Хутагтын дөрвөн үнэн

Wikibilig-с

ᠬᠤᠲᠤᠬᠲᠠ ᠊ᠢᠢᠨ ᠳᠥᠷᠪᠡᠨ ᠦᠨᠡᠨ ᠊ᠦ ᠰᠤᠷᠭᠠᠯ ᠪᠤᠷᠬᠠᠨ ᠊ᠦ ᠱᠠᠰᠢᠨ ᠊ᠦ (ᠪᠦᠳ᠋ᠳ᠋ᠢᠰᠮ) ᠰᠠᠭᠤᠷᠢ ᠦᠵᠡᠯ ᠪᠠᠷᠢᠮᠲᠯᠠᠯ ᠲᠤᠯᠠ ᠪᠤᠷᠬᠠᠨ ᠊ᠤ ᠱᠠᠰᠢᠨ ᠊ᠤ ᠪᠦᠬᠢ ᠯᠡ ᠤᠯᠠᠮᠵᠢᠯᠠᠯ ᠊ᠤᠳ ᠪᠠᠷᠢᠮᠲᠠᠯᠠᠨ ᠳᠠᠭᠠᠳᠠᠭ᠃ ᠬᠤᠲᠤᠬᠲᠠ ᠊ᠢᠢᠨ ᠳᠥᠷᠪᠡᠨ ᠦᠨᠡᠨ ᠊ᠢ ᠨᠣᠮ ᠊ᠤᠨ ᠬᠦᠷᠳᠡᠨ ᠡᠷᠭᠢᠭᠦᠯᠭᠰᠡᠨ ᠰᠤᠳᠤᠷ ᠲᠤ ᠥᠭᠦᠯᠡᠭᠰᠡᠨ ᠪᠠᠢᠢᠳᠠᠭ ᠠᠵᠡᠢ᠃ ᠬᠤᠲᠤᠬᠲᠤ ᠊ᠢᠢᠨ ᠳᠥᠷᠪᠡᠨ ᠦᠨᠡᠨ ᠨᠢ ᠳᠠᠷᠠᠭᠠᠬᠢ ᠨᠤᠭᠤᠳ ᠪᠣᠯᠣᠨ ᠊ᠠ᠋᠃ 1. ᠵᠣᠪᠠᠯᠠᠩ ᠊ᠤᠨ ᠦᠨᠡᠨ दु:ख
सत्य
(ᠰᠠᠮᠭᠠᠷᠳᠢ) སྡུག་
བསྔལ་
གྱི་
བདེན་
(ᠲᠦᠪᠡᠳ) 2. ᠰᠢᠯᠲᠠᠭᠠᠨ ᠊ᠤ ᠦᠨᠡᠨ समुदय
सत्य
(ᠰᠠᠮᠭᠠᠷᠳᠢ) ཀུན་
འབྱུང་
བའི་
བདེན་
(ᠲᠦᠪᠡᠳ) 3. ᠲᠦᠷᠳᠡᠬᠦᠢ ᠊ᠢᠢᠨ ᠦᠨᠡᠨ निरोध
सत्य
(ᠰᠠᠮᠭᠠᠷᠳᠢ) འགོག་
པའི་
བདེན་
(ᠲᠦᠪᠡᠳ) 4. ᠮᠥᠷᠦ ᠊ᠢᠢᠨ ᠦᠨᠡᠨ मार्ग
सत्य
(ᠰᠠᠮᠭᠠᠷᠳᠢ) ལམ་
གྱི་
བདེན་
(ᠲᠦᠪᠡᠳ)

ᠵᠣᠪᠠᠯᠠᠩ ᠦᠨᠡᠨ[засварлах | кодоор засварлах]

ᠲᠦᠷᢈᠬᠦ᠂ ᠡᠪᠡᠳᠬᠦ᠂ ᠦᠲᠦᠯᠡᠬᠦ᠂ ᠦᠬᠦᠬᠦ ᠵᠣᠪᠠᠯᠠᠩ᠃ ᠨᠢᠭᠡᠨᠲᠡ ᠡᠪᠡᠳᠳᠡᠭ ᠪᠡᠢ ᠡ ᠢ ᠠᠪᠴᠦ ᠲᠦᠷᠦᠭᠰᠡᠨ ᠡᠴᠡ ᠬᠣᠢᠢᠰᠢ ᠡᠪᠡᠳᠬᠦ ᠨᠢ ᠭᠠᠷᠴᠠᠭ᠎ᠠ ᠦᠭᠡᠢ᠂ ᠡᠪᠡᠳᠳᠡᠭ ᠦᠭᠡᠢ ᠬᠦᠮᠦᠨ ᠪᠠᠢᠢᠳᠠᠭ ᠦᠭᠡᠢ᠃ ᠥᠲᠥᠯᠡᠬᠦ ᠨᠢ ᠪᠠᠰᠠ ᠵᠣᠪᠠᠯᠠᠩ᠂ ᠦᠲᠦᠯᠡᠬᠦ ᠡᠴᠡ ᠵᠠᠢᠢᠯᠠᠬᠣ ᠠᠷᠭ᠎ᠠ ᠦᠭᠡᠢ᠃ ᠦᠬᠦᠬᠦ ᠨᠢ ᠪᠠᠰᠠ ᠵᠣᠪᠠᠯᠠᠩ᠃ ᠡᠳᠡᠭᠡᠷ ᠨᠢ ᠵᠣᠪᠠᠯᠠᠩ ᠊ᠦᠨ ᠵᠣᠪᠠᠯᠠᠩ᠃ ᠬᠦᠰᠡᠭᠡ ᠦᠭᠡᠢ ᠲᠡᠢ ᠣᠴᠠᠷᠠᠬᠣ ᠵᠣᠪᠠᠯᠠᠩ᠃ ᠬᠦᠰᠡᠭᠰᠡᠨ ᠢ ᠪᠡᠨ ᠡᠷᠢᠭᠡᠳ ᠣᠯᠬᠣ ᠦᠭᠡᠢ ᠪᠠᠢᠢᠬᠣ ᠪᠠᠰᠠ ᠵᠣᠪᠠᠯᠠᠩ᠃ ᠬᠦᠰᠡᠭᠰᠡᠨ ᠢ ᠪᠡᠨ ᠣᠯᠣᠭᠰᠠᠨ ᠴᠦ ᠲᠡᠭᠦᠨ ᠡᠴᠡ ᠪᠡᠨ ᠣᠢᠢᠳᠬᠣ᠂ ᠡᠰᠡᠪᠡᠯ ᠲᠡᠷᠡ ᠨᠢ ᠡᠷᠭᠢᠭᠡᠳ ᠲᠦᠪᠡᠭ᠌ ᠣᠴᠠᠷᠠᠭᠣᠯᠬᠣ ᠵᠣᠪᠠᠯᠠᠩ᠃ ᠡᠨᠡ ᠨᠢ ᠣᠷᠪᠠᠬᠣ ᠵᠣᠪᠠᠯᠠᠩ᠃

ᠵᠣᠪᠠᠯᠠᠩ ᠊ᠣᠨ ᠰᠢᠯᠲᠠᠭᠠᠨ ᠦᠨᠡᠨ[засварлах | кодоор засварлах]

ᠰᠠᠢᠢᠨ ᠦᠢᠯᠡ ᠰᠠᠢᠢᠨ ᠦᠷ ᠡ᠋ ᠳᠠᠭᠠᠪᠣᠷᠢ ᠠᠪᠴᠢᠷᠠᠨ ᠡ᠋᠃ ᠮᠠᠭᠣ ᠦᠢᠯᠡ ᠮᠠᠭᠣ ᠦᠷ ᠡ᠋ ᠳᠠᠭᠠᠪᠣᠷᠢ ᠠᠪᠴᠢᠷᠠᠨ ᠡ᠋᠃ ᠮᠠᠭᠣ ᠦᠢᠯᠡ ᠵᠣᠪᠠᠯᠠᠩ ᠊ᠦᠨ ᠰᠢᠯᠲᠠᠭᠠᠨ᠃ ᠮᠠᠭᠣ ᠦᠢᠯᠡ ᠮᠠᠭᠣ ᠰᠡᠳᠬᠢᠯ ᠡᠴᠡ ᠡᠭᠦᠳᠦᠯ ᠲᠡᠢ᠃ ᠮᠠᠭᠣ ᠰᠡᠳᠬᠢᠯ ᠨᠢ ᠰᠢᠨᠣᠯ᠂ ᠠᠭᠣᠷ᠂ ᠮᠣᠩᠬᠠᠭ᠃ ᠰᠡᠳᠬᠢᠯ ᠵᠥᠪ ᠪᠠᠢᠢᠪᠠᠯ ᠦᠢᠯᠡ ᠮᠠᠨᠢ ᠵᠥᠪ ᠪᠠᠢᠢᠨ ᠡ᠋᠃ ᠰᠡᠳᠬᠢᠯ ᠮᠠᠨᠢ ᠪᠣᠷᠣᠭᠣ ᠪᠠᠢᠢᠪᠠᠯ ᠦᠢᠯᠡ ᠮᠠᠨᠢ ᠪᠣᠷᠣᠭᠣ ᠪᠠᠢᠢᠨ ᠡ᠋᠃ ᠦᠢᠯᠡ ᠮᠠᠨᠢ ᠪᠣᠷᠣᠭᠣ ᠪᠠᠢᠢᠪᠠᠯ ᠵᠣᠪᠯᠠᠩ ᠢᠷᠡᠨ ᠡ᠋᠃

ᠭᠡᠬᠦ ᠳ᠋ᠡᠭᠡᠨ ᠵᠣᠪᠠᠯᠠᠩ ᠲᠠᠢ ᠭᠡᠵᠦ ᠭᠣᠲᠣᠷᠠᠬᠣ ᠬᠡᠷᠡᠭ ᠦᠭᠡᠢ᠂ ᠣᠴᠢᠷ ᠨᠢ ᠳᠠᠷᠠᠭᠠᠬᠢ ᠬᠣᠶᠠᠷ ᠦᠨᠡᠨ ᠊ᠳᠦ ᠵᠣᠪᠠᠯᠠᠩ ᠊ᠢ ᠡᠭᠦᠷᠢᠳᠡ ᠲᠠᠰᠤᠯᠠᠬᠤ ᠵᠠᠮ ᠊ᠢ ᠵᠢᠭᠠᠭᠰᠠᠨ ᠪᠠᠢᠢᠳᠠᠭ᠃

ᠵᠣᠪᠠᠯᠠᠩ ᠡᠴᠡ ᠭᠡᠲᠦᠯᠬᠦ ᠨᠢ ᠦᠨᠡᠨ[засварлах | кодоор засварлах]

ᠮᠣᠩᠭᠣᠯ ᠭᠠᠨᠵᠤᠷ ᠳ᠋ᠠᠬᠢ
ᠨᠣᠮ ‍ᠤᠨ ᠬᠦᠷᠳᠡᠨ ‍ᠢ
ᠰᠠᠢᠢᠲᠤᠷ ᠡᠷᠭᠢᠭᠦᠯᠦᠭᠴᠢ
ᠰᠤᠳᠤᠷ ᠡᠴᠡ

ᠵᠣᠪᠠᠯᠠᠩ ᠊ᠣᠨ ᠰᠢᠯᠲᠠᠭᠠᠨ ᠊ᠢ ᠮᠡᠳᠡᠭᠰᠡᠨ ᠊ᠢᠢᠡᠷ ᠵᠣᠪᠠᠯᠠᠩ ᠡᠴᠡ ᠠᠩᠭᠢᠵᠢᠷᠠᠬᠣ ᠠᠷᠭ ᠡ᠋ ᠲᠣᠳᠣᠷᠠᠬᠠᠢ ᠪᠣᠯᠣᠨ ᠡ᠋᠃ ᠰᠡᠳᠬᠢᠯ ᠊ᠢᠢᠡᠨ ᠵᠥᠪ ᠪᠠᠢᠢᠯᠠᠭᠠᠪᠠᠯ ᠵᠣᠪᠠᠯᠠᠩ ᠭᠠᠷᠬᠣ ᠦᠭᠡᠢ ᠶᠣᠮ ᠪᠠᠢᠢᠨ ᠡ᠋᠃ ᠰᠢᠨᠣᠯ ᠦᠭᠡᠢ ᠪᠠᠢᠢᠪᠠᠯ ᠵᠣᠪᠠᠯᠠᠩ ᠦᠭᠡᠢ ᠪᠠᠢᠢᠨ ᠡ᠋᠃ ᠠᠭᠣᠷ ᠦᠭᠡᠢ ᠪᠠᠢᠢᠪᠠᠯ ᠵᠣᠪᠠᠯᠠᠩ ᠦᠭᠡᠢ ᠪᠠᠢᠢᠨ ᠡ᠋᠃ ᠮᠣᠩᠬᠠᠭ ᠦᠭᠡᠢ ᠪᠠᠢᠢᠪᠠᠯ ᠵᠣᠪᠠᠯᠠᠩ ᠦᠭᠡᠢ ᠪᠠᠢᠢᠨ ᠡ᠋᠃ ᠮᠣᠩᠬᠠᠭ ᠦᠭᠡᠢ ᠪᠠᠢᠢᠨ ᠡ᠋ ᠭᠡᠳᠡᠭ ᠭᠡᠭᠡᠷᠡᠨ ᠡ᠋ ᠭᠡᠰᠡᠨ ᠦᠭᠡ᠃ ᠢᠮᠠᠭᠲᠠ ᠠᠮᠢᠳᠣᠷᠠᠯ ᠊ᠣᠨ ᠣᠳᠬ ᠡ᠋ ᠣᠴᠢᠷ ᠊ᠢ ᠲᠤᠩᠭᠠᠵᠤ᠂ ᠦᠪᠡᠷ ᠊ᠦᠨ ᠊ᠢᠢᠡᠨ ᠰᠡᠳᠬᠢᠯ᠂ ᠬᠡᠯᠡ᠂ ᠪᠡᠢ ᠊ᠢᠢᠨ ᠦᠢᠯᠡ ᠊ᠢᠢ ᠬᠢᠨᠠᠵᠣ᠂ ᠵᠦᠭᠰᠢᠷᠡᠭᠦᠯᠵᠦ ᠶᠠᠪᠣᠪᠠᠯ ᠮᠣᠩᠬᠠᠭ ᠡᠴᠡ ᠬᠠᠭᠠᠴᠠᠵᠣ ᠪᠣᠯᠣᠨ ᠡ᠋᠃ ᠰᠡᠳᠬᠢᠯ ᠮᠣᠩᠬᠠᠭ ᠦᠭᠡᠢ ᠪᠣᠯ ᠪᠡᠢ ᠪᠠ ᠬᠡᠯᠡ ᠪᠡᠷ ᠮᠠᠭᠣ ᠦᠢᠯᠡ ᠦᠢᠯᠡᠳᠬᠦ ᠦᠭᠡᠢ᠃ ᠮᠠᠭᠣ ᠦᠢᠯᠡ ᠦᠢᠯᠡᠳᠬᠦ ᠦᠭᠡᠢ ᠪᠣᠯ ᠮᠠᠭᠣ ᠦᠷ ᠡ᠋ ᠳᠠᠭᠠᠪᠣᠷᠢ ᠭᠠᠷᠬᠣ ᠦᠭᠡᠢ᠃

ᠵᠣᠪᠠᠯᠠᠩ ᠡᠴᠡ ᠭᠡᠲᠥᠯᠬᠦ ᠠᠷᠭ᠎ᠠ ᠵᠠᠮ ᠪᠠᠢᠢᠭ᠎ᠠ ᠨᠢ ᠦᠨᠡᠨ[засварлах | кодоор засварлах]

ᠭᠡᠲᠦᠯᠬᠦ ᠮᠥᠷᠦ ᠨᠢ ᠬᠤᠲᠤᠬᠲᠠ ᠊ᠢᠢᠨ ᠨᠠᠢᠮᠠᠨ ᠮᠥᠷ ᠭᠡᠳᠡᠭ ᠊ᠢᠢᠡᠷ ᠢᠯᠡᠷᠬᠡᠢᠢᠯᠡᠭᠳᠡᠳᠡᠭ ᠪᠠᠢᠢᠨ ᠊ᠠ᠋᠃ ᠡᠭᠦᠨ ᠊ᠳᠦ᠄ i) ᠵᠥᠪ ᠦᠵᠡᠯ ii) ᠵᠥᠪ ᠡᠷᠡᠮᠡᠯᠵᠡᠯ iii) ᠵᠥᠪ ᠦᠭᠡ iv) ᠵᠥᠪ ᠦᠢᠯᠡ v) ᠵᠥᠪ ᠠᠬᠣᠢ vi) ᠵᠥᠪ ᠴᠢᠷᠮᠠᠢᠢᠯᠲᠠ vii) ᠵᠥᠪ ᠳᠣᠷᠠᠳᠣᠯ viii) ᠵᠥᠪ ᠲᠥᠪᠯᠡᠷᠡᠯ

ᠪᠣᠷᠬᠠᠨ ᠪᠠᠭᠰᠢ: "ᠮᠢᠨᠦ ᠨᠣᠮ ᠳ᠋ᠣ ᠮᠣᠬᠣᠷ ᠢᠢᠠᠷ ᠪᠢᠲᠡᠭᠡᠢ ᠢᠲᠡᠭᠡᠭᠡᠷᠡᠢ᠂ ᠰᠢᠯᠭᠠᠵᠣ ᠢᠲᠡᠭᠡᠭᠡᠷᠡᠢ"ᠭᠡᠵᠦ ᠵᠠᠬᠢᠳᠠᠭ ᠪᠠᠢᠢᠵᠡᠢ᠃