Хэлмэгдэгсдийн хөшөө

Wikibilig-с

ᠣᠯᠠᠭᠠᠨᠪᠠᠭᠠᠲᠣᠷ ‍ᠳᠠᠬᠢ ᠬᠥᠰᠢᠶ ‍ᠡ᠋[засварлах | кодоор засварлах]




ᠬᠡᠯᠮᠡᠭᠳᠡᠭᠰᠡᠳ ᠦᠨ ᠬᠥᠰᠢᠢ ᠊ᠡ᠋ ‍ᠢᠢ 1997 ᠣᠨ ᠊ᠳᠤ ᠤᠷᠠᠨ ᠪᠠᠷᠢᠮᠠᠯᠴᠢ ᠯ᠊ ∙ ᠪᠣᠯᠣᠳ ᠵᠡᠰ ᠬᠥᠬᠡᠮᠡᠯ ᠊ᠦᠨ ᠠᠷᠬ᠋᠎‍ᠠ᠋ ᠪᠠᠷ ᠤᠷᠠᠯᠠᠭᠰᠠᠨ ᠶᠤᠮ᠃

1991 ᠣᠨ ᠊ᠳᠤ ᠬᠥᠰᠢᠶ ᠊ᠡ᠋ ᠪᠣᠰᠬᠠᠬᠤ ᠲᠣᠭᠲᠠᠭᠠᠯ ᠭᠠᠷᠴᠤ᠂ 1993 ᠣᠨ ᠊ᠳᠤ ᠭᠤᠷᠪᠠᠨ ᠤᠳᠠᠭ᠎ ᠊ᠡ᠋ ᠰᠢᠯᠢᠳᠡᠭ ᠪᠦᠲᠦᠭᠡᠯ  ᠊ᠦᠨ ᠲᠧᠨ᠍ᠳᠧᠷ ᠭᠠᠷᠤᠭᠰᠠᠨ ᠠᠴᠠ᠂ ᠤᠭ ᠬᠥᠰᠢᠶ ᠊ᠡ᠋ ᠰᠢᠯᠭᠠᠷᠠᠭᠰᠠᠨ ᠲᠡᠦᠬᠡ ᠲᠡᠢ᠃

ᠬᠥᠰᠢᠶ ᠊ᠡ᠋  ‍ᠢᠢ ᠦᠨᠳᠦᠰᠦᠨ ᠊ᠦ ᠮᠦᠽᠧᠢ ‍ᠢᠢᠨ ᠡᠮᠦᠨ᠎ ᠊ᠡ᠋ ᠡᠲᠡᠭᠡᠳᠦ ᠳᠤ ᠪᠠᠢᠢᠷᠢᠯᠠᠭᠤᠯᠤᠭᠰᠠᠨ᠃

ᠡᠨᠡᠬᠦ ᠬᠥᠰᠢᠢ ᠊ᠡ᠋ ᠊ᠶ᠋ᠢ 1921-1990 ᠣᠨ ᠊ᠤ ᠬᠣᠭᠣᠷᠣᠨᠳᠣ ᠤᠯᠤᠰ ᠲᠥᠷᠦ  ᠊ᠶ᠋ᠢᠨ ᠰᠢᠯᠲᠠᠭᠠᠨ  ᠵᠢᠠᠷ ᠬᠡᠯᠮᠡᠭᠳᠡᠭᠰᠡᠨ 30 ᠮᠢᠩᠭ᠎ ᠊ᠡ᠋ ᠭᠠᠷᠤᠢ ᠬᠦᠮᠦᠨ ᠊ᠦ ᠳᠤᠷᠠᠰᠬᠠᠯ ᠊ᠳᠤ ᠵᠣᠷᠢᠭᠤᠯᠵᠤ ᠪᠣᠰᠬᠠᠭᠰᠠᠨ ᠶᠤᠮ᠃

ᠬᠡᠯᠮᠡᠭᠳᠡᠭᠰᠡᠳ ᠊ᠦᠨ ᠬᠥᠰᠢᠶᠡᠨ ᠊ᠳᠦ ᠵᠢᠯ ᠪᠦᠷᠢ ‍ᠢᠢᠨ ᠶᠢᠰᠦᠳᠦᠭᠡᠷ ᠰᠠᠷ ᠊ᠡ᠋ ᠊ᠶ᠋ᠢᠨ 10 ᠊ᠳᠦ ᠪᠤᠶᠤ ᠬᠦᠮᠦᠨ ᠊ᠦ ᠡᠷᠬᠡ ‍ᠢᠢᠨ ᠡᠳᠦᠷ ᠵᠢᠠᠷ ᠲᠥᠷᠥ ᠵᠠᠰᠠᠭ ᠊ᠤᠨ ᠡᠷᠬᠢᠮ ᠬᠦᠨᠳᠦ ᠲᠡᠢ ᠬᠦᠮᠦᠰ ᠴᠡᠴᠡᠭ ᠡᠷᠭᠦᠵᠦ᠂ ᠬᠡᠯᠮᠡᠭᠳᠡᠭᠰᠡᠳ ᠊ᠦᠨ ᠠᠷᠤ ᠭᠡᠷ ᠊ᠡ᠋ ‍ᠢᠢᠨ ᠬᠢᠨ ᠲᠡᠢ ᠨᠢ ᠠᠭᠤᠯᠵᠠᠳᠠᠭ ᠤᠯᠠᠮᠵᠢᠯᠠᠯ ᠲᠣᠭᠲᠠᠵᠠᠢ᠃

ᠲᠤᠬᠠᠢ ‍ᠢᠢᠨ ᠦᠶ ᠊ᠡ᠋ ‍ᠢᠢᠨ ᠬᠠᠩᠰᠢ ᠪᠠᠷ 24.6 ᠰᠠᠶ ᠊ᠡ᠋ ᠲᠥᠭᠦᠷᠢᠭ ᠵᠢᠠᠷ ᠪᠦᠲᠦᠭᠰᠡᠨ ᠬᠡᠯᠮᠡᠭᠳᠡᠭᠰᠡᠳ ᠊ᠦᠨ ᠬᠥᠰᠢᠶ᠎ᠡ ᠨᠢ ᠡᠳᠦᠭᠡ ᠴᠢᠩᠭᠢᠯᠲᠡᠢ ᠳᠡᠭᠦᠷᠭᠡ ‍ᠢᠢᠨ ᠵᠠᠰᠠᠭ ᠳᠠᠷᠤᠭ᠎ ᠊ᠡ᠋ ‍ᠢᠢᠨ ᠬᠠᠮᠠᠭᠠᠯᠠᠯᠲᠠ ᠊ᠳᠤ ᠪᠠᠢᠢᠳᠠᠭ ᠠᠵᠢ᠃

ᠤᠭ ᠬᠥᠰᠢᠶᠡᠨ ᠊ᠦ ᠳᠥᠷᠪᠡᠯᠵᠢᠨ ᠬᠠᠷ ᠊ᠡ᠋ ᠥᠩᠭᠡ ᠲᠡᠢ ᠲᠡᠮᠦᠷ ᠬᠦᠷᠢᠶ ᠊ᠡ᠋ ᠪᠦᠬᠦᠢ ᠬᠠᠨ᠎ ᠊ᠡ᠋ ᠨᠢ ᠬᠦᠮᠦᠨ ᠊ᠦ ᠡᠷᠬᠡ ᠴᠢᠯᠦᠭᠡ ‍ᠢᠢ ᠬᠠᠭᠠᠵᠤ ᠪᠣᠭᠣᠵᠤ᠂ ᠬᠢᠵᠠᠭᠠᠷᠯᠠᠵᠤ ᠪᠠᠢᠢᠭ᠎ ᠊ᠡ᠋ ‍ᠢᠢ ᠢᠯᠡᠷᠬᠡᠢᠢᠯᠡᠭᠰᠡᠨ ᠤᠳᠬ᠎ᠠ ᠰᠠᠨᠠᠭ᠎ ᠊ᠡ᠋ ᠲᠠᠢ ᠪᠣᠯ᠂ ᠳᠣᠲᠣᠷ ᠊ᠡ᠋ ᠨᠢ ᠪᠠᠢᠢᠭ᠎᠊ᠡ᠋ ᠬᠦᠮᠦᠨ ᠦ ᠳᠦᠷᠰᠦ ᠨᠢ ᠲᠡᠷᠡᠬᠦ ᠬᠠᠨ᠎ᠠ  ᠢ ᠨᠤᠷᠠᠭᠠᠬᠤ ‍ᠢᠢ ᠬᠦᠰᠡᠭᠰᠡᠨ᠂ ᠡᠷᠬᠡ ᠴᠢᠯᠦᠭᠡᠨ ᠊ᠦ ᠪᠡᠨ ᠲᠥᠯᠥᠭᠡ ᠲᠡᠮᠡᠴᠡᠭᠰᠡᠳ ᠊ᠦᠨ ᠳᠦᠷᠢ ‍ᠢᠢ ᠢᠯᠡᠷᠬᠡᠢᠢᠯᠡᠵᠡᠢ᠃

ᠬᠠᠨ᠎ ᠊ᠢᠢᠨ ᠳᠣᠲᠣᠷ᠎᠊ᠡ᠋ ᠲᠠᠯ᠎᠊ᠡ᠋ ᠊ᠳᠤ 《ᠴᠠᠭᠠᠵᠠ ᠶᠢᠨ ᠶᠠᠯ᠎ᠠ ᠦᠭᠡᠢ ᠮᠣᠩᠭᠣᠯ ᠤᠯᠤᠰ》 ᠬᠡᠮᠡᠬᠦ ᠤᠷᠢᠶᠠᠯᠭ᠎᠊ᠡ᠋ ᠦᠭᠡ ᠪᠠᠢᠢᠳᠠᠭ ᠶᠤᠮ᠃

ᠬᠠᠷᠢᠨ ᠲᠤᠰ ᠬᠥᠰᠢᠶᠡᠨ ᠊ᠦ ᠰᠠᠭᠤᠷᠢᠨ ᠳᠡᠭᠡᠷ᠎ᠡ 《ᠬᠠᠯᠠᠭᠤᠨ ᠢᠲᠡᠭᠡᠯ ᠴᠥᠬᠦᠷᠡᠭᠰᠡᠨ ᠬᠠᠲᠤᠨ ᠵᠢᠷᠦᠬᠡ ᠱᠠᠷᠬᠢᠷᠠᠭᠰᠠᠨ ᠬᠠᠷ᠎ᠠ ᠳᠠᠷᠤᠭᠰᠠᠨ ᠵᠡᠭᠦᠳᠦ ᠰᠢᠭ ᠣᠨ ᠵᠢᠯ ᠦᠳ ᠢ ᠬᠠᠮᠤᠭ ᠮᠣᠩᠭᠣᠯᠴᠤᠳ ᠪᠤᠤ ᠮᠠᠷᠲᠠᠬᠲᠤᠨ》 ᠭᠡᠰᠡᠨ ᠪᠠᠢᠢᠳᠠᠭ᠃

ᠣᠯᠠᠨ ᠵᠢᠯ ᠦᠨ ᠲᠡᠷᠲᠡᠭᠡᠬᠢ ᠬᠡᠯᠮᠡᠭᠳᠡᠭᠰᠡᠳ ᠊ᠦᠨ ᠵᠣᠪᠠᠯᠠᠩ ᠰᠢᠨᠠᠯᠤᠯ᠂ ᠭᠣᠮᠣᠳᠠᠯ ᠴᠥᠬᠥᠷᠡᠯ᠂ ᠳᠣᠲᠣᠭᠠᠳᠤ ᠬᠦᠰᠡᠯ ᠡᠷᠡᠮᠡᠯᠵᠡᠯ ᠊ᠢ ᠬᠠᠷᠠᠭᠤᠯᠤᠭᠰᠠᠨ ᠡᠨᠡᠬᠦ ᠬᠥᠰᠢᠶ᠎᠊ᠡ᠋ ᠪᠡᠷ ᠲᠡᠦᠬᠡ ᠶᠢ ᠭᠡᠷᠡᠴᠢᠯᠡᠵᠦ ᠦᠯᠡᠳᠡᠭᠡᠵᠦᠬᠦᠢ᠃


ᠬᠠᠷᠠᠬᠣᠷᠢᠨ ‍ᠳᠠᠬᠢ ᠬᠥᠰᠢᠶ ‍ᠡ᠋[засварлах | кодоор засварлах]

ᠬᠡᠯᠮᠡᠭᠳᠡᠭᠰᠡᠳ ‍ᠥᠨ ᠡᠨᠡ ᠬᠥᠰᠢᠶ ‍ᠠ᠋ 2019 ᠣᠨ ‍ᠳᠣᠷ ᠨᠡᠭᠡᠬᠡᠭᠳᠦᠭᠰᠡᠨ᠃

ᠣᠯᠣᠰ ᠳᠥᠷᠥ ᠵᠢᠨ ᠬᠡᠯᠮᠡᠭᠳᠡᠭᠥᠯᠡᠯᠲᠡ ‍ᠳᠥᠷ ᠥᠷᠲᠥᠭᠰᠡᠨ ᠬᠣᠸᠠᠷᠠᠭ ‍ᠣᠳ ‍ᠣᠨ ᠳᠣᠷᠠᠰᠬᠠᠯ ‍ᠢ ᠬᠥᠨᠳᠥᠳᠬᠡᠨ ᠪᠠᠢᠢᠭᠣᠯᠣᠭᠰᠠᠨ᠃




ᠡᠬᠢ ᠰᠤᠷᠪᠤᠯᠵᠢ[засварлах | кодоор засварлах]

ᠠ᠊᠂ ᠪᠠᠲᠤᠨᠠᠰᠤᠨ ᠊ᠤ ᠪᠢᠴᠢᠭᠰᠡᠨ ᠨᠡᠢᠢᠲᠡᠯᠡᠯ᠃ 2014