠮᠣᠩᠭᠣᠯ ᠊ᠤᠨ ᠪᠠᠷᠠᠭᠤᠨ ᠬᠣᠶᠢᠳᠤ ᠪᠠ ᠬᠣᠶᠢᠳᠤ ᠨᠤᠲᠤᠭ ᠻᠠᠯᠧᠳᠣᠨ ᠊ᠤ ᠠᠲᠤᠷᠢᠶᠠᠲᠤ ᠪᠥᠰᠡ ᠪᠥᠷᠢᠯᠳᠦᠨ ᠲᠣᠭᠲᠠᠵᠤ ᠨᠡᠯᠢᠶᠡᠳ ᠬᠡᠰᠡᠭ ᠨᠢ ᠲᠠᠪᠴᠠᠩ ᠊ᠤᠨ ᠪᠠᠶᠢᠳᠠᠯ ᠲᠠᠢ ᠪᠣᠯᠤᠭᠰᠠᠨ᠃ ᠰᠡᠯᠤᠷ ᠊ᠤᠨ ᠭᠠᠯᠪᠠ ᠡᠴᠠ ᠡᠬᠢᠯᠡᠵᠦ ᠭᠧᠣᠰᠢᠨᠻᠯᠢᠨᠠᠯ ᠤᠷᠤᠭᠰᠢ ᠊ᠪᠠᠨ᠂ ᠵᠡᠭᠦᠨ ᠲᠡᠢᠢᠰᠢ ᠊ᠪᠡᠨ ᠶᠡᠬᠡᠬᠡᠨ ᠲᠦᠷᠢᠭᠳᠡᠵᠦ ᠲᠠᠷᠬᠠᠭᠰᠠᠨ ᠲᠤᠰ ᠣᠷᠣᠨ ᠊ᠤ ᠪᠤᠰᠤᠳ ᠨᠤᠲᠤᠭ ᠊ᠢ ᠨᠡᠶᠢᠲᠡ ᠊ᠳᠦ ᠨᠢ ᠬᠠᠮᠤᠷᠤᠭᠰᠠᠨ ᠪᠠᠶᠢᠨ᠎ᠠ᠃ ᠡᠶᠢᠮᠦ ᠶᠡᠬᠡ ᠬᠡᠮᠵᠢᠶᠡᠨ ᠊ᠦ ᠭᠧᠣᠰᠢᠨᠻᠯᠢᠨᠠᠯ ᠳᠧᠸᠣᠨ ᠭᠠᠯᠪᠠ ᠊ᠳᠤ ᠦᠷᠭᠦᠯᠵᠢᠯᠡᠨ᠂ ᠶᠠᠪᠤᠭᠠᠨ ᠊ᠳᠠᠭᠠᠨ ᠪᠠᠭᠠᠰᠴᠤ᠂ ᠻᠠᠷᠪᠣᠨ ᠭᠠᠯᠪᠠ ᠊ᠳᠤ ᠮᠣᠩᠭᠣᠯ ᠊ᠤᠨ ᠪᠠᠷᠠᠭᠤᠨ ᠬᠣᠶᠢᠳᠤ ᠬᠠᠭᠠᠰ ᠲᠡᠷᠡ ᠠᠶᠠᠷ ᠊ᠢᠶᠠᠨ ᠲᠠᠪᠴᠠᠩ ᠊ᠤᠨ ᠪᠠᠶᠢᠳᠠᠯ ᠊ᠳᠤ ᠣᠷᠣᠵᠠᠢ᠃ ᠫᠧᠷᠮᠢ ᠭᠠᠯᠪᠠ ᠊ᠳᠤ ᠭᠧᠣᠰᠢᠨᠻᠯᠢᠨᠠᠯ ᠊ᠤᠨ ᠭᠣᠷᠢᠮ ᠮᠠᠨ ᠊ᠤ ᠣᠷᠣᠨ ᠊ᠤ ᠵᠥᠪᠬᠡᠨ ᠳᠤᠮᠳᠠ ᠬᠡᠰᠡᠭ ᠲᠦ ᠵᠤᠷᠪᠤᠰ ᠭᠠᠵᠠᠷ ᠨᠣᠶᠠᠷᠬᠠᠵᠤ ᠪᠠᠶᠢᠭᠰᠠᠨ ᠪᠣᠯᠪᠠᠴᠤ ᠲᠡᠷᠡ ᠭᠠᠵᠠᠷ ᠨᠡᠶᠢᠲᠡ ᠊ᠳᠦ ᠊ᠪᠡᠨ ᠨᠢᠭᠡ ᠬᠣᠲᠣᠰ ᠲᠤ ᠪᠠᠶᠢᠭᠠᠳᠦᠢ᠂ ᠪᠠᠭ᠎ᠠ ᠬᠡᠮᠵᠢᠶᠡᠨ ᠊ᠦ ᠬᠡᠳᠦ ᠬᠡᠳᠦᠨ ᠬᠣᠲᠠᠰ ᠊ᠤᠨ ᠪᠠᠶᠢᠳᠠᠯ ᠲᠠᠢ ᠪᠠᠶᠢᠵᠠᠢ᠃ ᠢᠩᠭᠢᠭᠡᠳ ᠫᠧᠷᠮᠢ ᠊ᠢᠢᠨ ᠡᠴᠦᠰ ᠊ᠢᠢᠡᠷ ᠭᠧᠣᠰᠢᠨᠻᠯᠢᠨᠠᠯ ᠭᠣᠷᠢᠮ ᠵᠣᠩᠬᠢᠯᠠᠬᠤ ᠪᠠᠨ ᠪᠦᠷᠢᠮᠥᠰᠦᠨ ᠪᠣᠯᠢᠵᠤ ᠲᠤᠰ ᠣᠷᠣᠨ ᠊ᠳᠤ ᠨᠡᠶᠢᠲᠡ ᠊ᠳᠦ ᠊ᠪᠡᠨ ᠡᠬᠡ ᠭᠠᠵᠠᠷ ᠊ᠤᠨ ᠭᠣᠷᠢᠮ ᠵᠣᠩᠬᠢᠯᠠᠬᠤ ᠪᠣᠯᠤᠭᠰᠠᠨ᠃ ᠭᠧᠣᠰᠢᠨᠻᠯᠢᠨᠠᠯ ᠊ᠤᠨ ᠬᠥᠭᠵᠢᠯ ᠬᠤᠪᠢᠷᠠᠯ ᠊ᠳᠤ ᠰᠢᠭᠤᠳ ᠨᠥᠯᠥᠭᠡᠯᠡᠯ ᠪᠣᠯᠤᠭᠰᠠᠨ ᠵᠦᠢᠯ ᠨᠢ ᠬᠤᠷᠳᠤᠰ ᠲᠣᠭᠲᠠᠪᠤᠷᠢᠲᠠᠢ ᠨᠥᠬᠥᠴᠡᠯ ᠊ᠳᠦ ᠬᠤᠷᠠᠮᠲᠤᠯᠠᠭᠳᠠᠵᠤ ᠪᠠᠢᠢᠭᠠᠳᠦᠢ ᠬᠠᠷᠢᠨ ᠲᠧᠻᠲ᠋ᠣᠨᠢᠻ ᠬᠥᠳᠡᠯᠭᠡᠭᠡᠨ ᠦᠷᠭᠦᠯᠵᠢ ᠶᠠᠪᠤᠭᠳᠠᠵᠤ ᠬᠤᠷᠠᠳᠠᠰᠤ ᠊ᠢᠢ ᠠᠲᠤᠷᠢᠶᠠᠳᠠᠭᠤᠯᠬᠤ᠂ ᠭᠠᠵᠠᠷ ᠊ᠢ ᠳᠡᠭᠡᠭᠰᠢ ᠡᠷᠭᠦᠬᠦ᠂ ᠳᠣᠭᠣᠭᠰᠢ ᠬᠣᠲᠣᠶᠢᠯᠭᠠᠬᠤ ᠶᠠᠪᠤᠳᠠᠯ ᠪᠣᠯᠵᠤ ᠪᠠᠶᠢᠨ᠎ᠠ᠃ ᠲᠧᠻᠲ᠋ᠣᠨᠢᠻ ᠬᠥᠳᠡᠯᠭᠡᠭᠡᠨ ᠊ᠢᠢᠡᠷ ᠡᠷᠭᠦᠯᠲᠡ ᠰᠠᠭᠤᠯᠲᠠ ᠣᠷᠣᠨ ᠴᠠᠭ ᠲᠤ ᠵᠢᠭᠳᠡ ᠦᠭᠡᠢ ᠶᠠᠪᠤᠭᠳᠠᠵᠤ ᠨᠢᠭᠡ ᠭᠠᠯᠪᠠ ᠊ᠳᠤ ᠭᠧᠣᠰᠢᠨᠻᠯᠢᠨᠠᠯ ᠊ᠤᠨ ᠪᠦᠰᠡ ᠊ᠢᠢᠨ ᠳᠣᠲᠣᠷ᠎ᠠ ᠭᠧᠣᠰᠢᠨᠻᠯᠢᠨᠠᠯ ᠭᠦᠳᠦᠭᠦᠷ ᠪᠤᠢ ᠪᠣᠯᠬᠤ᠂ ᠳᠠᠯᠠᠢ ᠭᠦᠨ ᠭᠦᠶᠦᠬᠡᠨ ᠪᠠᠶᠢᠬᠤ ᠶᠠᠪᠤᠳᠠᠯ ᠲᠦᠭᠡᠭᠡᠮᠡᠯ ᠪᠠᠶᠢᠭᠰᠠᠨ ᠊ᠤ ᠤᠯᠠᠮ ᠡᠴᠠ ᠳᠠᠯᠠᠢ ᠊ᠢᠢᠨ ᠬᠤᠷᠳᠤᠰᠤᠨ ᠊ᠤ ᠵᠡᠷᠭᠡᠴᠡᠭᠡ ᠡᠬᠡ ᠭᠠᠵᠠᠷ ᠊ᠤᠨ ᠬᠤᠷᠳᠤᠰ ᠬᠤᠷᠠᠮᠲᠤᠯᠠᠭᠳᠠᠬᠤ᠂ ᠬᠤᠷᠳᠤᠰᠤᠨ ᠊ᠤ ᠵᠤᠵᠠᠭᠠᠨ ᠨᠢᠮᠭᠡᠨ ᠬᠠᠷᠢᠯᠴᠠᠨ ᠠᠳᠠᠯᠢ ᠦᠭᠡᠢ ᠪᠣᠯᠵᠠᠢ᠃ ᠴᠢᠯᠠᠭᠤᠯᠢᠭ ᠠᠲᠤᠷᠢᠶᠠᠲᠤᠵᠤ᠂ ᠦᠶ᠎ᠡ ᠳᠠᠪᠬᠤᠷᠭ᠎ᠠ ᠊ᠢᠢᠨ ᠣᠷᠣᠰᠢᠯ ᠊ᠳᠤ ᠥᠭᠡᠷᠡᠴᠢᠯᠡᠭᠳᠡᠵᠦ᠂ ᠵᠠᠷᠢᠮ ᠭᠠᠯᠪᠠ ᠊ᠢᠢᠨ ᠬᠤᠷᠳᠤᠰᠤᠨ ᠊ᠤ ᠦᠶ᠎ᠡ ᠳᠠᠪᠬᠤᠷᠭ᠎ᠠ ᠡᠭᠴᠡ ᠪᠣᠰᠤᠭ᠎ᠠ ᠪᠣᠯᠤᠭᠰᠠᠨ ᠴᠤ ᠪᠠᠶᠢᠳᠠᠭ᠃ ᠡᠭᠦᠨ ᠊ᠦ ᠨᠥᠭᠥᠭᠡ ᠲᠠᠯ᠎ᠠ ᠪᠠᠷ ᠠᠲᠤᠷᠢᠶᠠᠲᠤᠬᠤ ᠦᠢᠯᠡ ᠶᠠᠪᠤᠴᠠ ᠊ᠢᠢᠨ ᠰᠠᠴᠠᠭᠤ ᠭᠠᠯᠲᠤ ᠠᠭᠤᠯᠠ ᠊ᠢᠢᠨ ᠠᠵᠢᠯᠯᠠᠭ᠎ᠠ ᠢᠳᠡᠪᠬᠢᠵᠢᠵᠦ ᠠᠩ ᠴᠠᠪ ᠊ᠢᠶᠠᠷ ᠮᠠ᠊ᠭᠮᠠ ᠊ᠢᠢᠨ ᠴᠢᠯᠠᠭᠤᠯᠢᠭ ᠨᠡᠪᠲᠡᠷᠡᠨ ᠣᠷᠣᠵᠤ ᠢᠷᠡᠬᠦ᠂ ᠪᠣᠷᠵᠢᠨ ᠰᠢᠷᠭᠤᠮᠠᠯ ᠴᠢᠯᠠᠭᠤᠯᠢᠭ ᠶᠡᠬᠡ ᠪᠠᠭ᠎ᠠ ᠬᠡᠮᠵᠢᠶ᠎ᠡ ᠪᠡᠷ ᠲᠣᠭᠲᠠᠬᠤ ᠂ ᠭᠠᠯᠲᠤ ᠠᠭᠤᠯᠠ ᠊ᠢᠢᠨ ᠭᠣᠯᠣᠮᠲᠠ ᠮᠠᠶᠢᠭ ᠊ᠤᠨ ᠣᠷᠭᠢᠯᠠᠯᠲᠠ ᠪᠣᠯᠬᠤ ᠦᠵᠡᠭᠳᠡᠯ ᠪᠠᠭ᠎ᠠ ᠦᠭᠡᠢ ᠶᠠᠪᠤᠭᠳᠠᠵᠠᠢ᠃ ᠡᠷᠢᠨ ᠭᠠᠯᠪᠠ ᠨᠤᠭᠤᠳ ᠳᠠᠬᠢ ᠲᠧᠻᠲ᠋ᠣᠨᠢᠻ ᠬᠥᠳᠡᠯᠭᠡᠭᠡᠨ ᠳᠣᠲᠣᠷ᠎ᠠ ᠡᠴᠠ ᠻᠧᠮᠪᠷᠢ ᠊ᠢᠢᠨ ᠡᠬᠢᠨ᠂ ᠣᠷᠳᠣᠸᠢᠻ 2 ᠊ᠦᠨ ᠵᠠᠭᠠᠭ ᠳᠡᠭᠡᠷ᠎ᠡ ᠪᠣᠯᠤᠭᠰᠠᠨ ᠰᠠᠯᠠᠶᠢᠷ ᠊ᠤᠨ ᠠᠲᠤᠷᠢᠶᠠᠰᠢᠯ ᠊ᠤᠨ ᠬᠥᠳᠡᠯᠭᠡᠭᠡᠨ᠂ ᠣᠷᠳᠣᠸᠢᠻ ᠊ᠤᠨ ᠡᠴᠦᠰ᠂ ᠰᠡᠯᠦ᠋ᠷ ᠊ᠤᠨ ᠡᠬᠢᠨ ᠊ᠳᠦ ᠪᠣᠯᠤᠭᠰᠠᠨ ᠻᠠᠯᠧᠳᠣᠨ ᠊ᠤ ᠬᠥᠳᠡᠯᠭᠡᠭᠡᠨ᠂ ᠻᠠᠷᠪᠣᠨ ᠊ᠤ ᠡᠬᠢᠨ ᠦᠶ᠎ᠡ ᠊ᠢᠢᠨ ᠳᠠᠷᠠᠭᠠᠬᠠᠨ ᠮᠥᠨ ᠫᠧᠷᠮᠢ ᠊ᠢᠢᠨ ᠭᠠᠯᠪᠠ ᠊ᠢᠢᠨ ᠰᠡᠭᠦᠯᠴᠢ ᠪᠡᠷ ᠪᠣᠯᠤᠭᠰᠠᠨ ᠭᠧᠷᠼᠢᠨ ᠊ᠤ ᠠᠲᠤᠷᠢᠶᠠᠲᠤ ᠬᠥᠳᠡᠯᠭᠡᠭᠡᠨ ᠨᠡᠩ ᠬᠦᠴᠦᠲᠡᠢ ᠶᠠᠪᠤᠭᠳᠠᠭᠰᠠᠨ ᠤᠴᠢᠷ ᠭᠧᠣᠰᠢᠨᠻᠯᠢᠨᠠᠯ ᠪᠣᠯᠤᠨ ᠬᠠᠭᠤᠷᠠᠢ ᠭᠠᠵᠠᠷ ᠊ᠤᠨ ᠲᠠᠷᠬᠠᠯᠲᠠᠨ ᠊ᠳᠤ ᠢᠯᠡᠷᠬᠡᠢ ᠨᠥᠯᠥᠭᠡ ᠦᠵᠡᠭᠦᠯᠦᠭᠰᠡᠨ᠃ ᠰᠠᠯᠠᠶᠢᠷ ᠪᠣᠯᠤᠨ ᠻᠠᠯᠧᠳᠣᠨ ᠊ᠤ ᠠᠲᠤᠷᠢᠶᠠᠰᠢᠯ ᠊ᠢᠢᠠᠷ ᠬᠥᠪᠰᠥᠭᠥᠯ ᠣᠷᠴᠢᠮ᠂ ᠬᠠᠩᠭᠠᠢ ᠊ᠢᠢᠨ ᠠᠭᠤᠯᠠᠷᠬᠠᠭ ᠨᠤᠲᠤᠭ ᠊ᠤᠨ ᠪᠠᠷᠠᠭᠤᠨ ᠬᠣᠶᠢᠳᠤ ᠬᠠᠭᠠᠰ ᠳ.ᠲ.ᠳ ᠭᠠᠷᠴᠤ ᠬᠠᠭᠤᠷᠠᠢ ᠭᠠᠵᠠᠷ ᠪᠣᠯᠤᠭᠠᠳ ᠡᠷᠲᠡ ᠲᠥᠷᠥᠮᠡᠯ ᠊ᠦᠨ ᠡᠷᠢᠨ ᠊ᠦ 2 ᠊ᠳᠦᠭᠠᠷ ᠬᠠᠭᠠᠰ ᠊ᠤᠨ ᠲᠤᠷᠰᠢᠳᠠ ᠬᠠᠭᠤᠷᠠᠢ ᠭᠠᠵᠠᠷ ᠬᠡᠪ ᠊ᠢᠢᠡᠷ ᠪᠠᠶᠢᠵᠠᠢ᠃ ᠭᠧᠷᠼᠢᠨ ᠊ᠦ ᠲᠧᠻᠲ᠋ᠣᠨᠢᠻ ᠬᠥᠳᠡᠯᠭᠡᠭᠡᠨ ᠊ᠦ ᠠᠩᠬᠠᠳᠤᠭᠠᠷ ᠦᠶ᠎ᠡ ᠱᠠᠲᠤᠨ ᠊ᠳᠤ ᠬᠠᠭᠤᠷᠠᠢ ᠭᠠᠵᠠᠷ ᠊ᠤᠨ ᠬᠡᠮᠵᠢᠶ᠎ᠡ ᠤᠯᠠᠮ ᠨᠡᠮᠡᠭᠳᠡᠵᠦ᠂ 2 ᠊ᠳᠦᠭᠠᠷ ᠦᠶ᠎ᠡ ᠱᠠᠲᠤᠨ ᠡᠴᠠ ᠡᠬᠢᠯᠡᠵᠦ ᠮᠣᠩᠭᠣᠯ ᠣᠷᠣᠨ ᠊ᠤ ᠨᠡᠶᠢᠲᠡ ᠨᠤᠲᠤᠭ ᠡᠴᠠ ᠳᠠᠯᠠᠢ ᠪᠦᠷᠢᠮᠥᠰᠦᠨ ᠲᠦᠷᠢᠭᠳᠡᠨ ᠦᠭᠡᠢ ᠪᠣᠯᠵᠤ ᠬᠠᠭᠤᠷᠠᠢ ᠭᠠᠵᠠᠷ ᠲᠣᠭᠲᠠᠵᠠᠢ᠃ ( ᠸ.ᠭ᠃ ᠸᠠᠰᠢᠯᠢᠶᠧᠹ) ᠫᠧᠷᠮᠢ ᠭᠠᠯᠪᠠ ᠊ᠢᠢᠨ ᠭᠧᠣᠰᠢᠨᠻᠯᠢᠨᠠᠯ ᠭᠧᠷᠼᠢᠨ ᠊ᠤ ᠬᠥᠳᠡᠯᠭᠡᠭᠡᠨ ᠊ᠳᠦ ᠠᠪᠲᠠᠭᠳᠠᠵᠤ ᠬᠤᠷᠠᠳᠠᠰᠤ ᠴᠢᠯᠠᠭᠤᠯᠢᠭ ᠠᠲᠤᠷᠢᠶᠠᠲᠤᠵᠤ ᠬᠠᠭᠤᠷᠠᠢ ᠭᠠᠵᠠᠷ ᠲᠣᠭᠲᠠᠭᠰᠠᠨ ᠊ᠢᠶᠠᠷ ᠮᠣᠩᠭᠣᠯ- ᠠᠯᠲᠠᠢ᠂ ᠬᠠᠩᠭᠠᠢ᠂ ᠬᠡᠨᠲᠡᠢ ᠊ᠢᠢᠨ ᠨᠢᠷᠤᠭᠤ᠂ ᠮᠣᠩᠭᠣᠯ ᠊ᠤᠨ ᠳᠣᠷᠣᠨᠠᠲᠤ ᠬᠠᠭᠠᠰ ᠊ᠳᠠᠬᠢ ᠠᠭᠤᠯᠠᠰ ᠊ᠤᠨ ᠡᠬᠢ ᠰᠠᠭᠤᠷᠢ ᠠᠩᠬ᠎ᠠ ᠲᠠᠯᠪᠢᠭᠳᠠᠵᠤ᠂ ᠣᠷᠴᠢᠨ ᠦᠶ᠎ᠡ ᠊ᠢᠢᠨ ᠠᠭᠤᠯᠠ ᠵᠦᠢ ᠊ᠢᠢᠨ ᠲᠣᠭᠲᠠᠯᠴᠠᠭ᠎ᠠ ᠳᠦᠷᠢ ᠲᠥᠷᠬᠥ ᠬᠡᠯᠪᠡᠷᠢᠵᠢᠨ ᠲᠣᠭᠲᠠᠵᠤ ᠢᠷᠡᠭᠰᠡᠨ ᠪᠠᠶᠢᠨ᠎ᠠ᠃ ᠮᠣᠩᠭᠣᠯ ᠣᠷᠣᠨ ᠊ᠤ ᠨᠤᠲᠤᠭ ᠲᠤ ᠡᠷᠲᠡ ᠲᠥᠷᠥᠮᠡᠯ ᠊ᠦᠨ ᠡᠷᠢᠨ ᠊ᠦ ᠲᠤᠷᠰᠢ ᠪᠠᠶᠢᠭᠰᠠᠨ ᠭᠧᠣᠰᠢᠨᠻᠯᠢᠨᠠᠯ ᠊ᠤᠨ ᠬᠣᠶᠢᠳᠤ ᠲᠠᠯ᠎ᠠ ᠊ᠳᠤ ᠰᠢᠪᠢᠷᠢ ᠊ᠢᠢᠨ ᠲᠠᠪᠴᠠᠩ᠂ ᠤᠷᠢᠳᠤ ᠲᠠᠯ᠎ᠠ ᠊ᠳᠤ ᠵᠡᠭᠦᠨ ᠭᠠᠷ ᠣᠷᠣᠨ ᠊ᠤ ᠲᠠᠷᠠᠮᠴᠠᠭ᠂ ᠬᠢᠲᠠᠳ ᠊ᠤᠨ ᠲᠠᠪᠴᠠᠩ ᠪᠠᠶᠢᠷᠢᠯᠠᠭᠰᠠᠨ ᠪᠣᠯᠬᠣ ᠪᠠᠷ ᠲᠧᠻᠲ᠋ᠣᠨᠢᠻ ᠬᠥᠳᠡᠯᠭᠡᠭᠡᠨ ᠲᠡᠳᠡᠭᠡᠷ ᠲᠦ ᠡᠷᠲᠡ ᠬᠠᠲᠠᠭᠤᠵᠢᠭᠰᠠᠨ ᠭᠠᠵᠠᠷ ᠊ᠤᠨ ᠨᠥᠯᠥᠭᠡ ᠪᠡᠷ ᠬᠤᠷᠠᠳᠠᠰᠤ ᠴᠢᠯᠠᠭᠤᠯᠢᠭ ᠊ᠤᠨ ᠲᠣᠳᠣᠷᠬᠠᠶᠢᠯᠠᠵᠤ ᠴᠢᠭ᠌ ᠪᠠᠷᠢᠵᠤ ᠠᠲᠤᠷᠢᠶᠠᠰᠢᠭᠤᠯᠵᠤ ᠪᠠᠶᠢᠪᠠ᠃

ᠳᠤᠮᠳᠠᠳᠤ ᠲᠥᠷᠦᠮᠡᠯ ᠊ᠦᠨ ᠡᠷᠢᠨ ᠪᠠ ᠭᠤᠷᠪᠠᠳᠠᠭᠴᠢ ᠭᠠᠯᠪᠠ ᠊ᠢᠢᠨ ᠦᠶ᠎ᠡ ᠱᠠᠲᠤ[засварлах | кодоор засварлах]

ᠳᠡᠯᠡᠬᠡᠢ ᠊ᠢᠢᠨ
ᠲᠧᠻᠲ᠋ᠣᠨᠢᠻ ᠊ᠤᠨ
ᠵᠢᠷᠤᠭ

ᠡᠨᠡ ᠡᠷᠡᠨ ᠡᠬᠢᠯᠡᠬᠦ ᠊ᠳᠦ ᠮᠣᠩᠭᠣᠯ ᠣᠷᠣᠨ ᠊ᠤ ᠠᠭᠤᠯᠠ ᠥᠨᠳᠥᠷᠯᠢᠭ ᠊ᠦᠨ ᠪᠠᠶᠢᠳᠠᠯ ᠲᠠᠢ ᠪᠠᠶᠢᠭᠰᠠᠨ ᠲᠤᠯᠠ ᠭᠠᠳᠠᠭᠠᠳᠤ ᠬᠦᠴᠦᠨ ᠊ᠳᠤ ᠡᠯᠢᠭᠡᠳᠡᠨ ᠡᠪᠳᠡᠷᠡᠬᠦ ᠦᠢᠯᠡ ᠶᠠᠪᠤᠴᠠ ᠵᠣᠩᠬᠢᠯᠠᠵᠤ ᠡᠯᠡᠭᠳᠡᠯ ᠊ᠦᠨ ᠮᠠᠲ᠋ᠧᠷᠢᠶᠠᠯ ᠪᠠᠶᠢᠭᠠᠯᠢ ᠨᠠᠭᠤᠷ ᠣᠷᠴᠢᠮ ᠪᠣᠯᠤᠨ ᠬᠢᠲᠠᠳ ᠊ᠤᠨ ᠨᠤᠲᠤᠭ ᠲᠤ ᠤᠷᠤᠰᠢᠬᠤ ᠤᠰᠤᠨ ᠰᠠᠩ ᠊ᠳᠤ ᠬᠤᠷᠠᠮᠲᠤᠯᠠᠭᠳᠠᠵᠤ ᠪᠠᠶᠢᠭᠰᠠᠨ ᠪᠣᠯᠤᠯᠲᠠᠢ᠃ ᠲᠡᠶᠢᠮᠦ ᠤᠴᠢᠷ ᠳᠤᠮᠳᠠ ᠲᠥᠷᠥᠮᠡᠯ ᠊ᠦᠨ ᠡᠬᠢᠨ ᠊ᠦ ᠭᠠᠯᠪᠠ ᠲᠷᠶᠠᠰ ᠊ᠤᠨ ᠬᠤᠷᠠᠳᠠᠰᠤ ᠵᠥᠪᠬᠡᠨ ᠣᠷᠬᠣᠨ᠂ ᠰᠡᠯᠡᠩᠭᠡ ᠊ᠢᠢᠨ ᠰᠠᠪᠠ᠂ ᠬᠡᠨᠲᠡᠢ ᠊ᠢᠢᠨ ᠵᠠᠷᠢᠮ ᠷᠠᠶᠣᠨ ᠊ᠳᠤ ᠣᠯᠳᠠᠵᠤ ᠪᠤᠰᠤᠳ ᠨᠤᠲᠤᠭ ᠲᠤ ᠳᠠᠭᠠᠷᠢᠯᠳᠤᠭᠠᠳᠤᠢ ᠪᠠᠶᠢᠨ᠎ᠠ᠃ ᠡᠨᠡ ᠠᠭᠤᠯᠠ ᠊ᠳᠤ ᠥᠨᠳᠥᠷᠯᠢᠭ ᠨᠢᠭᠡᠨᠲᠡ ᠬᠠᠲᠠᠭᠤᠵᠢᠨ ᠪᠡᠬᠢᠵᠢᠭᠰᠡᠨ ᠤᠴᠢᠷ ᠲᠧᠻᠲ᠋ᠣᠨᠢᠻ ᠬᠠᠭᠠᠷᠠᠯ ᠪᠣᠯᠵᠤ ᠭᠠᠯᠲᠤ ᠠᠭᠤᠯᠠ ᠊ᠢᠢᠨ ᠠᠵᠢᠯᠯᠠᠭ᠎ᠠ ᠢᠳᠡᠪᠬᠢᠵᠢᠵᠦ ᠪᠢᠯᠬᠠᠮᠠᠯ ᠴᠢᠯᠠᠭᠤᠯᠢᠭ ᠤᠨᠳᠤᠷᠤᠨ ᠭᠠᠷᠴᠤ ᠢᠷᠡᠬᠦ ᠶᠠᠪᠤᠳᠠᠯ ᠲᠦᠭᠡᠭᠡᠮᠡᠯ ᠪᠠᠶᠢᠵᠠᠢ᠃ ᠡᠶᠢᠮᠦ ᠊ᠳᠦ ᠰᠡᠯᠡᠩᠭᠡ ᠊ᠢᠢᠨ ᠰᠠᠪᠠ ᠭᠠᠵᠠᠷ ᠮᠡᠲᠦ ᠴᠥᠭᠡᠬᠡᠨ ᠬᠣᠲᠣᠭᠣᠷ ᠲᠤ ᠲᠤᠨᠤᠭᠰᠠᠨ ᠬᠤᠷᠠᠳᠠᠰᠤ ᠳᠣᠲᠣᠷ᠎ᠠ ᠪᠢᠶᠠᠪᠠᠽ᠂ ᠫᠤᠹᠢᠷᠢᠲ᠂ ᠠᠨ᠍ᠳᠧᠽᠢᠲ᠂ ᠫᠤᠹᠢᠷ ᠭᠡᠬᠦ ᠮᠡᠲᠦ ᠪᠢᠯᠬᠠᠮᠠᠯ ᠴᠢᠯᠠᠭᠤᠯᠢᠭ ᠲᠤᠨᠤᠮᠠᠯ ᠴᠢᠯᠠᠭᠤᠯᠢᠭ ᠲᠠᠢ ᠦᠶᠡᠯᠡᠭᠰᠡᠨ ᠳᠠᠪᠬᠤᠷ᠎ᠠ ᠲᠣᠭᠲᠠᠵᠤ ᠨᠡᠯᠢᠶᠡᠳ ᠵᠤᠵᠠᠭᠠᠨ ᠪᠢᠯᠬᠠᠮᠠᠯ ᠲᠤᠨᠤᠮᠠᠯ ᠬᠤᠷᠠᠳᠠᠰᠤ ᠊ᠢᠢ ᠡᠭᠦᠰᠬᠡᠵᠦ ᠪᠠᠶᠢᠳᠠᠭ᠃ ᠶᠦᠷ᠂ ᠴᠡᠷᠡᠳ ᠊ᠦᠨ ᠭᠠᠯᠪᠠ᠂ ᠭᠤᠷᠪᠠᠳᠠᠭᠴᠢ ᠭᠠᠯᠪᠠ ᠊ᠢᠢᠨ ᠬᠤᠷᠠᠳᠠᠰᠤ ᠨᠤᠭᠤᠳ ᠭᠣᠣᠯᠴᠢᠯᠠᠨ ᠲᠤᠰ ᠣᠷᠣᠨ ᠊ᠤ ᠵᠡᠭᠦᠨ ᠪᠠ ᠡᠮᠦᠨ᠎ᠡ ᠬᠠᠭᠠᠰ ᠲᠤ ᠲᠠᠷᠬᠠᠭᠰᠠᠨ ᠊ᠢ ᠦᠵᠡᠬᠦ ᠊ᠳᠦ ᠲᠡᠷᠡ ᠭᠠᠯᠪᠠ ᠨᠤᠭᠤᠳ ᠊ᠲᠤ ᠮᠣᠩᠭᠣᠯ ᠊ᠤᠨ ᠬᠣᠶᠢᠳᠤ ᠪᠠ ᠪᠠᠷᠠᠭᠤᠨ ᠬᠡᠰᠡᠭ ᠲᠦ ᠠᠭᠤᠯᠠ ᠊ᠢᠢᠨ ᠪᠠᠶᠢᠳᠠᠯ ᠲᠠᠢ ᠬᠡᠪ ᠊ᠢᠶᠡᠷ᠂ ᠬᠠᠷᠢᠨ ᠤᠷᠳᠤ᠂ ᠵᠡᠭᠦᠨ ᠵᠠᠬ᠎ᠠ ᠪᠠᠷ ᠬᠣᠲᠣᠶᠢᠯᠲᠠ ᠶᠠᠪᠤᠭᠳᠠᠵᠤ ᠬᠤᠷᠠᠳᠠᠰᠤ ᠲᠤᠩᠬᠤ ᠨᠥᠬᠥᠴᠡᠯ ᠪᠦᠷᠢᠯᠳᠦᠭᠰᠡᠨ ᠠᠵᠡᠢ᠃ ᠡᠨᠡ ᠭᠠᠯᠪᠠ ᠊ᠢᠢᠨ ᠡᠬᠢᠨ ᠪᠠ ᠳᠤᠮᠳᠠ ᠦᠶ᠎ᠡ ᠊ᠳᠦ ᠳᠣᠷᠣᠨᠠᠭᠣᠪᠢ᠂ ᠠᠯᠲᠠᠢ ᠊ᠢᠢᠨ ᠥᠪᠥᠷ ᠭᠣᠪᠢ ᠪᠣᠯᠤᠨ ᠮᠣᠩᠭᠣᠯ ᠠᠯᠲᠠᠢ᠂ ᠬᠠᠩᠭᠠᠢ᠂ ᠬᠥᠪᠰᠥᠭᠥᠯ ᠊ᠦᠨ ᠷᠠᠶᠣᠨ ᠊ᠳᠤ ᠊ᠬᠢ ᠬᠣᠲᠣᠭᠣᠷ ᠊ᠤᠳ ᠊ᠲᠤ ᠲᠤᠨᠤᠮᠠᠯ ᠬᠤᠷᠠᠳᠠᠰᠤ ᠬᠤᠷᠠᠮᠲᠤᠯᠠᠭᠳᠠᠬᠤ ᠊ᠢᠢᠨ ᠬᠠᠮᠲᠤ ᠭᠠᠯᠲᠤ ᠠᠭᠤᠯᠠ ᠊ᠢᠢᠨ ᠠᠵᠢᠯᠯᠠᠭ᠎ᠠ ᠪᠠᠷ ᠪᠢᠯᠬᠠᠮᠬᠢᠯ ᠴᠢᠯᠠᠭᠤᠯᠢᠭ ᠪᠠᠰᠠ ᠭᠠᠷᠴᠤ᠂ ᠬᠤᠷᠳᠤᠰᠤᠨ ᠊ᠤ ᠪᠦᠷᠢᠯᠳᠦᠬᠦᠨ ᠊ᠳᠦ ᠶᠡᠬᠡᠬᠡᠨ ᠣᠷᠣᠯᠴᠠᠵᠠᠢ᠃ ᠠᠩᠬᠠᠨ ᠊ᠳᠤ ᠪᠠᠨ ᠬᠠᠭᠤᠷᠠᠢ ᠭᠠᠵᠠᠷ ᠪᠣᠯᠤᠨ ᠤᠰᠤᠨ ᠊ᠤ ᠦᠢᠯᠡ ᠠᠵᠢᠯᠯᠠᠭ᠎ᠠ ᠬᠦᠴᠦᠲᠡᠢ ᠶᠠᠪᠤᠭᠳᠠᠨ᠂ ᠬᠣᠲᠣᠭᠣᠷ ᠊ᠤᠳ ᠳᠠᠬᠢ ᠣᠯᠠᠨ ᠨᠠᠭᠤᠷ ᠲᠤ ᠪᠦᠳᠦᠭᠦᠨ ᠮᠥᠬᠥᠯᠢᠭᠲᠦ ᠬᠤᠷᠠᠳᠠᠰᠤ ᠲᠤᠩᠵᠤ᠂ ᠡᠯᠡᠰᠦᠨ ᠴᠢᠯᠠᠭᠤ᠂ ᠮᠥᠯᠢᠭᠡᠷ ᠬᠥᠷᠵᠡᠩ ᠳᠠᠪᠷᠬᠤᠷ ᠡᠴᠠ ᠲᠣᠭᠲᠠᠭᠰᠠᠨ ᠪᠣᠯ᠂ ᠳᠠᠷᠠᠭ᠎ᠠ ᠨᠢ ᠡᠯᠡᠭᠳᠡᠯ ᠊ᠦᠨ ᠬᠦᠴᠦ ᠰᠤᠯᠠᠷᠠᠵᠤ᠂ ᠨᠠᠭᠤᠷ ᠊ᠤᠨ ᠬᠣᠲᠣᠭᠣᠷ ᠊ᠤᠨ ᠢᠷᠤᠭᠠᠷ ᠲᠤ ᠨᠠᠷᠢᠨ ᠮᠥᠬᠥᠯᠢᠭᠲᠦ ᠡᠯᠡᠰᠦ᠂ ᠨᠠᠩᠭᠢ ᠲᠤᠨᠤᠳᠠᠰᠤ ᠲᠤᠨᠵᠠᠢ᠃ ᠶᠦᠷ ᠊ᠦᠨ ᠭᠠᠯᠪᠠ ᠊ᠢᠢᠨ ᠳᠤᠮᠳᠠ ᠦᠶ᠎ᠡ ᠊ᠢᠢᠨ ᠰᠡᠭᠦᠯᠴᠢ ᠪᠡᠷ ᠠᠭᠤᠯᠠ ᠲᠣᠭᠲᠠᠬᠤ ᠬᠥᠳᠡᠯᠭᠡᠭᠡᠨ ᠶᠠᠪᠤᠭᠳᠠᠵᠤ᠂ ᠰᠢᠷᠭᠤᠮᠠᠯ ᠴᠢᠯᠠᠭᠤᠯᠢᠭ ᠥᠷᠭᠡᠨ ᠊ᠢᠢᠡᠷ ᠨᠡᠪᠲᠡᠷᠡᠨ ᠣᠷᠣᠵᠤ ᠢᠷᠡᠭᠰᠡᠨ ᠪᠥᠭᠡᠳ᠂ ᠲᠡᠳᠡᠭᠡᠷ ᠊ᠦᠨ ᠪᠦᠷᠢᠯᠳᠦᠬᠦᠨ ᠊ᠳᠦ ᠪᠣᠯᠣᠷᠲᠤ ᠫᠤᠷᠹᠢᠷ᠂ ᠪᠣᠷᠵᠢᠨ ᠪᠣᠯᠤᠨ ᠭᠷᠨᠣᠳᠢᠶᠠᠷᠢᠲ ᠭᠣᠣᠯ ᠰᠠᠭᠤᠷᠢ ᠊ᠢᠢ ᠡᠵᠡᠯᠡᠨ᠎ᠡ᠃ ᠶᠦᠷ ᠊ᠦᠨ ᠰᠡᠭᠦᠯ ᠊ᠦᠨ ᠦᠶ᠎ᠡ ᠊ᠢᠢᠨ ᠬᠤᠷᠠᠳᠠᠰᠤ ᠲᠤᠰ ᠣᠷᠣᠨ ᠊ᠤ ᠵᠥᠪᠬᠡᠨ ᠵᠡᠭᠦᠨ ᠬᠡᠰᠡᠭ ᠲᠦ ᠲᠦᠭᠡᠭᠡᠮᠡᠯ ᠲᠠᠷᠬᠠᠭᠰᠠᠨ ᠪᠥᠭᠡᠳ᠂ ᠲᠡᠭᠦᠨ ᠊ᠦ ᠪᠦᠷᠢᠯᠳᠦᠬᠦᠨ ᠊ᠳᠦ ᠪᠢᠯᠬᠠᠮᠠᠯ ᠴᠢᠯᠠᠭᠤᠯᠢᠭ ᠵᠣᠩᠬᠢᠶᠠᠯᠠᠬᠤ ᠲᠤᠯᠠ ᠡᠨᠡ ᠦᠶ᠎ᠡ ᠊ᠳᠦ ᠭᠠᠯᠲᠤ ᠠᠭᠤᠯᠠ ᠊ᠢᠢᠨ ᠠᠵᠢᠯᠯᠠᠭ᠎ᠠ ᠬᠦᠴᠦᠲᠡᠢ ᠶᠠᠪᠤᠭᠳᠠᠵᠤ ᠪᠠᠶᠢᠵᠠᠢ᠃ ᠳᠡᠭᠡᠳᠦ ᠶᠦᠷ ᠊ᠦᠨ ᠡᠴᠦᠰ ᠊ᠢᠢᠡᠷ ᠠᠭᠤᠯᠠ ᠲᠣᠭᠲᠠᠬᠤ ᠬᠥᠳᠡᠯᠭᠡᠭᠡᠨ ᠳᠠᠬᠢᠨ ᠢᠳᠡᠪᠬᠢᠵᠢᠵᠦ ᠪᠣᠷᠵᠢᠨ ᠴᠢᠯᠠᠭᠤ᠂ ᠰᠢᠷᠭᠤᠮᠠᠯ ᠬᠤᠷᠠᠳᠠᠰᠤ ᠴᠢᠯᠠᠭᠤᠯᠢᠭ ᠲᠤ ᠨᠡᠪᠴᠢᠬᠦ ᠶᠠᠪᠤᠳᠠᠯ ᠥᠷᠭᠡᠨ ᠳᠡᠯᠭᠡᠷ ᠪᠣᠯᠵᠠᠢ᠃ ᠴᠡᠷᠡᠳ ᠊ᠦᠨ ᠭᠠᠯᠪᠠ ᠊ᠢᠢᠨ ᠬᠤᠷᠠᠳᠠᠰᠤ ᠮᠣᠩᠭᠣᠯ ᠊ᠤᠨ ᠵᠡᠭᠦᠨ ᠪᠠ ᠡᠮᠦᠨ᠎ᠡ ᠬᠡᠰᠡᠭ ᠊ᠦᠨ ᠣᠷᠴᠢᠨ ᠦᠶ᠎ᠡ ᠊ᠢᠢᠨ ᠬᠣᠲᠣᠭᠣᠷ ᠊ᠢᠶᠠᠷ ᠶᠡᠬᠡ ᠲᠦᠭᠡᠭᠡᠮᠡᠯ᠃ ᠤᠷᠢᠳᠤᠬᠢ ᠭᠠᠯᠪᠠ ᠊ᠳᠤ ᠪᠤᠢ ᠪᠣᠯᠤᠭᠰᠠᠨ ᠬᠣᠲᠣᠰ ᠊ᠤᠳ ᠡᠨᠡ ᠭᠠᠯᠪᠠ ᠊ᠳᠤ ᠥᠷᠭᠡᠵᠢᠵᠦ᠂ ᠳᠤᠮᠳᠠ ᠪᠠᠨ ᠣᠯᠠᠨ ᠠᠷᠠᠯ ᠊ᠤᠳ ᠲᠠᠢ ᠳᠣᠲᠣᠭᠠᠳᠤ ᠊ᠢᠢᠨ ᠲᠡᠩᠭᠢᠰ ᠮᠠᠶ᠋ᠢᠭ ᠊ᠤᠨ ᠲᠣᠮᠣᠬᠠᠨ ᠤᠰᠤᠨ ᠰᠠᠩ ᠬᠥᠭᠵᠢᠵᠦ᠂ ᠥᠭᠡᠷᠡᠴᠢᠯᠡᠭᠳᠡᠭᠰᠡᠭᠡᠷ ᠶᠠᠪᠤᠭᠠᠨ ᠊ᠳᠠᠭᠠᠨ ᠪᠠᠭᠠᠰᠴᠤ ᠢᠷᠡᠵᠡᠢ᠃ ᠬᠠᠭᠤᠷᠠᠢ ᠭᠠᠵᠠᠷ ᠲᠤ ᠳᠣᠣᠷᠠᠳᠤ ᠴᠡᠷᠡᠳ ᠊ᠦᠨ ᠳᠤᠮᠳᠠ ᠦᠶ᠎ᠡ ᠪᠡᠷ ᠤᠷᠭᠤᠮᠠᠯ ᠡᠯᠪᠡᠭ ᠪᠠᠶᠢᠭᠰᠠᠨ ᠲᠤᠯᠠ ᠵᠢᠵᠢᠭᠡᠪᠲᠦᠷ ᠪᠥᠭᠯᠡᠭᠦᠦ ᠨᠠᠭᠤᠷ ᠲᠤ ᠨᠡᠭᠦᠷᠡᠰᠦ ᠬᠤᠷᠠᠮᠲᠤᠯᠠᠭᠳᠠᠬᠤ ᠊ᠢᠢᠨ ᠬᠠᠮᠲᠤ ᠬᠠᠭᠤᠷᠠᠢ ᠭᠠᠵᠠᠷ ᠲᠤ ᠬᠣᠯᠪᠣᠭ᠎ᠠ ᠲᠠᠢ ᠠᠳᠤᠭᠤᠰᠤᠨ ᠠᠮᠢᠲᠠᠳ ᠡᠯᠪᠡᠭᠰᠢᠵᠦ᠂ ᠰᠢᠪᠠᠭᠤ ᠠᠭᠠᠷᠴᠠᠭ ᠲᠤ ᠳ᠋ᠢᠨᠦᠽᠠᠸᠷ ᠮᠡᠲᠦ ᠬᠡᠪᠡᠯᠢ ᠪᠡᠷ ᠶᠠᠪᠤᠭᠴᠢᠳ ᠠᠮᠢᠳᠤᠷᠠᠬᠤ ᠪᠣᠯᠤᠭᠰᠠᠨ᠃ ᠳᠣᠣᠷᠠᠳᠤ ᠴᠡᠷᠡᠳ ᠊ᠦᠨ ᠡᠴᠦᠰ ᠊ᠢᠢᠡᠷ ᠨᠠᠭᠤᠷ ᠊ᠤᠳ ᠪᠠᠭᠠᠰᠤᠨ᠂ ᠬᠠᠭᠤᠷᠠᠢ ᠭᠠᠵᠠᠷ ᠊ᠤᠨ ᠬᠡᠮᠵᠢᠶ᠎ᠡ ᠨᠡᠮᠡᠭᠳᠡᠵᠦ ᠢᠷᠡᠭᠡᠳ ᠠᠭᠤᠯᠠ ᠲᠣᠭᠲᠠᠬᠤ ᠬᠥᠳᠡᠯᠭᠡᠭᠡᠨ ᠪᠣᠯᠵᠤ᠂ ᠡᠨᠡ ᠬᠥᠳᠡᠯᠭᠡᠭᠡᠨ ᠊ᠢᠢᠡᠷ ᠠᠲᠤᠷᠢᠶᠠᠲᠤ ᠴᠤᠯᠳᠠᠨ ᠠᠭᠤᠯᠠᠰ ᠲᠣᠭᠲᠠᠨ᠂ ᠰᠠᠭᠤᠷᠢᠯᠢᠭ ᠯᠠᠪᠠ ᠪᠢᠯᠬᠠᠨ ᠨᠠᠭᠤᠷ ᠊ᠤᠨ ᠢᠷᠤᠭᠠᠷ ᠠᠭᠤᠯᠠ ᠊ᠢᠢᠨ ᠬᠣᠭᠣᠷᠣᠨᠳᠣᠬᠢ ᠨᠠᠮ ᠭᠠᠵᠠᠷ ᠊ᠢ ᠬᠤᠴᠢᠬᠤ ᠊ᠢᠢᠨ ᠬᠠᠮᠲᠤ ᠪᠣᠷᠵᠢᠨ ᠫᠤᠷᠹᠢᠷ ᠊ᠤᠨ ᠨᠡᠪᠴᠢᠬᠦ ᠶᠠᠪᠤᠴᠠ ᠬᠦᠴᠦᠲᠡᠢ ᠪᠣᠯᠤᠭᠰᠠᠨ᠃ ᠳᠡᠭᠡᠳᠦ ᠴᠡᠷᠡᠳ ᠲᠦ ᠳᠤᠷᠢᠳᠠᠭᠰᠠᠨ ᠠᠲᠤᠷᠢᠶᠠᠲᠤ ᠴᠤᠯᠳᠠᠨ ᠠᠭᠤᠯᠠ ᠡᠯᠢᠭᠡᠳᠡᠨ ᠡᠪᠳᠡᠷᠡᠵᠦ᠂ ᠡᠯᠡᠭᠳᠡᠯ ᠊ᠦᠨ ᠬᠡᠮᠬᠡᠳᠡᠰᠦ ᠡᠳ᠋ ᠬᠣᠷᠣᠭᠳᠠᠵᠤ ᠪᠠᠭᠠᠰᠤᠭᠰᠠᠨ ᠨᠠᠭᠤᠷ ᠊ᠤᠳ ᠊ᠲᠤ ᠮᠥᠨ ᠬᠤᠷᠠᠮᠲᠤᠯᠠᠭᠳᠠᠭᠰᠠᠭᠠᠷ ᠪᠠᠶᠢᠵᠠᠢ᠃ ᠨᠠᠭᠤᠷ ᠲᠤ ᠲᠤᠨᠤᠭᠰᠠᠨ ᠬᠤᠷᠠᠳᠠᠰᠤ ᠊ᠢᠢᠨ ᠪᠦᠷᠢᠯᠳᠦᠬᠦᠨ ᠊ᠳᠦ ᠶᠠᠩᠵᠤ ᠪᠦᠷᠢ ᠊ᠢᠢᠨ ᠥᠩᠭᠡ ᠊ᠢᠢᠨ ᠨᠠᠩᠭᠢ᠂ ᠪᠦᠳᠦᠭᠦᠨ ᠮᠥᠬᠥᠯᠢᠭᠲᠦ ᠡᠯᠡᠰᠦᠨ ᠴᠢᠯᠠᠭᠤ᠂ ᠱᠣᠬᠣᠢ ᠊ᠢᠢᠨ ᠴᠢᠯᠠᠭᠤ᠂ ᠨᠠᠩᠭᠢᠯᠢᠭ ᠵᠠᠨᠠᠷ᠂ ᠮᠥᠯᠢᠭᠡᠷ ᠬᠥᠷᠵᠡᠩ ᠭᠣᠣᠯᠯᠠᠨ᠎ᠠ᠃ ᠡᠨᠡ ᠭᠠᠯᠪᠠ ᠊ᠢᠢᠨ ᠡᠴᠦᠰ ᠊ᠢᠢᠡᠷ ᠪᠣᠯᠤᠭᠰᠠᠨ ᠲᠧᠻᠲ᠋ᠣᠨᠢᠻ ᠬᠥᠳᠡᠯᠭᠡᠭᠡᠨ ᠬᠦᠴᠦ ᠪᠠᠭᠠ ᠲᠠᠢ ᠲᠤᠯᠠ ᠰᠢᠨᠡᠬᠡᠨ ᠬᠤᠷᠠᠳᠠᠰᠤ ᠊ᠢᠢ ᠨᠠᠯᠠᠭᠤ ᠠᠲᠤᠷᠢᠶᠠᠨ ᠊ᠳᠤ ᠣᠷᠣᠭᠤᠯᠵᠤ᠂ ᠭᠠᠳᠠᠷᠭᠤ ᠶᠠᠯᠢᠬᠤ ᠦᠭᠡᠢ ᠡᠷᠭᠦᠭᠳᠡᠵᠡᠢ᠃ ᠶᠦᠷ ᠊ᠦᠨ ᠭᠠᠯᠪᠠ ᠊ᠳᠤ ᠲᠧᠻᠲ᠋ᠣᠨᠢᠻ ᠬᠥᠳᠡᠯᠭᠡᠭᠡᠨ ᠨᠡᠯᠢᠶᠡᠳ ᠬᠦᠴᠦᠲᠡᠢ ᠶᠠᠪᠤᠭᠳᠠᠵᠤ᠂ ᠳᠣᠲᠣᠭᠠᠳᠤ ᠊ᠢᠢᠨ ᠲᠣᠮᠣ ᠲᠣᠮᠣ ᠬᠣᠲᠠᠰ ᠬᠣᠩᠬᠣᠷ ᠲᠤᠰ ᠣᠷᠣᠨ ᠊ᠤ ᠵᠡᠭᠦᠨ ᠪᠠ ᠡᠮᠦᠨ᠎ᠡ ᠬᠠᠭᠠᠰ ᠲᠤ ᠭᠣᠣᠯᠴᠢᠯᠠᠨ ᠡᠭᠦᠰᠴᠦ᠂ ᠴᠢᠨᠠᠭᠰᠢᠳᠠ ᠪᠠᠨ ᠪᠠᠭᠠᠰᠴᠤ ᠶᠡᠬᠡᠰᠬᠦ ᠵᠡᠷᠭᠡ ᠪᠡᠷ ᠬᠤᠪᠢᠷᠠᠵᠤ ᠪᠠᠶᠢᠭᠰᠠᠨ ᠡᠴᠠ ᠪᠢᠰᠢ ᠣᠭᠲᠣ ᠦᠭᠡᠢ ᠪᠣᠯᠵᠤ᠂ ᠦᠨᠳᠦᠰᠦ ᠪᠡᠷ ᠊ᠢᠶᠡᠨ ᠥᠭᠡᠷᠡᠴᠢᠯᠡᠭᠳᠡᠭᠡᠳᠦᠢ ᠲᠤᠯᠠ ᠣᠷᠴᠢᠨ ᠦᠶ᠎ᠡ ᠊ᠢᠢᠨ ᠨᠠᠮ ᠭᠠᠵᠠᠷ ᠊ᠤᠳ ᠊ᠤᠨ ᠡᠬᠢ ᠡᠭᠦᠰᠪᠦᠷᠢ ᠲᠡᠷᠡ ᠦᠶ᠎ᠡ ᠊ᠳᠦ ᠬᠡᠯᠪᠡᠷᠢᠵᠢᠨ ᠲᠣᠭᠲᠠᠭᠰᠠᠨ ᠭᠡᠵᠦ ᠦᠵᠡᠳᠡᠭ᠃ ᠬᠣᠲᠣᠭᠣᠷ ᠊ᠤᠳ ᠠᠩᠬ᠎ᠠ ᠭᠧᠷᠼᠢᠨ ᠊ᠤ ᠠᠭᠤᠯᠠ ᠲᠣᠭᠲᠠᠬᠤ ᠬᠥᠳᠡᠯᠭᠡᠭᠡᠨ ᠊ᠢᠢᠡᠷ ᠠᠩᠬ᠎ᠠ ᠪᠦᠷᠢᠯᠳᠦᠭᠰᠡᠨ᠃ ᠠᠯᠲᠠᠢ᠂ ᠬᠠᠩᠭᠠᠢ᠂ ᠬᠡᠨᠲᠡᠢ ᠊ᠢᠢᠨ ᠠᠭᠤᠯᠠᠲᠤ ᠥᠨᠳᠥᠷᠯᠢᠭ ᠊ᠢ ᠬᠠᠶᠠᠭᠠᠯᠠᠨ ᠬᠦᠷᠢᠶᠡᠯᠡᠵᠦ ᠲᠣᠭᠲᠠᠭᠰᠠᠨ ᠪᠣᠯᠬᠣᠷ ᠠᠭᠤᠯᠠ ᠵᠦᠢ ᠊ᠢᠢᠨ ᠶᠡᠷᠦᠩᠬᠡᠢ ᠬᠡᠪ ᠡᠪᠳᠡᠭᠳᠡᠭᠡᠳᠦᠢ᠂ ᠬᠠᠷᠢᠨ ᠡᠷᠲᠡ ᠲᠥᠷᠥᠮᠡᠯ ᠊ᠦᠨ ᠡᠷᠢᠨ ᠊ᠦ ᠰᠡᠭᠦᠯ ᠦᠶ᠎ᠡ ᠊ᠢᠢᠨ ᠊ᠬᠢ ᠊ᠢᠢ ᠤᠯᠠᠮᠵᠢᠯᠠᠨ ᠳᠠᠭᠠᠭᠰᠠᠨ ᠪᠠᠶᠢᠨ᠎ᠠ᠃ ᠳᠤᠮᠳᠠ ᠲᠥᠷᠥᠮᠡᠯ ᠊ᠦᠨ ᠡᠷᠢᠨ ᠊ᠦ ᠲᠤᠷᠰᠢᠳᠠ ᠮᠣᠩᠭᠣᠯ ᠣᠷᠣᠨ ᠨᠡᠶᠢᠲᠡ ᠊ᠳᠦ ᠊ᠪᠡᠨ ᠪᠤᠶᠤ ᠶᠠᠭᠤ ᠴᠤ ᠭᠡᠰᠡᠨ ᠲᠡᠭᠦᠨ ᠊ᠦ ᠪᠠᠷᠠᠭᠤᠨ ᠪᠠ ᠬᠣᠶᠢᠳᠤ ᠬᠠᠭᠠᠰ ᠊ᠤᠨ ᠨᠤᠲᠤᠭ ᠡᠯᠡᠭᠳᠡᠯ ᠊ᠦᠨ ᠠᠰᠤᠷᠤ ᠲᠣᠮᠣ ᠭᠠᠳᠠᠷᠭᠤ ᠰᠢᠨᠵᠢ ᠲᠡᠢ ᠪᠣᠯᠤᠭᠰᠠᠨ᠃ ᠡᠭᠦᠨ ᠊ᠢ ᠢ.ᠫ᠂ ᠭᠧᠷᠰᠢᠮᠣᠸ᠂ ᠶᠧ.ᠮ᠃ ᠯᠠᠪᠷᠢᠨ᠍ᠻᠣᠸ ᠨᠠᠷ ᠮᠣᠩᠭᠣᠯ ᠊ᠤᠨ ᠳᠤᠮᠳᠠ ᠲᠥᠷᠥᠮᠡᠯ ᠊ᠦᠨ ᠡᠯᠡᠭᠳᠡᠯ ᠊ᠦᠨ ᠭᠠᠳᠠᠷᠭᠤ ᠭᠡᠵᠦ ᠨᠡᠷᠡᠯᠡᠵᠡᠢ᠃ ᠭᠤᠷᠪᠠᠳᠠᠭᠴᠢ ᠭᠠᠯᠪᠠ ᠊ᠢᠢᠨ ᠬᠣᠶᠠᠷ ᠊ᠳᠠᠬᠢ ᠬᠠᠭᠠᠰ ᠡᠴᠠ ᠮᠣᠩᠭᠣᠯ ᠊ᠤᠨ ᠪᠠᠷᠠᠭᠤᠨ ᠬᠣᠶᠢᠳᠤ ᠨᠠᠭᠤᠷ ᠊ᠤᠳ ᠡᠷᠡᠰ ᠬᠣᠷᠣᠭᠳᠠᠵᠤ᠂ ᠬᠠᠭᠤᠴᠢᠨ ᠨᠠᠭᠤᠷ ᠊ᠤᠨ ᠰᠠᠪᠠ ᠭᠠᠵᠠᠷ ᠭᠣᠣᠯ ᠊ᠤᠨ ᠭᠣᠯᠢᠳᠡᠷᠠᠯ ᠪᠣᠯᠵᠤ ᠬᠤᠪᠢᠷᠠᠬᠤ ᠶᠠᠪᠤᠳᠠᠯ ᠴᠥᠭᠡᠨ ᠦᠭᠡᠢ ᠪᠠᠶᠢᠪᠠ᠃ ᠡᠨᠡ ᠭᠠᠯᠪᠠ ᠊ᠢᠢᠨ ᠰᠡᠭᠦᠯᠴᠢ ᠫᠯᠢᠶᠣᠼᠧᠨ ᠊ᠦ ᠦᠶ᠎ᠡ ᠊ᠳᠦ ᠨᠠᠭᠤᠷ ᠳᠠᠬᠢᠨ ᠣᠯᠠᠰᠢᠷᠠᠵᠤ ᠲᠤᠰ ᠣᠷᠣᠨ ᠊ᠤ ᠵᠡᠭᠦᠨ ᠬᠡᠰᠡᠭ ᠣᠯᠠᠨ ᠨᠠᠭᠤᠷ ᠲᠠᠢ ᠪᠣᠯᠤᠭᠰᠠᠨ᠃ ᠫᠯᠢᠶᠣᠼᠧᠨ ᠊ᠦ ᠡᠴᠦᠰ ᠊ᠢᠢᠡᠷ ᠠᠭᠤᠯᠠ ᠲᠣᠭᠲᠠᠬᠤ ᠠᠯᠫ ᠊ᠦᠨ ᠬᠦᠴᠦᠲᠡᠢ ᠬᠥᠳᠡᠯᠭᠡᠭᠡᠨ ᠊ᠦ ᠨᠥᠯᠥᠭᠡ ᠪᠡᠷ ᠮᠣᠩᠭᠣᠯ ᠊ᠤᠨ ᠳᠤᠮᠳᠠ ᠲᠥᠷᠥᠮᠡᠯ ᠊ᠦᠨ ᠡᠯᠡᠭᠳᠡᠯ ᠊ᠦᠨ ᠭᠠᠳᠠᠷᠭᠤ ᠊ᠳᠤ ᠡᠷᠡᠰ ᠥᠭᠡᠷᠡᠴᠢᠯᠡᠯᠲᠡ ᠣᠷᠣᠵᠤ᠂ ᠡᠯᠡᠭᠳᠡᠵᠦ ᠬᠠᠪᠲᠠᠶᠢᠭᠰᠠᠨ ᠠᠭᠤᠯᠠᠳᠤ ᠥᠨᠳᠥᠷᠯᠢᠭ ᠊ᠦᠳ ᠰᠡᠷᠭᠦᠭᠡᠭᠳᠡᠨ᠂ ᠳᠠᠬᠢᠨ ᠰᠦᠨᠳᠡᠷᠯᠡᠨ ᠲᠤᠰ ᠣᠷᠣᠨ ᠊ᠤ ᠨᠡᠶᠢᠲᠡ ᠭᠠᠳᠠᠷᠭᠤ ᠊ᠢᠢᠨ ᠲᠥᠷᠬᠥ ᠣᠨᠳᠣᠣ ᠪᠣᠯᠵᠠᠢ᠃

ᠳᠥᠷᠪᠡᠳᠡᠭᠴᠢ ᠭᠠᠯᠪᠠ ᠊ᠢᠢᠨ ᠦᠶ᠎ᠡ ᠱᠠᠲᠤ[засварлах | кодоор засварлах]

ᠳᠥᠷᠪᠡᠳᠡᠭᠴᠢ ᠭᠠᠯᠪᠠ ᠊ᠢᠢᠨ ᠡᠬᠢ ᠪᠡᠷ ᠠᠭᠤᠯᠠ ᠲᠣᠭᠲᠠᠬᠤ ᠠᠯᠫ ᠊ᠦᠨ ᠬᠥᠳᠡᠯᠭᠡᠭᠡᠨ ᠦᠷᠭᠦᠯᠵᠢᠯᠡᠵᠦ᠂ ᠬᠣᠲᠣᠭᠣᠷ ᠭᠦᠳᠦᠭᠦᠷ ᠥᠭᠡᠷᠡᠴᠢᠯᠡᠭᠳᠡᠨ ᠪᠠᠶᠢᠭᠤᠯᠤᠭᠳᠠᠬᠤ ᠦᠢᠯᠡ ᠶᠠᠪᠤᠴᠠ ᠪᠣᠯᠤᠭᠰᠠᠭᠠᠷ ᠪᠠᠶᠢᠪᠠ᠃ ᠲᠧᠻᠲ᠋ᠣᠨᠢᠻ ᠬᠥᠳᠡᠯᠭᠡᠭᠡᠨ ᠊ᠦ ᠬᠦᠴᠦ ᠪᠠᠷᠠᠭᠤᠨ ᠪᠣᠯᠤᠨ ᠬᠣᠶᠢᠳᠤ ᠵᠦᠭ ᠊ᠦᠨ ᠨᠤᠲᠤᠭ ᠲᠤ ᠶᠡᠬᠡ ᠪᠠᠶᠢᠭᠰᠠᠨ ᠲᠤᠯᠠ ᠬᠠᠭᠤᠴᠢᠨ ᠠᠭᠤᠯᠠ ᠥᠨᠳᠥᠷ ᠲᠦ ᠡᠷᠭᠦᠭᠳᠡᠭᠰᠡᠨ ᠊ᠢᠢᠡᠷ ᠠᠯᠲᠠᠢ᠂ ᠬᠠᠩᠭᠠᠢ᠂ ᠬᠡᠨᠲᠡᠢ ᠊ᠢᠢᠨ ᠨᠢᠷᠤᠭᠤ ᠡᠳᠦᠭᠡ ᠊ᠢᠢᠨ ᠊ᠢᠢᠠᠨ ᠪᠠᠶᠢᠳᠠᠯ ᠊ᠳᠤ ᠣᠷᠣᠭᠰᠠᠨ᠃ ᠳᠣᠷᠣᠨ᠎ᠠ᠂ ᠡᠮᠦᠨ᠎ᠡ ᠬᠡᠰᠡᠭ ᠲᠦ ᠳᠤᠮᠳᠠ ᠲᠥᠷᠥᠮᠡᠯ ᠊ᠦᠨ ᠡᠷᠢᠨ ᠊ᠳᠦ ᠲᠣᠳᠣᠷᠬᠠᠢ ᠲᠣᠭᠲᠠᠵᠤ ᠪᠦᠷᠢᠯᠳᠦᠭᠰᠡᠨ ᠨᠠᠮ ᠭᠠᠵᠠᠷ ᠲᠤ ᠬᠥᠳᠡᠯᠭᠡᠭᠡᠨ ᠊ᠦ ᠬᠦᠴᠦ ᠰᠤᠯᠠᠪᠲᠤᠷ ᠪᠠᠶᠢᠭᠰᠠᠨ ᠲᠤᠯᠠ ᠬᠣᠲᠣᠭᠣᠷ ᠭᠦᠳᠦᠭᠦᠷ ᠊ᠦᠨ ᠣᠷᠣᠨ ᠨᠤᠲᠤᠭ ᠊ᠤᠨ ᠴᠢᠨᠠᠷ ᠲᠠᠢ ᠬᠠᠷᠢᠴᠠᠩᠭᠤᠢ ᠪᠠᠭ᠎ᠠ ᠰᠢᠭ ᠢᠯᠭᠠᠭ᠎ᠠ ᠭᠠᠷᠴᠠᠢ᠃ ᠠᠯᠫ ᠊ᠦᠨ ᠬᠥᠳᠡᠯᠭᠡᠭᠡᠨ ᠶᠠᠪᠤᠴᠠ ᠳᠤᠮᠳᠠ ᠭᠠᠯᠲᠤ ᠠᠭᠤᠯᠠ ᠊ᠢᠢᠨ ᠦᠵᠡᠭᠳᠡᠯ ᠨᠡᠯᠢᠶᠡᠳ ᠨᠤᠲᠤᠭ ᠲᠤ ᠳᠡᠯᠭᠡᠷᠴᠢ ᠮᠠᠭ᠌ᠮᠠ ᠠᠨ ᠴᠠᠪ ᠊ᠢᠶᠠᠷ ᠪᠢᠯᠬᠠᠨ ᠭᠠᠷᠬᠤ ᠊ᠢᠢᠨ ᠵᠡᠷᠭᠡᠴᠡᠭᠡ ᠭᠠᠯᠲᠤ ᠠᠭᠤᠯᠠ ᠊ᠢᠢᠨ ᠡᠷᠦᠬᠡ ᠪᠡᠷ ᠳᠠᠮᠵᠢᠨ ᠣᠷᠭᠢᠯᠠᠵᠤ ᠪᠠᠶᠢᠪᠠ᠃

ᠡᠷᠦᠬᠡᠲᠦ ᠬᠡᠪ ᠰᠢᠨᠵᠢ ᠊ᠢᠢᠨ ᠭᠠᠯᠲᠤ ᠠᠭᠤᠯᠠᠰ ᠬᠠᠩᠭᠠᠢ ᠊ᠢᠢᠨ ᠨᠢᠷᠤᠭᠤ ᠂ ᠮᠣᠩᠭᠣᠯ ᠊ᠤᠨ ᠳᠣᠷᠣᠨᠠᠲᠤ ᠲᠠᠯ᠎ᠠ ᠵᠡᠷᠭᠡ ᠭᠠᠵᠠᠷ ᠲᠤ ᠲᠣᠳᠣ ᠦᠵᠡᠭᠳᠡᠬᠦ ᠪᠥᠭᠡᠳ ᠣᠷᠴᠢᠨ ᠲᠣᠭᠣᠷᠢᠨ ᠊ᠳᠤ ᠨᠢ ᠯᠠᠪᠠ ᠪᠠᠭ᠍ ᠊ᠠ᠋ ᠦᠭᠡᠢ ᠲᠠᠷᠬᠠᠭᠰᠠᠨ ᠪᠠᠶᠢᠨ᠎ᠠ᠃ ᠠᠨ ᠴᠠᠪ ᠊ᠤᠨ ᠪᠢᠯᠬᠠᠯᠲᠠ ᠪᠠᠷ ᠭᠠᠷᠴᠤ ᠢᠷᠡᠭᠰᠡᠨ ᠯᠠᠪᠠ ᠪᠦᠷᠢ ᠴᠦ ᠶᠡᠬᠡ ᠭᠠᠵᠠᠷ ᠊ᠢ ᠪᠥᠷᠬᠥᠵᠦ ᠬᠥᠪᠰᠥᠭᠥᠯ ᠣᠷᠴᠢᠮ᠂ ᠬᠡᠨᠲᠡᠢ᠂ ᠭᠣᠪᠢ ᠊ᠢᠢᠨ ᠵᠠᠷᠢᠮ ᠨᠤᠲᠤᠭ ᠲᠤ ᠯᠠᠪᠠ ᠊ᠢᠢᠨ ᠪᠡᠯᠴᠡᠭ ᠲᠣᠭᠲᠠᠵᠠᠢ᠃ ᠳᠥᠷᠪᠡᠳᠡᠭᠴᠢ ᠭᠠᠯᠪᠠ ᠊ᠢᠢᠨ ᠡᠬᠢ ᠪᠡᠷ ᠶᠠᠪᠤᠭᠳᠠᠭᠰᠠᠨ ᠠᠭᠤᠯᠠ ᠲᠣᠭᠲᠠᠬᠤ ᠠᠯᠫ ᠊ᠦᠨ ᠬᠥᠳᠡᠯᠭᠡᠭᠡᠨ ᠲᠡᠷᠡ ᠦᠶ᠎ᠡ ᠊ᠳᠦ ᠬᠦᠴᠦᠲᠡᠢ ᠦᠶ᠎ᠡ ᠱᠠᠲᠤ ᠨᠢ ᠲᠠᠭᠠᠷᠠᠵᠤ ᠥᠩᠭᠡᠷᠡᠭᠰᠡᠨ ᠪᠣᠯᠪᠠᠴᠤ ᠬᠥᠳᠡᠯᠭᠡᠭᠡᠨ ᠶᠠᠮᠠᠷ ᠨᠢᠭᠡ ᠬᠡᠮᠵᠢᠶ᠎ᠡ ᠪᠡᠷ ᠦᠷᠭᠦᠯᠵᠢᠯᠡᠭᠰᠡᠭᠡᠷ ᠣᠳᠣ ᠴᠤ ᠬᠠᠷᠠᠬᠠᠨ ᠳᠠᠭᠤᠰᠤᠭᠠᠳᠤᠢ ᠪᠠᠶᠢᠨ᠎ᠠ᠃ ᠥᠨᠳᠥᠷ ᠠᠭᠤᠯᠠᠰ ᠲᠣᠭᠲᠠᠬᠤ ᠊ᠳᠤ ᠠᠭᠤᠷ ᠠᠮᠢᠰᠬᠤᠯ ᠵᠣᠬᠢᠬᠤ ᠬᠡᠮᠵᠢᠶ᠎ᠡ ᠪᠡᠷ ᠥᠭᠡᠷᠡᠴᠢᠯᠡᠭᠳᠡᠵᠦ ᠠᠭᠤᠯᠠᠰ ᠊ᠤᠨ ᠳᠡᠭᠡᠳᠦ ᠪᠡᠶ᠎ᠡ ᠪᠡᠷ ᠣᠷᠣᠭᠰᠠᠨ ᠴᠠᠰᠤ ᠵᠤᠨ ᠊ᠤ ᠤᠯᠠᠷᠢᠯ ᠊ᠳᠤ ᠭᠦᠢᠴᠡᠳ ᠬᠠᠶᠢᠯᠠᠵᠤ ᠠᠮᠵᠢᠯ ᠦᠭᠡᠢ ᠬᠤᠷᠠᠮᠲᠤᠯᠠᠭᠳᠠᠭᠰᠠᠭᠠᠷ ᠮᠥᠰᠥᠳᠥᠯ ᠡᠭᠦᠰᠴᠦ ᠮᠥᠰᠦᠨ ᠭᠣᠣᠯ ᠊ᠤᠳ ᠬᠣᠲᠣᠭᠣᠷ ᠭᠦᠳᠦᠭᠦᠷ ᠊ᠢ ᠡᠯᠡᠭᠡᠵᠦ ᠡᠪᠳᠡᠯᠡᠬᠦ᠂ ᠬᠤᠷᠠᠳᠠᠰᠤ ᠬᠤᠷᠠᠯᠳᠤᠭᠤᠯᠬᠤ ᠠᠵᠢᠯᠯᠠᠭ᠎ᠠ ᠭᠦᠢᠴᠡᠳᠭᠡᠵᠡᠢ᠃ ᠡᠭᠦᠨ ᠊ᠦ ᠨᠥᠯᠥᠭᠡ ᠪᠡᠷ ᠮᠥᠰᠦᠨ ᠭᠣᠣᠯ ᠬᠠᠶᠢᠯᠠᠬᠤ ᠦᠶ᠎ᠡ ᠊ᠳᠦ ᠤᠷᠤᠰᠬᠠᠯ ᠤᠰᠤᠨ ᠊ᠤ ᠡᠪᠳᠡᠯᠡᠬᠦ ᠠᠵᠢᠯᠯᠠᠭ᠎ᠠ ᠊ᠢᠢ ᠤᠯᠠᠮ ᠬᠦᠴᠦᠲᠡᠢ ᠪᠣᠯᠭᠠᠵᠤ ᠭᠣᠣᠯ ᠮᠥᠷᠦᠳ ᠊ᠦᠨ ᠰᠦᠯᠵᠢᠶ᠎ᠡ ᠰᠢᠭᠢᠭᠦᠦ ᠪᠣᠯᠵᠤ᠂ ᠭᠣᠣᠯ ᠊ᠤᠨ ᠬᠤᠷᠠᠳᠤᠰᠤ ᠶᠡᠬᠡ ᠲᠦᠭᠡᠭᠡᠮᠡᠯ ᠲᠠᠷᠬᠠᠵᠤ ᠢᠷᠡᠵᠡᠢ᠃ ᠠᠭᠤᠯᠠᠰ ᠲᠤ ᠪᠠᠶᠢᠭᠠᠯᠢ ᠊ᠢᠢᠨ ᠥᠭᠢᠷᠡᠰᠢᠯ ᠪᠠᠭ᠎ᠠ ᠦᠭᠡᠢ ᠡᠭᠦᠷᠭᠡ ᠲᠡᠢ ᠪᠣᠯᠵᠤ᠂ ᠥᠭᠢᠷᠡᠰᠢᠨ ᠡᠪᠳᠡᠷᠡᠭᠰᠡᠨ ᠴᠢᠯᠠᠭᠤᠯᠢᠭ ᠊ᠤᠨ ᠬᠡᠮᠬᠡᠳᠡᠰᠦ ᠡᠭᠦᠰᠬᠦ᠂ ᠬᠦᠨᠳᠦ ᠊ᠢᠢᠨ ᠬᠦᠴᠦ᠂ ᠤᠰᠤᠨ ᠊ᠤ ᠦᠢᠯᠡᠳᠦᠯ ᠊ᠢᠢᠡᠷ ᠳᠣᠭᠣᠭᠰᠢ ᠭᠤᠯᠠᠰᠬᠤ ᠦᠢᠯᠡ ᠶᠠᠪᠤᠴᠠ ᠳᠡᠯᠭᠡᠷᠡᠨ ᠳᠧᠯᠶᠦ᠋ᠸᠢ᠂ ᠫᠷᠣᠯᠶᠦ᠋ᠸᠢ ᠊ᠢᠢᠨ ᠬᠤᠷᠠᠳᠠᠰᠤ ᠡ᠊ᠨᠳᠡ ᠲᠡᠨᠳᠡ ᠦᠭᠡᠢ ᠲᠣᠭᠲᠠᠭᠰᠠᠨ ᠪᠠᠶᠢᠨ᠎ᠠ᠃ 6᠃ ᠬᠣᠲᠣᠭᠣᠷ ᠭᠦᠳᠦᠭᠦᠷ ᠊ᠦᠨ ᠣᠷᠴᠢᠨ ᠦᠶ᠎ᠡ ᠊ᠢᠢᠨ ᠳᠦᠷᠰᠦ ᠬᠡᠯᠪᠡᠷᠢ ᠨᠢᠭᠡᠨᠲᠡ ᠳᠥᠷᠪᠡᠳᠡᠭᠴᠢ ᠭᠠᠯᠪᠠ ᠊ᠢᠢᠨ ᠦᠶ᠎ᠡ ᠊ᠳᠦ ᠭᠠᠳᠠᠭᠠᠳᠤ ᠳᠣᠲᠣᠭᠠᠳᠤ ᠬᠦᠴᠦᠨ ᠊ᠦ ᠬᠠᠪᠰᠤᠷᠤᠭᠰᠠᠨ ᠦᠢᠯᠡᠳᠦᠯ ᠊ᠢᠢᠡᠷ ᠪᠦᠷᠢᠯᠳᠦᠭᠰᠡᠨ᠃ ᠲᠧᠻᠲ᠋ᠣᠨᠢᠻ ᠬᠥᠳᠡᠯᠭᠡᠭᠡᠨ ᠊ᠢᠢᠡᠷ ᠪᠦᠷᠢᠯᠳᠦᠭᠰᠡᠨ ᠭᠠᠳᠠᠷᠭᠤ ᠊ᠳᠤ ᠭᠠᠳᠠᠭᠠᠳᠤ ᠬᠦᠴᠦᠨ ᠣᠨᠴᠠ ᠶᠡᠬᠡ ᠨᠥᠯᠥᠭᠡ ᠦᠵᠡᠭᠦᠯᠵᠦ᠂ ᠣᠷᠴᠢᠨ ᠦᠶ᠎ᠡ ᠊ᠢᠢᠨ ᠬᠣᠲᠣᠭᠣᠷ ᠭᠦᠳᠦᠭᠦᠷ ᠊ᠦᠨ ᠪᠦᠬᠦᠢ ᠯᠠ ᠣᠨᠴᠠᠯᠢᠭ᠂ ᠢᠯᠠᠩᠭᠤᠶ᠎ᠠ ᠪᠡᠰᠡᠷᠡᠭ ᠪᠠ ᠪᠢᠴᠢᠯ ᠬᠡᠯᠪᠡᠷᠢ ᠳᠦᠷᠰᠦ ᠭᠠᠳᠠᠭᠠᠳᠤ ᠬᠦᠴᠦᠨ ᠊ᠦ ᠦᠢᠯᠡᠳᠦᠯ ᠊ᠢᠢᠡᠷ ᠪᠦᠷᠢᠯᠳᠦᠵᠡᠢ᠃ ᠬᠣᠲᠣᠭᠣᠷ ᠭᠦᠳᠦᠭᠦᠷ ᠲᠦ ᠨᠡᠩ ᠶᠡᠬᠡ ᠨᠥᠯᠥᠭᠡ ᠦᠵᠡᠭᠦᠯᠦᠭᠰᠡᠨ ᠨᠢ ᠡᠷᠲᠡᠨ ᠊ᠦ ᠮᠥᠰᠥᠳᠥᠯ᠂ ᠣᠯᠠᠨ ᠵᠢᠯ ᠊ᠦᠨ ᠴᠡᠪᠳᠡᠭ ᠪᠠ ᠬᠦᠢᠲᠡᠨ ᠊ᠦ ᠥᠭᠢᠷᠡᠰᠢᠯ᠂ ᠤᠰᠤᠨ ᠊ᠤ ᠡᠯᠡᠭᠳᠡᠯ᠂ ᠲᠧᠻᠲ᠋ᠣᠨᠢᠻ ᠰᠢᠨᠡᠬᠡᠨ ᠬᠥᠳᠡᠯᠭᠡᠭᠡᠨ ᠶᠤᠮ᠃

ᠡᠷᠲᠡᠨ ᠊ᠦ ᠮᠥᠰᠥᠳᠥᠯ[засварлах | кодоор засварлах]

ᠡᠷᠲᠡᠨ ᠊ᠦ ᠮᠥᠰᠥᠳᠥᠯ ᠊ᠦᠨ ᠣᠷᠣ ᠮᠥᠷ ᠮᠣᠩᠭᠣᠯ ᠠᠯᠲᠠᠢ᠂ ᠬᠠᠩᠭᠠᠢ᠂ ᠬᠡᠨᠲᠡᠢ ᠊ᠢᠢᠨ ᠨᠢᠷᠤᠭᠤ᠂ ᠬᠥᠪᠰᠥᠭᠥᠯ ᠊ᠦᠨ ᠠᠭᠤᠯᠠᠰ ᠲᠤ ᠡᠯᠪᠡᠭ ᠲᠣᠬᠢᠶᠠᠯᠳᠤᠬᠤ ᠪᠠᠷ ᠪᠠᠷᠠᠬᠤ ᠦᠭᠡᠢ ᠭᠣᠪᠢ ᠠᠯᠲᠠᠢ ᠊ᠢᠢᠨ ᠨᠢᠷᠤᠭᠤᠨ ᠊ᠳᠤ ᠴᠤ ᠮᠡᠷ ᠰᠡᠷ ᠪᠠᠶᠢᠨ᠎ᠠ᠃ ᠡᠨᠡ ᠣᠷᠣ ᠮᠥᠷ ᠨᠢ ᠬᠣᠲᠣᠭᠣᠷ ᠭᠦᠳᠦᠭᠦᠷ ᠊ᠦᠨ ᠰᠡᠶᠢᠯᠦᠭᠡ ᠪᠣᠯᠤᠨ ᠬᠤᠷᠠᠮᠳᠤᠯᠠᠯ ᠊ᠤᠨ ᠳᠦᠷᠰᠦ ᠬᠡᠯᠪᠡᠷᠢ ᠪᠡᠷ ᠢᠯᠡᠷᠡᠨ᠎ᠡ᠃ ᠰᠡᠶᠢᠯᠦᠭᠡ ᠬᠡᠯᠪᠡᠷᠢ ᠡᠴᠡ ᠠᠭᠤᠯᠠᠰ ᠊ᠤᠨ ᠳᠡᠭᠡᠳᠦ ᠪᠡᠶ᠎ᠡ ᠊ᠳᠦ ᠪᠤᠢ ᠪᠣᠯᠤᠭᠰᠠᠨ ᠡᠭᠴᠡ ᠬᠠᠨ᠎ᠠ ᠲᠠᠢ᠂ ᠵᠠᠷᠢᠮ ᠊ᠳᠤ ᠪᠠᠨ ᠠᠰᠤᠷᠤ ᠲᠣᠮᠣ ᠬᠡᠮᠵᠢᠶᠡᠨ ᠊ᠦ ᠬᠤᠩᠬᠤ᠂ ᠲᠡᠪᠰᠢᠨ ᠬᠥᠨᠳᠡᠢ ᠂ ᠡᠯᠭᠦᠭᠦᠷ ᠬᠥᠨᠳᠡᠢ ᠲᠣᠳᠣ ᠦᠵᠡᠭᠳᠡᠨ᠎ᠡ᠃ ᠬᠤᠷᠠᠮᠲᠤᠯᠠᠯ ᠊ᠤᠨ ᠳᠦᠷᠰᠦ ᠬᠡᠯᠪᠡᠷᠢ ᠊ᠳᠦ ᠮᠣᠷᠧᠨ ᠊ᠤ ᠲᠣᠯᠣᠭᠠᠳ᠂ ᠳᠠᠯᠠᠨ᠂ ᠲᠣᠮᠣ ᠲᠣᠮᠣ ᠦᠬᠡᠷ ᠴᠢᠯᠠᠭᠤ ᠵᠡᠷᠭᠡ ᠵᠦᠢᠯ ᠪᠠᠭᠲᠠᠬᠤ ᠡᠴᠠ ᠭᠠᠳᠠᠨ᠎ᠠ ᠮᠥᠰᠦᠨ ᠊ᠦ ᠤᠰᠤ ᠪᠠᠷ ᠲᠤᠩᠵᠤ ᠲᠣᠭᠲᠠᠭᠰᠠᠨ ᠹᠯᠦ᠋ᠸᠢᠶᠣ - ᠭᠯᠠᠼᠢᠶᠠᠯ ᠳᠡᠨᠵᠢ ᠮᠥᠨ ᠬᠠᠮᠢᠶᠠᠷᠤᠨ᠎ᠠ᠃ ᠹᠯᠦ᠋ᠸᠢᠶᠣ - ᠭᠯᠠᠼᠢᠶᠠᠯ ᠳᠡᠨᠵᠢ ᠊ᠢᠢᠨ ᠪᠦᠲᠦᠴᠡ ᠥᠪᠡᠷ ᠪᠤᠶᠤ ᠨᠠᠷᠢᠨ ᠰᠢᠷᠬᠡᠭᠲᠦ ᠬᠡᠰᠡᠭ ᠊ᠦᠳ ᠰᠢᠪᠠᠷᠠᠨᠴᠢᠷ ᠡᠯᠡᠰᠦᠨᠴᠢᠷ ᠭᠣᠣᠯᠯᠠᠭᠰᠠᠨ ᠦᠶ᠎ᠡ ᠳᠠᠪᠬᠤᠷᠢᠭᠠᠳᠤ ᠬᠤᠷᠠᠳᠠᠰᠤ ᠡᠴᠠ ᠪᠥᠷᠢᠳᠦᠨ᠎ᠡ᠃ ᠭᠡᠬᠦ ᠊ᠳᠦ ᠊ᠪᠡᠨ ᠲᠡᠭᠦᠨ ᠳᠣᠲᠣᠷ᠎ᠠ ᠬᠠᠶᠢᠷ᠎᠂ ᠪᠤᠯᠤ ᠴᠢᠯᠠᠭᠤ ᠪᠠᠰᠠ ᠪᠠᠭ᠎ᠠ ᠦᠭᠡᠢ ᠬᠤᠪᠢ ᠊ᠢᠢ ᠡᠵᠡᠯᠡᠳᠡᠭ᠃ ᠮᠣᠩᠭᠣᠯ ᠠᠯᠲᠠᠢ ᠊ᠢᠢᠨ ᠨᠢᠷᠤᠭᠤᠨ ᠊ᠳᠤ ᠮᠥᠰᠳᠡᠯᠲᠡ ᠊ᠢᠢᠨ ᠣᠷᠣ ᠮᠥᠷ ᠪᠣᠯᠬᠤ ᠬᠤᠩᠬᠤ ᠠᠰᠤᠷᠤ ᠶᠡᠬᠡ ᠬᠡᠮᠵᠢᠶᠡᠲᠡᠢ ᠡᠴᠡ ᠭᠠᠳᠠᠨ᠎ᠠ ᠬᠠᠶᠠ ᠨᠢᠭᠡ ᠲᠣᠮᠣ ᠬᠤᠩᠬᠠᠨ ᠊ᠤ ᠬᠠᠨᠠᠨ ᠊ᠳᠤ ᠬᠡᠳᠦ ᠬᠡᠳᠦᠨ ᠵᠢᠵᠢᠭ ᠬᠤᠩᠬᠤ ᠪᠤᠢ ᠪᠣᠯᠬᠤ ᠵᠡᠷᠭᠡ ᠪᠡᠷ ᠨᠠᠷᠢᠨ ᠡᠭᠡᠳᠡᠷᠡᠭᠡᠲᠦ ᠵᠣᠬᠢᠶᠠᠨ ᠪᠠᠶᠢᠭᠤᠯᠤᠯᠲᠠ ᠲᠠᠢ ᠪᠠᠶᠢᠳᠠᠭ᠃ ᠮᠥᠨ ᠲᠡᠪᠰᠢᠨ ᠬᠥᠨᠳᠡᠢ ᠶᠡᠬᠡ ᠪᠤᠢ ᠬᠠᠩᠭᠠᠢ ᠊ᠢᠢᠨ ᠨᠢᠷᠤᠭᠤᠨ ᠊ᠳᠤ ᠲᠣᠮᠣ ᠲᠣᠮᠣ ᠬᠤᠩᠬᠤ ᠴᠥᠭᠡᠨ ᠦᠭᠡᠢ ᠦᠵᠡᠭᠳᠡᠬᠦ ᠪᠣᠯᠪᠠᠴᠤ ᠲᠡᠪᠰᠢᠨ ᠬᠥᠨᠳᠡᠢ ᠲᠡᠶᠢᠮᠦ ᠬᠡᠳᠦᠨ ᠦᠶ᠎ᠡ ᠱᠠᠲᠤ ᠲᠠᠢ ᠪᠠᠷ ᠬᠥᠭᠵᠢᠵᠦ ᠥᠭᠡᠷᠡᠴᠢᠳᠡᠭᠳᠡᠭᠰᠡᠨ ᠨᠢ ᠠᠵᠢᠭᠯᠠᠭᠳᠠᠬᠤ ᠦᠭᠡᠢ᠂ ᠬᠠᠷᠢᠨ ᠬᠥᠳᠡᠯᠭᠡᠭᠡᠨ ᠮᠠᠭᠤ ᠲᠠᠢ ᠮᠥᠰᠥ ᠲᠣᠭᠲᠠᠵᠤ ᠪᠠᠶᠢᠭᠰᠠᠨ ᠭᠡᠵᠦ ᠬᠠᠷᠠᠬᠤ ᠪᠠᠷ ᠰᠢᠨᠵᠢ ᠵᠠᠷᠢᠮ ᠭᠣᠣᠯ ᠊ᠤᠨ ᠬᠥᠨᠳᠡᠢ ᠬᠣᠩᠬᠣᠷ ᠲᠤ ᠬᠠᠷᠠᠭᠳᠠᠨ᠎ᠠ᠃ ᠬᠡᠨᠲᠡᠢ ᠊ᠢᠢᠨ ᠠᠭᠤᠯᠠᠰ ᠲᠤ ᠮᠥᠰᠥᠳᠥᠯ ᠊ᠦᠨ ᠣᠷᠣ ᠮᠥᠷ ᠴᠥᠭᠡᠨ᠂ ᠵᠢᠩᠬᠢᠨᠢ ᠲᠡᠪᠰᠢ ᠭᠡᠮᠡᠷ ᠬᠥᠨᠳᠡᠢ ᠪᠠᠷᠤᠭ ᠪᠠᠶᠢᠬᠤ ᠦᠭᠡᠢ᠂ ᠠᠳᠠᠭ ᠊ᠤᠨ ᠮᠣᠷᠧᠨ ᠊ᠤ ᠲᠣᠯᠣᠭᠠᠳ ᠭᠣᠣᠯᠳᠠᠭᠤ ᠪᠠᠶᠢᠬᠤ ᠡᠴᠠ ᠪᠢᠰᠢ ᠳᠠᠯᠠᠨ᠂ ᠵᠠᠬ᠎ᠠ ᠊ᠢᠢᠨ ᠮᠣᠷᠧᠨ ᠵᠡᠷᠭᠡ ᠵᠦᠢᠯ ᠦᠯᠦ ᠦᠵᠡᠭᠳᠡᠨ᠎ᠡ᠃ ᠭᠣᠪᠢ ᠠᠯᠲᠠᠢ ᠊ᠢᠢᠨ ᠨᠢᠷᠤᠭᠤᠨ ᠊ᠳᠤ ᠭᠠᠭᠴᠠ ᠨᠢᠭᠡ ᠬᠤᠩᠬᠤ ᠡᠴᠠ ᠥᠭᠡᠷ᠎ᠡ ᠲᠣᠳᠣᠷᠬᠠᠢ ᠣᠷᠣ ᠮᠥᠷ ᠣᠯᠳᠠᠭᠠᠳᠤᠢ ᠪᠠᠶᠢᠭ᠎ᠠ᠃ ᠡᠷᠲᠡᠨ ᠊ᠦ ᠮᠥᠰᠥᠳᠥᠯ ᠡᠴᠡ ᠦᠯᠡᠳᠡᠭᠰᠡᠨ ᠬᠣᠲᠣᠭᠣᠷ ᠭᠦᠳᠦᠭᠦᠷ ᠊ᠦᠨ ᠵᠦᠢᠯ᠂ ᠲᠡᠭᠦᠨ ᠊ᠦ ᠣᠷᠣᠰᠢᠯᠳᠤ ᠪᠠᠶᠢᠯᠳᠤᠯ ᠊ᠢ ᠦᠵᠡᠪᠡᠯ ᠲᠤᠰ ᠣᠷᠣᠨ ᠊ᠳᠤ ᠪᠣᠯᠤᠭᠰᠠᠨ ᠮᠥᠰᠥᠳᠥᠯ ᠪᠦᠷᠬᠦᠭᠦᠯ ᠊ᠦᠨ ᠴᠢᠨᠠᠷ ᠲᠠᠢ ᠪᠢᠰᠢ᠂ ᠬᠥᠨᠳᠡᠢ ᠊ᠢᠢᠨ ᠮᠥᠰᠦᠨ ᠭᠣᠣᠯ ᠊ᠤᠳ ᠳᠠᠩᠨᠠᠵᠤ ᠪᠠᠶᠢᠭᠰᠠᠨ ᠪᠥᠭᠡᠳ ᠡᠬᠢᠨ ᠦᠶ᠎ᠡ ᠊ᠳᠡᠭᠡ ᠨᠡᠯᠢᠶᠡᠨ ᠶᠡᠬᠡ ᠬᠡᠮᠵᠢᠶ᠎ᠡ ᠲᠡᠢ ᠪᠠᠶᠢᠭᠰᠠᠨ ᠲᠥᠯᠥᠪ ᠬᠠᠷᠠᠭᠳᠠᠨ᠎ᠠ᠃ ᠬᠠᠷᠢᠨ ᠮᠥᠰᠥᠳᠥᠯ ᠊ᠦᠨ ᠡᠷᠴᠢ ᠬᠦᠴᠦ ᠨᠤᠲᠤᠭ ᠪᠦᠷᠢ ᠊ᠳᠦ ᠠᠳᠠᠯᠢ ᠦᠭᠡᠢ ᠪᠠᠷᠠᠭᠤᠨ ᠡᠴᠠ ᠵᠡᠭᠦᠨ ᠲᠡᠰᠢ ᠂ ᠬᠣᠶᠢᠨ᠎ᠠ ᠡᠴᠠ ᠤᠷᠤᠭᠰᠢ ᠰᠤᠯᠠᠷᠠᠵᠤ ᠪᠠᠶᠢᠭᠰᠠᠨ ᠪᠣᠯᠤᠯᠲᠠᠢ᠃ ᠡᠨᠡ ᠣᠨᠴᠠᠯᠢᠭ ᠊ᠢ 2 ᠲᠥᠷᠥᠯ ᠊ᠦᠨ ᠬᠦᠴᠦᠨ ᠵᠦᠢᠯ ᠊ᠢᠢᠡᠷ ᠲᠠᠶᠢᠯᠪᠤᠷᠢᠯᠠᠳᠠᠭ᠃
1. ᠳᠥᠷᠪᠡᠳᠡᠭᠴᠢ ᠭᠠᠯᠪᠠ ᠊ᠢᠢᠨ ᠡᠬᠢᠨ ᠊ᠳᠦ ᠰᠦᠨᠳᠡᠷᠯᠡᠨ ᠪᠣᠰᠤᠭᠰᠠᠨ ᠠᠭᠤᠯᠠᠰ ᠪᠠᠷᠠᠭᠤᠨ ᠡᠴᠠ ᠵᠡᠭᠦᠨ ᠦᠷᠦᠭᠦ ᠨᠠᠮᠰᠠᠭᠰᠠᠨ ᠪᠠ ᠬᠡᠨᠲᠡᠢ ᠊ᠢᠢᠨ ᠨᠢᠷᠤᠭᠤ ᠬᠠᠮᠤᠭ ᠊ᠤᠨ ᠪᠠᠭ᠎ᠠ ᠨᠢ ᠪᠠᠶᠢᠵᠠᠢ᠃
2. ᠪᠠᠷᠠᠭᠤᠨ ᠬᠣᠶᠢᠳᠤ ᠪᠣᠯᠤᠨ ᠬᠣᠶᠢᠳᠤ ᠲᠠᠯ᠎ᠠ ᠊ᠳᠤ ᠡᠭᠦᠰᠦᠭᠰᠡᠨ ᠥᠨᠳᠥᠷ ᠠᠭᠤᠯᠠᠰ ᠲᠡᠷᠡ ᠵᠦᠭ ᠡᠴᠡ ᠢᠷᠡᠬᠦ ᠬᠤᠷ᠎ᠠ ᠲᠤᠨᠳᠠᠰᠤᠨ ᠊ᠤ ᠶᠡᠬᠡᠩᠬᠢ ᠊ᠢᠢ ᠬᠠᠯᠬᠠᠯᠠᠨ ᠪᠡᠶ᠎ᠡ ᠊ᠳᠡᠭᠡᠨ ᠲᠠᠲᠠᠭᠠᠳ ᠡᠮᠦᠨ᠎ᠡ ᠵᠦᠭ ᠊ᠦᠨ ᠨᠤᠲᠤᠭ ᠲᠤ ᠬᠦᠷᠲᠡᠭᠡᠬᠦ ᠦᠭᠡᠢ ᠠᠭᠤᠷ ᠠᠮᠢᠰᠬᠤᠯ ᠨᠡᠩ ᠬᠠᠭᠤᠷᠠᠢ ᠪᠠᠶᠢᠭᠰᠠᠨ ᠊ᠤ ᠤᠯᠠᠮ ᠡᠴᠠ ᠭᠣᠪᠢ ᠠᠯᠲᠠᠢ ᠊ᠢᠢᠨ ᠥᠨᠳᠥᠷ ᠡᠴᠡ ᠥᠨᠳᠥᠷ ᠣᠷᠭᠢᠯ ᠊ᠳᠤ ᠴᠤ ᠮᠥᠰᠥᠳᠥᠯ ᠶᠡᠬᠡ ᠳᠡᠯᠭᠡᠷᠡᠬᠦ ᠨᠥᠬᠥᠴᠠᠯ ᠪᠠᠶᠢᠭᠰᠠᠨ ᠦᠭᠡᠢ᠃

ᠣᠯᠠᠨ ᠵᠢᠯ ᠊ᠦᠨ ᠴᠡᠪᠳᠡᠭ ᠪᠠ ᠬᠦᠢᠲᠡᠨ ᠊ᠦ ᠥᠭᠢᠷᠡᠰᠢᠯ[засварлах | кодоор засварлах]

ᠤᠯᠠ ᠬᠥᠷᠦᠰ ᠴᠢᠯᠠᠭᠤᠯᠢᠭ ᠳᠠᠬᠢ ᠣᠯᠠᠨ ᠵᠢᠯ ᠊ᠦᠨ ᠴᠡᠪᠳᠡᠭ ᠊ᠦᠨ ᠭᠠᠷᠤᠯ ᠡᠭᠦᠰᠦᠯ ᠊ᠢ ᠡᠷᠳᠡᠮᠲᠡᠳ ᠶᠠᠩᠵᠤ ᠪᠦᠷᠢ ᠪᠡᠷ ᠲᠠᠶᠢᠯᠪᠤᠷᠢᠯᠠᠬᠤ ᠪᠣᠯᠪᠠᠴᠤ ᠠᠭᠤᠷ ᠠᠮᠢᠰᠬᠤᠯ ᠰᠢᠷᠦᠭᠦᠨ ᠡᠪᠦᠯ ᠊ᠦᠨ ᠴᠠᠭ ᠲᠤ ᠴᠠᠰᠤᠨ ᠪᠦᠷᠬᠦᠭᠦᠯ ᠲᠣᠭᠲᠠᠬᠤ ᠦᠭᠡᠢ ᠪᠤᠶᠤ ᠨᠢᠮᠭᠡᠨ ᠪᠠᠶᠢᠬᠤ ᠶᠠᠪᠤᠳᠠᠯ ᠣᠯᠠᠨ ᠵᠢᠯ ᠊ᠦᠨ ᠴᠡᠪᠳᠡᠭ ᠡᠭᠦᠰᠬᠦ ᠊ᠢᠢᠨ ᠭᠣᠣᠯ ᠰᠢᠯᠲᠠᠭᠠᠨ ᠪᠠᠶᠢᠬᠤ ᠶᠣᠰᠣᠲᠠᠢ᠃
1. ᠮᠥᠰᠥᠳᠥᠯ ᠥᠪᠡᠷ ᠊ᠢᠶᠡᠨ ᠰᠡᠷᠢᠭᠦᠨ ᠠᠭᠤᠷ ᠠᠮᠢᠰᠬᠤᠯ ᠲᠣᠭᠲᠠᠭᠰᠠᠨ ᠊ᠤ ᠦᠷ᠎ᠡ ᠳᠦᠩ ᠊ᠳᠦ ᠪᠤᠢ ᠪᠣᠯᠵᠠᠢ᠃
2. ᠴᠠᠰᠤᠨ ᠊ᠤ ᠬᠤᠪᠢ ᠊ᠳᠤ ᠪᠣᠯ ᠮᠣᠩᠭᠣᠯ ᠊ᠤᠨ ᠠᠭᠤᠯᠠᠰ ᠲᠤ ᠵᠥᠪᠬᠡᠨ ᠬᠠᠮᠤᠨ ᠊ᠤᠨ ᠳᠡᠭᠡᠳᠦ ᠬᠡᠰᠡᠭ ᠲᠦ ᠨᠢ ᠴᠠᠰᠤ ᠨᠡᠯᠢᠶᠡᠨ ᠣᠷᠣᠵᠤ ᠪᠠᠶᠢᠭᠰᠠᠨ ᠡᠴᠠ ᠪᠢᠰᠢ ᠳᠣᠣᠷᠠᠳᠤ ᠲᠦᠪᠰᠢᠨ ᠊ᠳᠦ ᠲᠤᠨᠳᠠᠰᠤ ᠪᠠᠭ᠎ᠠ ᠪᠠᠶᠢᠭᠰᠠᠨ ᠨᠢ ᠣᠷᠴᠢᠨ ᠦᠶ᠎ᠡ ᠊ᠢᠢᠨ ᠭᠠᠵᠠᠷ ᠵᠦᠢ ᠊ᠢᠢᠨ ᠣᠨᠴᠠᠯᠢᠭ ᠡᠴᠠ ᠬᠠᠷᠠᠬᠤ ᠊ᠳᠤ ᠲᠣᠳᠣᠷᠬᠠᠢ᠃ ᠨᠢᠭᠡᠨᠲᠡ ᠪᠤᠢ ᠪᠣᠯᠤᠭᠰᠠᠨ ᠴᠡᠪᠳᠡᠭ ᠬᠠᠳᠠᠭᠠᠯᠠᠭᠳᠠᠨ ᠦᠯᠡᠳᠡᠬᠦ ᠊ᠳᠦ ᠠᠭᠤᠷ ᠠᠮᠢᠰᠬᠤᠯ ᠊ᠤᠨ ᠶᠡᠷᠦᠩᠬᠡᠢ ᠲᠥᠷᠬᠥ ᠪᠠᠶᠢᠳᠠᠯ ᠲᠡᠷᠡ ᠴᠠᠭ ᠡᠴᠠ ᠢᠨᠠᠭᠰᠢ ᠡᠷᠡᠰ ᠥᠭᠡᠷᠡᠴᠢᠯᠡᠭᠳᠡᠭᠡᠳᠦᠢ ᠡᠪᠦᠯ ᠊ᠦᠨ ᠤᠯᠠᠷᠢᠯ ᠬᠦᠢᠲᠡᠨ᠂ ᠴᠠᠰᠤ ᠪᠠᠭ᠎ᠠ ᠲᠠᠢ᠂ ᠤᠷᠲᠤ᠂ ᠵᠤᠨ ᠨᠢ ᠰᠡᠷᠢᠭᠦᠪᠲᠦᠷ ᠪᠥᠭᠡᠳ ᠪᠣᠭᠣᠨᠢ ᠪᠣᠯᠬᠤ ᠊ᠳᠤ ᠳᠥᠬᠥᠮ ᠪᠣᠯᠵᠠᠢ᠃ ᠡᠭᠦᠨ ᠊ᠦ ᠨᠥᠯᠥᠭᠡ ᠪᠡᠷ ᠬᠣᠲᠣᠭᠣᠷ ᠭᠦᠳᠦᠭᠦᠷ ᠲᠦ ᠨᠥᠯᠥᠭᠡ ᠡᠭᠦᠰᠦᠨ᠎ᠡ᠃ ᠠᠭᠤᠷ ᠠᠮᠢᠰᠬᠤᠯ ᠢᠯᠠᠩᠭᠤᠶ᠎ᠠ ᠠᠭᠤᠯᠠᠷᠬᠠᠭ ᠬᠡᠰᠡᠭ ᠲᠦ ᠰᠡᠷᠢᠭᠦᠨ ᠲᠤᠯᠠ ᠣᠯᠠᠨ ᠵᠢᠯ ᠊ᠦᠨ ᠴᠡᠪᠳᠡᠭ ᠠᠭᠤᠯᠠᠳᠤ ᠥᠨᠳᠥᠷ ᠲᠦ ᠬᠠᠳᠠᠭᠠᠯᠠᠭᠰᠠᠷ᠎ᠠ ᠪᠠᠶᠢᠨ᠎ᠠ᠃ ᠬᠣᠲᠣᠭᠣᠷ ᠭᠦᠳᠦᠭᠦᠷ ᠊ᠦᠨ ᠪᠠᠶᠢᠳᠠᠯ᠂ ᠲᠤᠬᠠᠶᠢᠯᠠᠪᠠᠯ ᠲᠡᠭᠦᠨ ᠊ᠦ ᠪᠠᠶᠢᠷᠢᠯᠠᠯ ᠡᠴᠠ ᠰᠢᠯᠲᠠᠭᠠᠯᠠᠵᠤ ᠴᠡᠪᠳᠡᠭ ᠊ᠦᠨ ᠲᠠᠷᠬᠠᠯᠲᠠ ᠣᠨᠴᠠᠯᠢᠭ ᠲᠠᠢ ᠪᠤᠶᠤ ᠰᠡᠭᠦᠳᠡᠷ ᠬᠠᠵᠠᠭᠤ ᠬᠥᠨᠳᠡᠢ ᠊ᠢᠢᠨ ᠢᠷᠤᠭᠠᠷ ᠲᠤ ᠠᠶᠠᠲᠠᠢ ᠨᠥᠬᠥᠴᠡᠯ ᠪᠣᠯ ᠨᠠᠷᠠᠨ ᠊ᠳᠤ ᠡᠭᠡᠭᠡᠪᠦᠷ ᠡᠩᠭᠡᠷ ᠬᠠᠵᠠᠭᠤ ᠨᠥᠬᠥᠴᠡᠯ ᠲᠣᠬᠢᠷᠠᠮᠵᠢ ᠦᠭᠡᠢ ᠪᠣᠯᠤᠨ᠎ᠠ᠃ ᠣᠯᠠᠨ ᠵᠢᠯ ᠊ᠦᠨ ᠴᠡᠪᠳᠡᠭ ᠲᠡᠢ ᠭᠠᠵᠠᠷ ᠨᠤᠲᠲ᠋ᠤᠭ ᠊ᠤᠨ ᠬᠢᠯᠢ ᠵᠠᠭᠠᠭ ᠣᠳᠣ ᠬᠢᠷᠢ ᠨᠠᠷᠢᠨ ᠲᠣᠭᠲᠠᠭᠠᠵᠤ ᠴᠢᠳᠠᠭᠠᠳᠤᠢ ᠪᠠᠶᠢᠨ᠎ᠠ᠃ ᠴᠡᠪᠳᠡᠭ ᠤᠯᠠ ᠬᠥᠷᠦᠰᠦ ᠬᠠᠩᠭᠠᠢ᠂ ᠬᠥᠪᠰᠥᠭᠥᠯ ᠂ ᠬᠡᠨᠲᠡᠢ ᠊ᠢᠢᠨ ᠠᠭᠤᠯᠠᠰ᠂ ᠳᠣᠷᠣᠨᠠᠲᠤ ᠲᠠᠯ᠎ᠠ ᠊ᠢᠢᠨ ᠬᠣᠶᠢᠳᠤ ᠬᠡᠰᠡᠭ ᠊ᠢ ᠬᠠᠮᠤᠨ ᠣᠷᠣᠰᠢᠬᠤ ᠡᠴᠠ ᠭᠠᠳᠠᠨ᠎ᠠ ᠮᠣᠩᠭᠣᠯ-ᠠᠯᠲᠠᠢ ᠊ᠢᠢᠨ ᠨᠢᠷᠤᠭᠤ᠂ ᠭᠣᠪᠢ-ᠠᠯᠲᠠᠢ ᠊ᠶᠢᠨ᠂ ᠶᠡᠬᠡ ᠪᠠᠭ᠎ᠠ ᠪᠣᠭᠳᠠ ᠠᠭᠤᠯᠠᠰ ᠲᠤ ᠪᠠᠶᠢᠨ᠎ᠠ᠃ ᠣᠯᠠᠨ ᠵᠢᠯ ᠊ᠦᠨ ᠴᠡᠪᠳᠡᠭ ᠲᠠᠷᠬᠠᠭᠰᠠᠨ ᠨᠤᠲᠤᠭ ᠊ᠤᠨ ᠡᠮᠦᠨ᠎ᠡ ᠬᠢᠯᠢ ᠣᠷᠴᠢᠮ ᠊ᠤᠨ ᠭᠠᠵᠠᠷ ᠴᠡᠪᠳᠡᠭ ᠲᠣᠭᠲᠠᠪᠤᠷᠢ ᠮᠠᠭᠤ ᠲᠠᠢ ᠪᠠᠶᠢᠳᠠᠭ ᠊ᠢ ᠮ.ᠢ᠂ ᠰᠦᠮᠭᠢᠨ ᠵᠡᠷᠭᠡ ᠡᠷᠳᠡᠮᠲᠡᠳ ᠪᠠᠲᠤᠯᠠᠭᠰᠠᠨ ᠃ ᠮᠠᠨ ᠊ᠤ ᠣᠷᠣᠨ ᠊ᠤ ᠬᠣᠶᠢᠳᠤ ᠬᠡᠰᠡᠭ ᠴᠢᠬᠤᠯᠠ ᠲᠡᠶᠢᠮᠦ ᠨᠤᠲᠤᠭ ᠲᠤ ᠪᠠᠭᠲᠠᠬᠤ ᠲᠤᠯᠠ ᠨᠢᠭᠡᠨᠲᠡ ᠪᠤᠢ ᠪᠣᠯᠤᠭᠰᠠᠨ ᠴᠡᠪᠳᠡᠭ ᠬᠠᠶᠢᠯᠠᠬᠤ᠂ ᠴᠣ ᠰᠢᠨ᠎ᠡ ᠪᠡᠷ ᠪᠤᠢ ᠪᠣᠯᠬᠤ ᠦᠢᠯᠡ ᠶᠠᠪᠤᠴᠠ ᠦᠵᠡᠭᠳᠡᠨ᠎ᠡ᠃ ᠡᠨᠡ ᠲᠤᠬᠠᠢ ᠿᠦᠻᠣᠸ ᠲᠣᠳᠣᠷᠬᠠᠢ ᠪᠢᠴᠢᠭᠰᠡᠨ ᠪᠠᠶᠢᠳᠠᠭ᠃ ᠣᠯᠠᠨ ᠵᠢᠯ ᠊ᠦᠨ ᠴᠡᠪᠳᠡᠭ ᠡᠴᠡ ᠬᠣᠲᠤᠭᠤᠷ ᠭᠦᠳᠦᠭᠦᠷ ᠲᠦ ᠦᠵᠡᠭᠦᠯᠦᠭᠰᠡᠨ ᠨᠥᠯᠥᠭᠡ ᠶᠡᠬᠡᠪᠴᠢᠯᠡᠨ ᠪᠢᠴᠢᠯ ᠳᠦᠷᠰᠦ ᠬᠡᠯᠪᠡᠷᠢ ᠊ᠳᠦ ᠬᠣᠯᠪᠣᠭᠳᠠᠬᠤ ᠪᠥᠭᠡᠳ ᠨᠥᠯᠥᠭᠡᠯᠡᠯ ᠊ᠦᠨ ᠦᠷ᠎ᠡ ᠳᠦᠩ ᠨᠢ ᠴᠡᠪᠳᠡᠭ ᠊ᠦᠨ ᠦᠵᠡᠭᠳᠡᠯ ᠊ᠢᠢᠡᠷ ᠢᠯᠡᠷᠡᠨ᠎ᠡ᠃ ᠰᠣᠯᠢᠹᠯᠶᠦ᠋ᠻᠼᠢ ᠊ᠢᠢᠨ ᠦᠵᠡᠭᠳᠡᠯ ᠊ᠢ ᠳᠤᠷᠢᠳᠠᠬᠤ ᠬᠡᠷᠡᠭᠲᠡᠢ᠃ ᠡᠨᠡ ᠦᠵᠡᠭᠳᠡᠯ ᠠᠭᠤᠷ ᠠᠮᠢᠰᠬᠤᠯ ᠊ᠤᠨ ᠬᠤᠪᠢ ᠊ᠳᠤ ᠢᠯᠡᠭᠦᠦ ᠰᠡᠷᠢᠭᠦᠨ ᠪᠠ ᠭᠠᠳᠠᠷᠭᠤ ᠨᠢᠮᠭᠡᠨ ᠬᠡᠪᠡᠭᠡᠢ ᠠᠭᠤᠯᠠ ᠊ᠢᠢᠨ ᠳᠣᠣᠷᠠᠳᠤ ᠳᠠᠪᠬᠤᠷᠭ᠎ᠠ ᠲᠠᠢ ᠭᠣᠣᠯᠳᠠᠭᠤ ᠶᠠᠪᠤᠭᠳᠠᠭᠰᠠᠨ ᠪᠠ ᠣᠳᠣ ᠴᠤ ᠶᠠᠪᠤᠭᠳᠠᠳᠠᠭ᠃ ᠴᠡᠪᠳᠡᠭ ᠦᠶ᠎ᠡ ᠳᠡᠭᠡᠷᠡᠬᠢ ᠤᠯᠠ ᠬᠥᠷᠥᠰᠥ ᠴᠢᠭᠢᠭᠯᠢᠭ ᠊ᠦᠨ ᠤᠯᠠᠮ ᠡᠴᠠ ᠬᠦᠨᠳᠦ ᠊ᠢᠢᠨ ᠊ᠢᠶᠡᠨ ᠬᠦᠴᠦ ᠪᠡᠷ ᠳᠣᠭᠣᠭᠰᠢ ᠭᠤᠯᠠᠰᠴᠤ ᠳᠡᠨᠵᠢ ᠮᠥᠷᠭᠥᠴᠡᠭ ᠡᠭᠦᠰᠬᠡᠬᠦ ᠡᠴᠡ ᠭᠠᠳᠠᠨ᠎ᠠ ᠲᠡᠭᠰᠢ ᠭᠠᠳᠠᠷᠭᠤ ᠳᠡᠭᠡᠷ᠎ᠡ ᠰᠡᠪᠰᠡᠭᠡᠷ ᠬᠤᠷᠠᠳᠠᠰᠤ ᠪᠦᠳᠦᠭᠦᠨ ᠨᠠᠷᠢᠨ ᠰᠢᠷᠬᠡᠭ ᠊ᠢᠢᠡᠷ ᠢᠯᠭᠠᠷᠠᠨ ᠠᠰᠬᠠᠨ ᠬᠦᠷᠢᠶ᠎ᠡ ᠪᠤᠢ ᠪᠣᠯᠭᠠᠬᠤ ᠊ᠳᠤ ᠬᠦᠷᠭᠡᠨ᠎ᠡ᠃ ᠡᠭᠦᠨ ᠊ᠳᠦ ᠬᠦᠢᠲᠡᠨ ᠊ᠦ ᠥᠭᠢᠷᠡᠰᠢᠯ ᠬᠠᠮᠲᠤ ᠣᠷᠣᠰᠢᠨ᠎ᠠ.
- ᠬᠦᠢᠲᠡᠨ ᠊ᠦ ᠥᠭᠢᠷᠡᠰᠢᠯ ᠊ᠦᠨ ᠦᠷ᠎ᠡ ᠳᠦᠩ ᠊ᠳᠦ ᠪᠤᠢ ᠪᠣᠯᠤᠭᠰᠠᠨ ᠶᠡᠬᠡ ᠪᠠᠭ᠎ᠠ ᠬᠡᠮᠬᠡᠳᠡᠰᠦ ᠴᠢᠯᠠᠭᠤ ᠂ ᠠᠭᠤᠯᠠ ᠊ᠢᠢᠨ ᠬᠠᠵᠢᠭᠤ ᠳᠠᠭᠠᠵᠤ ᠳᠣᠭᠤᠭᠰᠢ ᠭᠤᠯᠠᠰᠤᠨ ᠠᠰᠬ᠎ᠠ ᠲᠣᠭᠲᠠᠵᠡᠢ᠃
- ᠬᠥᠨᠳᠡᠢ ᠢᠷᠤᠭᠠᠷ ᠪᠤᠶᠤ ᠲᠡᠭᠰᠢᠪᠲᠡᠷ ᠭᠠᠳᠠᠷᠭᠤ ᠲᠠᠢ ᠭᠠᠵᠠᠷ ᠲᠤ ᠪᠥᠭᠡᠷᠡᠭ ᠡᠭᠦᠰᠳᠡᠭ᠃ ᠡᠶᠢᠮᠦ ᠡᠴᠡ ᠴᠢᠭᠢᠭᠯᠢᠭ ᠬᠥᠪᠰᠬᠠᠯ ᠊ᠤᠨ ᠠᠭᠤᠯᠠᠰ ᠲᠤ ᠬᠦᠯᠡᠷᠬᠡᠭ ᠤᠯᠠ ᠬᠥᠷᠦᠰᠦᠨ ᠊ᠳᠦ ᠪᠥᠭᠡᠷᠡᠭ ᠢᠯᠡᠭᠦᠦ ᠲᠠᠷᠬᠠᠭᠰᠠᠨ ᠪᠠᠶᠢᠳᠠᠭ᠃
- ᠮᠥᠨ ᠪᠠᠰᠠ ᠨᠢᠭᠡ ᠳᠦᠷᠰᠦ ᠬᠡᠯᠪᠡᠷᠢ ᠊ᠢᠢᠨ ᠬᠣᠲᠣᠭᠣᠷ ᠭᠦᠳᠦᠭᠦᠷ ᠨᠢ ᠳᠤᠯᠠᠭᠠᠨ ᠊ᠤ ᠬᠥᠨᠳᠡᠶᠢᠯᠡᠵᠢ ᠶᠤᠮ᠃

ᠤᠷᠤᠰᠬᠠᠯ ᠤᠰᠤᠨ ᠊ᠤ ᠠᠵᠢᠯᠯᠠᠭ᠎ᠠ[засварлах | кодоор засварлах]

ᠭᠤᠷᠪᠠᠳᠠᠭᠴᠢ ᠭᠠᠯᠪᠠ ᠊ᠢᠢᠨ ᠰᠡᠭᠦᠯ ᠳᠥᠷᠪᠡᠳᠡᠭᠴᠢ ᠭᠠᠯᠪᠠ ᠊ᠢᠢᠨ ᠡᠬᠢ ᠪᠡᠷ ᠠᠯᠲᠠᠢ᠂ ᠬᠠᠩᠭᠠᠢ᠂ ᠬᠡᠨᠲᠡᠢ ᠊ᠢᠢᠨ ᠠᠭᠤᠯᠠᠰ ᠰᠦᠨᠳᠡᠷᠯᠡᠨ ᠪᠣᠰᠴᠤ᠂ ᠠᠭᠠᠷ ᠊ᠤᠨ ᠤᠷᠤᠰᠬᠠᠯ ᠊ᠤᠨ ᠴᠢᠭᠢᠭ ᠊ᠢ ᠪᠡᠶ᠎ᠡ ᠊ᠳᠡᠭᠡᠨ ᠲᠠᠲᠠᠨ ᠭᠣᠣᠯ ᠮᠥᠷᠥᠳ ᠡᠭᠦᠰᠬᠦ ᠪᠤᠶᠤ ᠤᠰᠤ ᠊ᠢᠢ ᠨᠢ ᠨᠡᠮᠡᠭᠳᠡᠭᠦᠯᠬᠦ ᠊ᠳᠦ ᠳᠥᠬᠥᠮ ᠪᠣᠯᠤᠭᠰᠠᠨ᠃ ᠥᠷᠭᠡᠨ ᠬᠥᠨᠳᠡᠢ ᠨ᠊ᠦᠭᠦᠳ ᠬᠠᠩᠭᠠᠢ ᠬᠡᠨᠲᠡᠢ ᠠᠭᠤᠯᠠᠰ ᠊ᠤᠨ ᠵᠠᠬ᠎ᠠ ᠪᠠᠷ ᠮᠣᠩᠭᠣᠯ ᠊ᠤᠨ ᠳᠣᠷᠣᠨᠠᠲᠤ ᠲᠠᠯ᠎ᠠ ᠵᠡᠷᠭᠡ ᠭᠠᠵᠠᠷ ᠲᠤ ᠳᠥᠷᠪᠡᠳᠡᠭᠴᠢ ᠊ᠢᠢᠨ ᠬᠥᠨᠳᠡᠢ ᠨ᠊ᠦᠭᠦᠳ ᠡᠷᠲᠡᠨ ᠊ᠦ ᠬᠣᠷᠲᠠᠰᠤ ᠨᠤᠭᠤᠳ ᠊ᠢ ᠬᠥᠨᠳᠡᠯᠡᠨ ᠣᠭᠲᠣᠯᠵᠤ ᠪᠠᠶᠢᠭᠰᠠᠨ ᠲᠤᠯᠠ ᠤᠰᠤᠨ ᠊ᠤ ᠠᠵᠢᠯᠯᠠᠭ᠎ᠠ ᠶᠡᠬᠡ ᠪᠠᠶᠢᠭᠰᠠᠨ ᠊ᠢ ᠭᠡᠷᠡᠴᠢᠯᠡᠨ᠎ᠡ᠃ ᠤᠷᠤᠰᠬᠠᠯ ᠤᠰᠤ ᠡᠯᠪᠡᠭ ᠪᠠᠶᠢᠰᠤᠨ ᠊ᠤ ᠨᠢᠭᠡ ᠭᠡᠷᠡᠴᠢ ᠪᠣᠯ ᠣᠷᠴᠢᠨ ᠦᠶ᠎ᠡ ᠊ᠳᠦ ᠶᠡᠬᠡᠬᠡᠨ ᠬᠠᠭᠤᠷᠠᠢ ᠠᠭᠤᠷ ᠠᠮᠢᠰᠬᠤᠭ᠎ᠠ ᠲᠠᠢ ᠭᠣᠪᠢ ᠊ᠳᠤ ᠮᠠᠰᠢ ᠶᠡᠬᠡ ᠲᠦᠭᠡᠭᠡᠮᠡᠯ ᠰᠠᠶᠢᠷ ᠊ᠤᠳ ᠶᠤᠮ᠃ ᠮᠥᠨ ᠡᠯᠡᠰᠦᠨ ᠲᠠᠷᠠᠮᠴᠠᠭ ᠡᠨᠡ ᠨᠢ ᠶᠡᠬᠡ ᠨᠠᠭᠤᠷ ᠊ᠤᠳ ᠊ᠤᠨ ᠬᠣᠲᠣᠭᠣᠷ ᠲᠤ ᠡᠯᠪᠡᠭ ᠪᠠᠶᠢᠬᠤ ᠡᠴᠠ ᠭᠠᠳᠠᠨ᠎ᠠ ᠭᠣᠪᠢ ᠊ᠳᠤ ᠪᠣᠯᠤᠨ ᠳᠣᠷᠣᠨᠠᠲᠤ ᠲᠠᠯ᠎ᠠ ᠊ᠳᠤ ᠪᠠᠰᠠ ᠪᠠᠶᠢᠨ᠎ᠠ᠃ ᠡᠨᠡ ᠡᠯᠡᠰᠦ ᠤᠷᠲᠤ ᠨᠠᠷᠢᠨ ᠵᠤᠷᠪᠤᠰ ᠭᠠᠵᠠᠷ ᠊ᠢ ᠡᠵᠡᠯᠡᠵᠦ ᠡᠷᠲᠡᠨ ᠊ᠦ ᠬᠥᠨᠳᠡᠢ ᠊ᠢᠢ ᠳᠠᠯᠠᠢ ᠊ᠢᠢᠨ ᠤᠭ ᠬᠥᠨᠳᠡᠢ ᠊ᠢᠢᠨ ᠢᠷᠤᠭᠠᠷ ᠲᠤ ᠪᠤᠶᠤ ᠤᠰᠤᠨ ᠊ᠤ ᠬᠠᠭᠠᠯᠪᠤᠷᠢ ᠳᠡᠭᠡᠷ᠎ᠡ ᠣᠷᠣᠰᠢᠭᠰᠠᠨ ᠪᠠᠶᠢᠳᠠᠯ ᠪᠠ ᠡᠯᠡᠰᠦᠨ ᠊ᠦ ᠪᠦᠲᠦᠴᠡ ᠊ᠢᠢ ᠦᠨᠳᠦᠰᠦᠯᠡᠵᠦ ᠮᠦᠷᠽᠠᠸᠹ᠂ ᠸᠠᠰᠡᠯᠢᠶᠸᠹ ᠨᠠᠷ ᠲᠡᠭᠦᠨ ᠊ᠢ ᠭᠣᠣᠯ ᠊ᠤᠨ ᠤᠰᠤᠨ ᠊ᠳᠤ ᠲᠤᠨᠵᠤ ᠲᠣᠭᠲᠠᠭᠰᠠᠨ ᠭᠡᠵᠦ ᠳ᠋ᠦ᠋ᠩᠨᠡᠵᠡᠢ᠃ ᠠᠭᠤᠯᠠ ᠊ᠢᠢᠨ ᠨᠠᠯᠠᠤ ᠳᠠᠭᠠᠵᠤ ᠤᠷᠤᠰᠬᠤ ᠭᠣᠣᠯᠳᠤᠷᠢᠯ ᠦᠭᠡᠢ ᠤᠷᠤᠰᠬᠠᠯ ᠲᠦᠷᠦᠭᠦᠦ ᠥᠭᠢᠷᠡᠰᠢᠯ ᠊ᠢᠢᠡᠷ ᠪᠡᠯᠡᠳᠬᠡᠭᠳᠡᠭᠰᠡᠨ ᠰᠡᠪᠰᠡᠭᠡᠷ ᠬᠤᠷᠠᠳᠠᠰᠤ ᠊ᠢᠢ ᠬᠠᠮᠤᠵᠤ ᠬᠣᠷᠮᠣᠢ ᠊ᠳᠤ ᠨᠢ ᠲᠤᠨᠤᠭᠰᠠᠭᠠᠷ ᠭᠠᠳᠠᠭᠰᠢ ᠬᠡᠪᠡᠭᠡᠢ ᠭᠠᠳᠠᠷᠭᠤ ᠲᠠᠢ ᠪᠡᠯ ᠊ᠢ ᠲᠣᠭᠲᠠᠭᠠᠬᠤ ᠪᠠ ᠲᠡᠶᠢᠮᠦ ᠪᠡᠯ ᠵᠠᠷᠢᠮ ᠭᠠᠵᠠᠷ ᠲᠤ ᠢᠯᠠᠩᠭᠤᠶ᠎ᠠ ᠭᠣᠣᠯ ᠮᠥᠷᠡᠨ ᠦᠭᠡᠢ ᠤᠴᠢᠷ ᠬᠠᠮᠤᠭᠳᠠᠨ ᠥᠭᠡᠷ᠎ᠡ ᠲᠡᠢᠢᠰᠢ ᠤᠷᠤᠰᠤᠨ ᠰᠢᠯᠵᠢᠬᠦ ᠬᠦᠴᠦᠨ ᠵᠦᠢᠯ ᠦᠭᠡᠢ ᠲᠡᠶᠢᠮᠦ ᠭᠠᠵᠠᠷ ᠭᠣᠪᠢ ᠊ᠳᠤ ᠠᠰᠤᠷᠤ ᠶᠡᠬᠡ ᠬᠡᠮᠵᠢᠶ᠎ᠡ ᠲᠡᠢ ᠪᠣᠯᠳᠠᠭ᠃ ᠮᠣᠩᠭᠣᠯ ᠣᠷᠣᠨ ᠊ᠤ ᠨᠤᠲᠤᠭ ᠲᠤ ᠲᠧᠻᠲ᠋ᠣᠨᠢᠻ ᠊ᠤᠨ ᠰᠢᠨᠡᠬᠡᠨ ᠬᠥᠳᠡᠯᠭᠡᠭᠡᠨ ᠶᠡᠬᠡᠬᠡᠨ ᠶᠠᠪᠤᠭᠳᠠᠵᠤ ᠪᠠᠶᠢᠭᠰᠠᠨ ᠊ᠢ ᠠᠩᠬ᠎ᠠ ᠸ.ᠠ᠂ ᠣᠪᠷᠦ᠋ᠴᠢᠶᠧᠹ ᠨᠣᠲᠠᠯᠠᠭᠰᠠᠨ ᠡᠴᠠ ᠬᠣᠶᠢᠰᠢ ᠣᠯᠠᠨ ᠰᠤᠳᠤᠯᠤᠭᠠᠴᠢᠳ ᠡᠨᠡ ᠲᠤᠬᠠᠢ ᠮᠡᠳᠡᠭᠡ ᠊ᠢᠢ ᠬᠤᠷᠠᠮᠲᠤᠯᠠᠭᠤᠯᠤᠭᠰᠠᠨ ᠶᠤᠮ᠃ ᠮᠥᠰᠥᠳᠥᠯ ᠶᠡᠬᠡᠩᠬᠢ ᠠᠭᠤᠯᠠᠰ ᠲᠤ ᠨᠠᠭᠠᠳᠤ ᠵᠠᠬ᠎ᠠ ᠨᠢ 2 ᠤᠳᠠᠭ᠎ᠠ ᠪᠣᠯᠤᠭᠰᠠᠨ ᠨᠢ ᠲᠡᠳᠡᠭᠡᠷ ᠠᠭᠤᠯᠠᠰ ᠳᠠᠬᠢᠨ ᠡᠷᠭᠦᠭᠳᠡᠭᠰᠡᠨ ᠊ᠦ ᠭᠡᠷᠡᠴᠢ ᠶᠤᠮ᠃ ᠸ.ᠠ᠃ ᠠᠫᠷᠣᠫᠤᠹ ᠲᠤᠰ ᠣᠷᠣᠨ ᠊ᠤ ᠨᠤᠲᠤᠭ ᠲᠤ ᠪᠣᠯᠤᠭᠰᠠᠨ ᠲᠧᠻᠲ᠋ᠣᠨᠢᠻ ᠊ᠤᠨ ᠰᠢᠨᠡᠬᠡᠨ ᠬᠥᠳᠡᠯᠭᠡᠭᠡᠨ ᠊ᠢ ᠳᠠᠯᠠᠢ ᠊ᠳᠤ ᠬᠣᠲᠣᠭᠣᠷ ᠭᠦᠳᠦᠭᠦᠷ ᠲᠦ ᠦᠵᠡᠭᠦᠯᠦᠭᠰᠡᠨ ᠨᠥᠯᠦᠭᠡᠨ ᠊ᠦ ᠲᠠᠯ᠎ᠠ ᠪᠠᠷ 6 ᠬᠡᠪ ᠰᠢᠨᠵᠢᠨ ᠊ᠳᠦ ᠬᠤᠪᠢᠶᠠᠵᠠᠢ᠃
• 1 ᠪᠠ 2 ᠊ᠳᠦᠭᠠᠷ ᠬᠡᠪ ᠰᠢᠨᠵᠢ ᠊ᠢᠢᠨ ᠬᠥᠳᠡᠯᠭᠡᠭᠡᠨ ᠴᠠᠭ ᠦᠶ᠎ᠡ ᠊ᠢᠢᠨ ᠬᠤᠪᠢ ᠊ᠳᠤ ᠡᠷᠲᠡᠨ ᠊ᠦ ᠪᠥᠭᠡᠳ ᠮᠣᠩᠭᠣᠯ ᠣᠷᠣᠨ ᠊ᠤ ᠠᠭᠤᠯᠠᠰ᠂ ᠲᠡᠳᠡᠭᠡᠷ ᠊ᠢ ᠵᠠᠭᠠᠭᠯᠠᠭᠰᠠᠨ ᠲᠣᠮᠣ ᠲᠣᠮᠣ ᠪᠠᠭᠤᠴᠠ ᠡᠭᠦᠰᠬᠡᠭᠰᠡᠨ ᠪᠣᠯ
• 3 ᠊ᠳᠠᠬᠢ ᠬᠡᠪ ᠰᠢᠨᠵᠢ ᠊ᠳᠦ ᠮᠣᠩᠭᠣᠯ ᠠᠯᠲᠠᠢ ᠊ᠢᠢᠨ ᠵᠠᠬ᠎ᠠ ᠊ᠢᠢᠨ ᠵᠢᠵᠢᠭ ᠨᠢᠷᠤᠭᠤᠳ᠂ ᠶᠡᠬᠡ ᠨᠠᠭᠤᠷ ᠊ᠤᠳ ᠊ᠤᠨ ᠬᠣᠲᠣᠭᠣᠷ ᠳᠠᠬᠢ ᠵᠢᠵᠢᠭ ᠭᠦᠪᠳᠡᠯ ᠠᠭᠤᠯᠠᠰ ᠵᠡᠷᠭᠡ ᠊ᠢᠢ ᠲᠣᠭᠲᠠᠭᠠᠭᠰᠠᠨ᠃
• 4 ᠊ᠳᠦ ᠭᠣᠣᠯ ᠊ᠤᠳ ᠊ᠢ ᠬᠥᠨᠳᠡᠯᠡᠨ ᠪᠣᠭᠣᠵᠤ᠂ ᠨᠠᠭᠤᠷ ᠲᠣᠭᠲᠠᠭᠠᠭᠰᠠᠨ ᠳᠠᠯᠠᠨ ᠮᠠᠶ᠋ᠢᠭ ᠊ᠤᠨ ᠡᠷᠭᠦᠯᠲᠡ᠂
• 5 ᠳᠠᠬᠢ ᠨᠢ ᠭᠣᠣᠯ ᠊ᠤᠨ ᠳᠡᠨᠵᠢ ᠨ᠊ᠦᠭᠦᠳ ᠊ᠢ ᠡᠪᠳᠡᠯᠡᠭᠰᠡᠨ ᠡᠷᠭᠦᠯᠲᠡ᠂
• 6 ᠳᠠᠬᠢ ᠨᠢ ᠭᠠᠵᠠᠷ ᠬᠥᠳᠡᠯᠦᠯᠲᠡ᠃
ᠮᠣᠩᠭᠣᠯ ᠣᠷᠣᠨ ᠊ᠤ ᠭᠠᠵᠠᠷ ᠊ᠤᠨ ᠭᠠᠳᠠᠷᠭᠤ ᠪᠤᠶᠤ ᠬᠣᠲᠣᠭᠣᠷ ᠭᠦᠳᠦᠭᠦᠷ ᠡᠭᠦᠰᠬᠦ ᠬᠡᠳᠦ ᠬᠡᠳᠦᠨ ᠬᠦᠴᠦᠨ ᠵᠦᠢᠯ ᠪᠠᠶᠢᠳᠠᠭ᠃ ᠡᠳᠡᠭᠡᠷ ᠬᠦᠴᠦᠨ ᠵᠦᠢᠯ ᠊ᠦᠨ ᠬᠠᠷᠢᠯᠴᠠᠨ ᠦᠢᠯᠡᠴᠢᠯᠡᠯ ᠊ᠢᠢᠡᠷ ᠡᠭᠦᠰᠦᠭᠰᠡᠨ ᠪᠠᠶᠢᠨ᠎ᠠ᠃
1. ᠲᠧᠻᠲ᠋ᠣᠨᠢᠻ ᠬᠥᠳᠡᠯᠭᠡᠭᠡᠨ ( ᠣᠷᠴᠢᠨ ᠦᠶ᠎ᠡ ᠊ᠢᠢᠨ᠂ ᠡᠷᠲᠡ ᠳᠡᠭᠡᠷ᠎ᠡ ᠦᠶ᠎ᠡ ᠊ᠢᠢᠨ ᠡᠷᠡᠨ ᠭᠠᠯᠪᠠ ᠊ᠢᠢᠨ) ᠭᠠᠵᠠᠷ ᠊ᠤᠨ ᠭᠦᠨ ᠊ᠦ ᠦᠢᠯᠡ ᠶᠠᠪᠤᠴᠠ ᠲᠠᠢ ᠬᠣᠯᠪᠣᠭ᠎ᠠ ᠲᠠᠢ ᠃ ᠥᠨᠳᠥᠷ ᠠᠭᠤᠯᠠ ᠨᠢᠷᠤᠭᠤᠳ᠂ ᠬᠣᠲᠣᠭᠣᠷ ᠊ᠤᠳ ᠡᠭᠦᠰᠦᠨ᠎ᠡ᠃ ᠬᠠᠪᠲᠠᠩᠭ᠎ᠠ ᠨᠤᠭᠤᠳ ᠊ᠤᠨ ᠬᠥᠳᠡᠯᠭᠡᠨ ᠊ᠦ ᠦᠷ᠎ᠡ ᠳᠦᠩ ᠊ᠳᠦ ᠬᠦᠴᠦᠨ ᠵᠦᠢᠯ ᠊ᠦᠨ ᠮᠠᠻᠷᠣ ᠬᠡᠯᠪᠡᠷᠢ ᠨ᠊ᠦᠭᠦᠳ ᠪᠤᠢ ᠪᠣᠯᠤᠨ᠎ᠠ᠃ ᠮᠥᠨ ᠠᠨ ᠴᠠᠪ᠂ ᠭᠦᠨ ᠬᠠᠭᠠᠷᠠᠯ ᠊ᠤᠳ ᠡᠭᠦᠰᠴᠦ ᠪᠣᠯᠤᠨ᠎ᠠ᠃ ᠶᠡᠬᠡᠩᠬᠢ ᠲᠣᠮᠣ ᠭᠣᠣᠯ ᠊ᠤᠳ ᠨᠢ ᠲᠧᠻᠲ᠋ᠣᠨᠢᠻ ᠬᠠᠭᠠᠷᠠᠯ ᠊ᠢ ᠳᠠᠭᠠᠵᠤ ᠪᠤᠢ ᠪᠣᠯᠤᠨ᠎ᠠ᠃ ᠮᠥᠨ ᠠᠰᠢᠭᠲᠤ ᠮᠠᠯᠲᠠᠮᠠᠯ ᠊ᠤᠨ ᠣᠷᠳᠣ ᠭᠠᠵᠠᠷ ᠊ᠤᠳ ᠭᠠᠷᠴᠤ ᠢᠷᠡᠨ᠎ᠡ᠃
2. ᠮᠥᠰᠥᠲᠥᠯᠭᠡ ᠊ᠦᠨ ᠦᠶ᠎ᠡ ( ᠡᠷᠲᠡᠨ ᠊ᠦ ᠮᠥᠰᠥᠲᠥᠯᠭᠡ᠂ ᠣᠷᠴᠢᠨ ᠦᠶ᠎ᠡ ᠊ᠢᠢᠨ ᠮᠥᠰᠥᠲᠥᠯᠭᠡ) ᠮᠣᠩᠭᠣᠯ ᠣᠷᠣᠨ ᠊ᠤ ᠬᠣᠶᠢᠳᠤ ᠬᠡᠰᠡᠭ ᠊ᠦᠨ ᠠᠭᠤᠯᠠ ᠨᠢᠷᠤᠭᠤᠳ ᠲᠠᠯ᠎ᠠ ᠬᠥᠨᠳᠡᠢ ᠊ᠢᠢ ᠪᠦᠷᠬᠡᠭᠰᠡᠨ 2-3 ᠤᠳᠠᠭ᠎ᠠ ᠮᠥᠰᠥᠲᠥᠯᠭᠡ ᠪᠣᠯᠵᠤ ᠪᠠᠶᠢᠭᠰᠠᠨ᠃
• ᠬᠠᠨᠲᠠᠶᠢᠰᠢᠷᠢ ᠊ᠢᠢᠨ ᠨᠢᠷᠤᠭᠤᠨ ᠊ᠳᠤ 6 ᠵᠢᠯ ᠊ᠦᠨ ᠡᠮᠦᠨ᠎ᠡ ᠮᠥᠰᠥᠲᠥᠯᠭᠡ ᠊ᠢᠢᠨ ᠬᠤᠷᠠᠳᠠᠰᠤ ᠢᠯᠡᠷᠡᠭᠰᠡᠨ᠃
• ᠮᠥᠰᠥᠲᠥᠯᠭᠡ ᠳᠠᠭᠤᠰᠤᠭᠰᠠᠨ ᠊ᠤ ᠳᠠᠷᠠᠭ᠎ᠠ ᠤᠷᠭᠤᠮᠠᠯ ᠤᠷᠭᠤᠬᠤ ᠲᠠᠭ᠎ᠠ ᠲᠠᠢ ᠨᠥᠬᠥᠴᠡᠯ ᠪᠦᠷᠢᠳᠦᠭᠰᠡᠨ᠃
• ᠮᠥᠰᠥᠲᠥᠯᠭᠡ ᠊ᠢᠢᠨ ᠦᠢᠯᠡ ᠶᠠᠪᠤᠴᠠ ᠊ᠢᠢᠨ ᠦᠶ᠎ᠡ ᠊ᠳᠦ ᠡᠭᠦᠰᠦᠭᠰᠡᠨ ᠬᠣᠲᠣᠭᠣᠷ ᠭᠦᠳᠦᠭᠦᠷ ᠊ᠦᠳ ᠣᠳᠣ ᠦᠶ᠎ᠡ ᠬᠦᠷᠲᠡᠯ᠎ᠡ ᠬᠠᠳᠠᠭᠠᠯᠠᠭᠳᠠᠵᠤ ᠦᠯᠡᠳᠡᠭᠰᠡᠨ᠃ ᠡᠭᠴᠡ ᠬᠠᠨᠠᠨ ᠬᠢᠰᠤᠭ᠎ᠠ᠂ ᠬᠠᠪᠴᠢᠯ᠂ ᠬᠠᠵᠠᠭᠤ᠂ ᠡᠴᠦᠰ ᠊ᠦᠨ ᠮᠣᠷᠧᠨ ᠡᠭᠦᠰᠦᠭᠰᠡᠨ᠂
• ᠮᠥᠰᠥᠲᠥᠯᠭᠡ ᠊ᠢᠢᠨ ᠦᠶ᠎ᠡ ᠃

ᠭᠠᠵᠠᠷ ᠦ᠋ᠨ
ᠴᠠᠷᠴᠠᠳᠠᠰᠤ ᠳ᠋ᠠᠬᠢ
ᠬᠠᠭᠠᠷᠠᠯ
(rift)