Өлөн гэдэс

Wikibilig-с


ᠥᠯᠥᠨ ᠭᠡᠳᠡᠰᠦ[засварлах | кодоор засварлах]

ᠥᠯᠥᠨ ᠭᠡᠳᠡᠰᠦ ᠪᠣᠯ ᠬᠢᠮᠠᠨ ᠤ ᠮᠢᠬ᠎ᠠ ᠲᠡᠷᠢᠭᠦᠲᠡᠨ ᠢ ᠠᠭᠠᠤᠯᠬᠤ ᠡᠳ᠋ ᠪᠤᠯᠤᠨ᠎ᠠ᠃ ᠪᠠᠢᠢᠭᠠᠯᠢ ᠶ᠋ᠢᠨ ᠥᠯᠥᠨ ᠭᠡᠳᠡᠰᠦ ᠭᠡᠵᠦ ᠮᠠᠯ ᠤᠨ ᠥᠯᠥᠨ ᠭᠡᠳᠡᠰᠦ᠂ ᠮᠠᠯ ᠤᠨ ᠬᠣᠭᠣᠯᠠ ᠪᠣᠯᠪᠠᠰᠤᠷᠠᠭᠤᠯᠬᠤ ᠡᠷᠬᠡᠲᠡᠨ ᠦ ᠬᠡᠰᠡᠭ ᠦ᠋ᠳ ᠪᠣᠯᠬᠤ ᠨᠠᠷᠢᠨ ᠭᠡᠳᠡᠰᠦ᠂ ᠪᠠᠭᠠᠯᠵᠤᠤᠷ᠂ ᠬᠣᠳᠣᠭᠣᠳᠣ᠂ ᠰᠢᠯᠤᠭᠤᠨ ᠭᠡᠳᠡᠰᠦ᠂ ᠳᠠᠪᠤᠰᠠᠭ ᠵᠡᠷᠭᠡ ᠶᠢ ᠠᠰᠢᠭᠯᠠᠨ ᠦᠢᠯᠡᠳᠪᠦᠷᠢᠯᠡᠭᠰᠡᠨ ᠢ ᠬᠡᠯᠡᠨ᠎ᠠ᠃ ᠲᠡᠭᠦᠨᠴᠢᠯᠡᠨ ᠮᠠᠯ ᠤᠨ ᠥᠯᠥᠨ ᠭᠡᠳᠡᠰᠦ ᠶᠢ ᠮᠡᠰᠡ ᠵᠠᠰᠠᠯ ᠤᠨ ᠪᠣᠯᠤᠨ ᠬᠥᠭᠵᠢᠮ ᠦᠨ ᠵᠢᠮᠰᠡᠭ ᠦᠨ᠂ ᠠᠭᠠᠷ ᠤᠨ ᠲᠸᠨᠨᠢᠰ ᠦ᠋ᠨ ᠴᠣᠬᠢᠭᠤᠷ ᠤᠨ ᠤᠲᠠᠰᠤ ᠬᠢᠬᠦ ᠳᠦ ᠬᠡᠷᠡᠭᠯᠡᠳᠡᠭ᠃ ᠳᠡᠭᠡᠳᠦ ᠵᠡᠷᠭᠡ ᠶᠢᠨ ᠴᠢᠨᠠᠷᠲᠠᠢ ᠪᠣᠯᠪᠠᠰᠤᠷᠠᠭᠤᠯᠤᠭᠰᠠᠨ ᠬᠣᠨᠢᠨ ᠤ ᠥᠯᠥᠨ ᠭᠡᠳᠡᠰᠦ ᠪᠡᠷ ᠪᠣᠻᠸᠦ᠋ᠷᠰᠲ᠂ ᠹᠷᠠᠨᠺᠪᠦ᠋ᠷᠲ᠋ᠸᠷ᠂ ᠸᠢᠶᠸᠨᠠ ᠵᠡᠷᠭᠡ ᠬᠢᠮᠠᠨ ᠤ ᠪᠦᠷᠬᠦᠪᠴᠢ ᠬᠢᠵᠦ ᠬᠦᠨᠡᠰᠦᠨ ᠳᠦ ᠬᠡᠷᠡᠭᠯᠡᠳᠡᠭ᠃ ᠮᠠᠯ ᠤᠨ ᠥᠯᠥᠨ ᠭᠡᠳᠡᠰᠦ ᠶᠢ ᠬᠢᠮᠠᠨ ᠤ ᠦᠢᠯᠡᠳᠪᠦᠷᠢᠯᠡᠯ ᠳᠦ ᠬᠡᠷᠡᠭᠯᠡᠬᠦ ᠶᠢᠨ ᠲᠤᠯᠠᠳᠠ ᠬᠣᠶᠠᠷ ᠱᠠᠲᠤᠨ ᠤ ᠪᠣᠯᠪᠠᠰᠤᠷᠠᠭᠤᠯᠤᠯᠲᠠ ᠬᠢᠬᠦ ᠶᠣᠰᠣᠲᠠᠢ᠃

ᠲᠧᠭᠨᠣᠯᠣᠭᠢ[засварлах | кодоор засварлах]

1. ᠠᠩᠬᠠᠨ ᠱᠠᠲᠤᠨ ᠤ ᠪᠣᠯᠪᠠᠰᠤᠷᠠᠭᠤᠯᠤᠯᠲᠠ᠃ ᠲᠦᠭᠦᠬᠡᠢ ᠥᠯᠥᠨ ᠭᠡᠳᠡᠰᠦ ᠶᠢ ᠰᠤᠳᠠᠰᠤᠯᠢᠭ᠂ ᠪᠤᠯᠴᠢᠩᠯᠢᠭ᠂ ᠵᠥᠭᠡᠯᠡᠨ ᠳᠠᠪᠬᠤᠷᠭ᠎ᠠ ᠨᠤᠭᠤᠳ ᠠᠴᠠ ᠨᠢ ᠴᠡᠪᠡᠷᠯᠡᠵᠦ ᠳᠠᠪᠤᠰᠤᠯᠠᠭᠠᠳ ᠪᠣᠭᠣᠵᠤ᠂ ᠰᠠᠪᠠᠯᠠᠨ᠎ᠠ᠃ 2. ᠡᠴᠦᠰ ᠦᠨ ᠪᠣᠯᠪᠠᠰᠤᠷᠠᠭᠤᠯᠤᠯᠲᠠ᠃ ᠠᠩᠬᠠᠨ ᠱᠠᠲᠤᠨ ᠤ ᠪᠣᠯᠪᠠᠰᠤᠷᠠᠭᠤᠯᠤᠯᠲᠠ ᠬᠢᠭᠰᠡᠨ ᠥᠯᠥᠨ ᠭᠡᠳᠡᠰᠦ ᠶᠢ ᠳᠠᠷᠤᠯᠲᠠ ᠲᠡᠰᠪᠦᠷᠢᠯᠡᠬᠦ ᠴᠢᠨᠠᠷ᠂ ᠥᠩᠭᠡ᠂ ᠬᠡᠯᠪᠡᠷᠢ᠂ ᠤᠷᠲᠤ ᠶᠢᠨ ᠬᠡᠮᠵᠢᠶ᠎ᠡ᠂ ᠭᠣᠣᠯᠴᠢ ᠪᠤᠶᠤ ᠻᠠᠯᠢᠪᠷ ᠢᠢᠠᠷ ᠨᠢ ᠠᠩᠭᠢᠯᠠᠨ 50-70 ᠵᠡᠷᠭᠡᠯᠡᠯ ᠳᠦ ᠬᠠᠮᠤᠷᠤᠭᠤᠯᠵᠤ ᠬᠢᠮᠠᠨ ᠤ ᠦᠢᠯᠡᠳᠪᠦᠷᠢ ᠳᠦ ᠰᠢᠭᠤᠳ ᠬᠡᠷᠡᠭᠯᠡᠬᠦ ᠳᠦ ᠪᠡᠯᠡᠨ ᠪᠣᠯᠭᠠᠬᠤ ᠶᠢ ᠬᠡᠯᠡᠨ᠎ᠡ᠃

ᠴᠢᠨᠠᠷ[засварлах | кодоор засварлах]

ᠮᠠᠯ ᠤᠨ ᠥᠯᠥᠨ ᠭᠡᠳᠡᠰᠦᠨ ᠦ ᠣᠯᠠᠨ ᠤᠯᠤᠰ ᠤᠨ ᠬᠤᠳᠠᠯᠳᠤᠭᠠᠨ ᠳᠤ ᠣᠷᠣᠯᠴᠠᠭᠴᠢᠳ ᠪᠤᠶᠤ ᠦᠢᠯᠡᠳᠪᠦᠷᠢᠯᠡᠭᠴᠢ᠂ ᠬᠤᠳᠠᠯᠳᠤᠭᠠᠯᠠᠭᠴᠢᠳ ᠳᠠᠷᠠᠭᠠᠬᠢ ᠦᠨᠳᠦᠰᠦᠯᠡᠯ ᠢᠢᠠᠷ ᠮᠠᠯ ᠤᠨ ᠥᠯᠥᠨ ᠭᠡᠳᠡᠰᠦ ᠶᠢ ᠬᠢᠮ᠎ᠠ ᠦᠢᠯᠡᠳᠪᠦᠷᠢᠯᠡᠭᠴᠢᠳ ᠦᠨ ᠬᠠᠮᠤᠭ ᠤᠨ ᠰᠠᠢᠢᠨ ᠰᠣᠩᠭᠣᠯᠲᠠ ᠮᠥᠨ ᠭᠡᠳᠡᠭ ᠲᠦ ᠪᠠᠲᠤ ᠢᠲᠡᠭᠡᠯᠲᠡᠢ ᠪᠠᠢᠢᠳᠠᠭ ᠶᠤᠮ᠃ ᠮᠠᠯ ᠤᠨ ᠥᠯᠥᠨ ᠤ ᠤᠶᠠᠨ ᠬᠠᠲᠠᠨ ᠰᠢᠨᠵᠢ᠂ ᠬᠢᠮ᠎ᠠ ᠰᠢᠬᠠᠬᠤ ᠮᠠᠰᠢᠨ ᠤ ᠳᠠᠷᠤᠯᠲᠠ ᠶᠢ ᠲᠡᠰᠪᠦᠷᠢᠯᠡᠬᠦ ᠴᠢᠨᠠᠷ ᠮᠠᠰᠢ ᠰᠠᠢᠢᠨ᠃ ᠦᠢᠯᠡᠳᠪᠦᠷᠢᠯᠡᠯ ᠢ ᠦᠷ᠎ᠡ ᠠᠰᠢᠭᠲᠠᠢ ᠪᠣᠯᠭᠠᠭᠠᠳ ᠵᠣᠭᠰᠣᠬᠤ ᠦᠭᠡᠢ᠂ ᠮᠢᠬ᠎ᠠ ᠳᠦᠭᠦᠷᠭᠡᠯᠲᠡ ᠶᠢᠨ ᠦᠶ᠎ᠠ ᠶ᠋ᠢᠨ ᠲᠠᠯᠡᠯᠲᠡ ᠨᠢ ᠮᠠᠰᠢ ᠰᠠᠢᠢᠨ ᠪᠠᠢᠢᠳᠠᠭ᠃ ᠮᠠᠯ ᠤᠨ ᠥᠯᠥᠨ ᠬᠢᠮᠠᠨ ᠤ ᠠᠮᠲᠠ ᠴᠢᠨᠠᠷ ᠢ ᠬᠠᠮᠠᠭᠠᠯᠠᠳᠠᠭ᠃ ᠥᠪᠡᠷ ᠢᠢᠠᠨ ᠶᠠᠮᠠᠷ ᠴᠤ ᠦᠨᠦᠷ ᠠᠮᠲᠠ ᠦᠭᠡᠢ᠃ ᠮᠠᠯ ᠤᠨ ᠥᠯᠦᠨ ᠳᠦ ᠴᠢᠳᠬᠤᠭᠰᠠᠨ ᠬᠢᠮ᠎ᠠ ᠨᠢ ᠵᠥᠭᠡᠯᠡᠨ᠂ ᠰᠢᠭᠦᠰᠦᠯᠢᠭ ᠬᠡᠪ  ᠢᠢᠠᠷ ᠢᠢᠠᠨ ᠪᠠᠢᠢᠳᠠᠭ᠃ ᠮᠠᠯ ᠤᠨ ᠥᠯᠥᠨ ᠤ ᠱᠦᠭᠦᠷᠡᠯ ᠦᠨ ᠴᠢᠨᠠᠷ ᠨᠢ ᠬᠢᠮ᠎ᠠ ᠶᠢ ᠰᠢᠷᠠᠬᠤ ᠳᠤ ᠭᠣᠢᠢᠳᠠ ᠲᠣᠬᠢᠷᠠᠮᠵᠢᠲᠠᠢ᠃ Natural Sausage Casing ᠭᠡᠰᠡᠨ ᠨᠡᠷ᠎ᠡ ᠲᠣᠮᠢᠶ᠎ᠠ ᠨᠢ ᠬᠡᠷᠡᠭᠯᠡᠭᠴᠢ ᠶᠢᠨ ᠬᠤᠳᠠᠯᠳᠤᠨ ᠠᠪᠬᠤ ᠰᠢᠢᠳᠪᠦᠷᠢ ᠲᠦ ᠨᠦᠯᠦᠭᠡᠯᠡᠬᠦ ᠬᠠᠮᠤᠭ ᠤᠨ ᠬᠦᠴᠦᠲᠡᠢ ᠦᠭᠡᠰ ᠦᠨ ᠨᠢᠭᠡ ᠬᠡᠪ ᠢᠢᠠᠷ ᠪᠠᠢᠢᠭᠰᠠᠭᠠᠷ ᠪᠠᠢᠢᠬᠤ ᠪᠣᠯᠤᠨ᠎ᠠ᠃ ᠬᠢᠮ᠎ᠠ ᠦᠢᠯᠡᠳᠪᠦᠷᠢᠯᠡᠭᠴᠢᠳ ᠦᠨ ᠬᠤᠪᠢ ᠳᠤ ᠳᠡᠭᠡᠷᠡᠬᠢ ᠰᠢᠨᠵᠢ ᠴᠢᠨᠠᠷ ᠤᠳ ᠨᠢ ᠠᠮᠲᠠ ᠴᠢᠨᠠᠷ ᠤᠨ ᠬᠤᠪᠢ ᠳᠤ ᠨᠢᠭᠡᠨ ᠵᠢᠭᠳᠡ ᠰᠠᠢᠢᠨ ᠴᠢᠨᠠᠷ ᠤᠨ ᠪᠦᠲᠦᠭᠡᠭᠳᠡᠬᠦᠨ ᠬᠢᠬᠦ ᠳᠦ ᠬᠡᠷᠡᠭᠲᠡᠢ᠃ᠬᠤᠳᠠᠯᠳᠤᠨ ᠠᠪᠤᠭᠴᠢᠳ ᠤᠨ ᠬᠤᠪᠢ ᠳᠤ ᠮᠠᠯ ᠤᠨ ᠥᠯᠥᠨ ᠤ ᠡᠨ᠍ᠳᠣᠲᠧᠷᠮ ᠴᠢᠨᠠᠷ ᠨᠢ ᠬᠢᠮᠠᠨ ᠠᠴᠠ ᠬᠠᠯᠠᠭᠤᠨ ᠢ ᠲᠠᠲᠠᠨ ᠠᠪᠴᠤ ᠣᠷᠴᠢᠨ ᠤ ᠲᠧᠮᠫᠧᠷᠠᠲ᠋ᠦ᠋ᠷ ᠠᠴᠠ ᠳᠣᠣᠭᠤᠷ ᠪᠣᠯᠲᠠᠯ᠎ᠠ ᠬᠥᠷᠥᠭᠡᠨ ᠬᠠᠳᠠᠭᠠᠯᠠᠯᠲᠠ ᠶᠢᠨ ᠨᠥᠬᠥᠴᠡᠯ ᠢ ᠰᠠᠢᠢᠵᠢᠷᠠᠭᠤᠯᠵᠤ᠂ ᠰᠢᠭᠦᠰᠦᠯᠢᠭ᠂ ᠰᠢᠨᠡᠬᠡᠨ ᠪᠠᠢᠢᠳᠠᠯ ᠢᠢᠠᠨ ᠬᠠᠳᠠᠭᠠᠯᠠᠬᠤ ᠳᠤ ᠲᠠᠭᠠᠲᠠᠢ ᠨᠥᠬᠥᠴᠡᠯ ᠦᠵᠡᠭᠦᠯᠦᠨ᠎ᠡ᠃ ᠬᠡᠷᠡᠭᠯᠡᠭᠴᠢᠳ ᠦᠨ ᠬᠤᠪᠢ ᠳᠤ ᠨᠢᠭᠡᠨᠲᠡ ᠬᠠᠯᠢᠰᠤ ᠲᠠᠢ ᠨᠢ ᠢᠳᠡᠳᠡᠭ ᠲᠤᠯᠠ ᠱᠦᠭᠦᠷᠡᠯ  ᠦᠨ ᠴᠢᠨᠠᠷ ᠨᠢ ᠬᠠᠭᠠᠷᠢᠭᠤᠯ ᠤᠨ ᠲᠠᠪᠠᠭ ᠳᠡᠭᠡᠷ᠎ᠡ ᠰᠢᠷᠠᠬᠤ ᠦᠶᠡᠰ ᠲᠦ ᠬᠢᠮᠠᠨ ᠤ ᠭᠠᠳᠠᠨ᠎ᠠ᠂ ᠳᠣᠲᠣᠨ᠎ᠠ ᠲᠠᠯ᠎ᠠ ᠳᠤ ᠰᠠᠢᠢᠬᠠᠨ ᠠᠮᠲᠠ᠂ ᠦᠨᠦᠷ ᠨᠡᠮᠡᠳᠡᠭ ᠃ ᠵᠤᠤᠬ᠎ᠠ᠂ ᠵᠠᠳᠠᠭᠠᠢ ᠭᠠᠯ ᠤᠨ ᠠᠯᠢᠨ ᠳᠡᠭᠡᠷ᠎ᠡ ᠴᠤ ᠰᠢᠷᠠᠭᠰᠠᠨ ᠢᠳᠡᠬᠦ ᠳᠤᠷ᠎ᠠ ᠶᠢ ᠨᠡᠮᠡᠭᠳᠡᠭᠦᠯᠦᠨ ᠬᠢᠮᠠᠨ ᠤ ᠰᠠᠢᠢᠬᠠᠨ ᠦᠨᠦᠷ ᠢ ᠮᠡᠳᠡᠷᠡᠭᠦᠯᠳᠡᠭ ᠶᠤᠮ᠃

ᠮᠠᠯ ᠤᠨ ᠥᠯᠥᠨ ᠤ ᠪᠤᠰᠤᠳ ᠰᠢᠨᠵᠢ ᠴᠢᠨᠠᠷ:

ᠰᠠᠢᠢᠨ ᠰᠤᠨᠳᠠᠭ ᠴᠢᠨᠠᠷ ᠨᠢ ᠪᠦᠲᠦᠭᠡᠭᠳᠡᠬᠦᠨ ᠦ ᠭᠠᠷᠤᠯᠲᠠ ᠶᠢ ᠬᠠᠮᠤᠭ ᠤᠨ ᠳᠡᠭᠡᠳᠦ ᠬᠡᠮᠵᠢᠶᠡᠨ ᠳᠦ ᠬᠦᠷᠭᠡᠨ᠎ᠡ᠃ ᠮᠠᠯ ᠤᠨ ᠥᠯᠦᠨ ᠳᠦ ᠬᠢᠭᠰᠡᠨ ᠬᠢᠮ᠎ᠠ ᠨᠢ ᠰᠠᠢᠢᠲᠤᠷ ᠳᠦᠭᠦᠷᠭᠡᠭᠳᠡᠭᠰᠡᠨ ᠪᠠᠢᠢᠳᠠᠯ ᠲᠠᠢ ᠪᠠᠢᠢᠳᠠᠭ᠃ᠮᠠᠯ ᠤᠨ ᠥᠯᠥᠨ ᠪᠦᠬᠦᠢ ᠬᠢᠮᠠᠨ ᠤ ᠵᠠᠯᠭᠠᠭ᠎ᠠ ᠦᠵᠦᠭᠦᠷ ᠦᠳ ᠰᠠᠢᠢᠬᠠᠨ᠂ ᠦᠵᠡᠮᠵᠢᠲᠡᠢ ᠬᠠᠷᠠᠭᠳᠠᠳᠠᠭ᠃ ᠪᠦᠲᠦᠭᠡᠭᠳᠡᠬᠦᠨ ᠦ ᠶᠠᠩᠵᠤ ᠪᠦᠷᠢ ᠶᠢᠨ ᠬᠡᠯᠪᠡᠷᠢ ᠳᠦᠷᠰᠦ ᠨᠢ ᠬᠢᠮ᠎ᠠ ᠢᠳᠡᠬᠦ ᠳᠤᠷ᠎ᠠ ᠬᠦᠷᠭᠡᠳᠡᠭ ᠪᠥᠭᠡᠳ ᠬᠠᠷᠠᠭᠳᠠᠬᠤ ᠦᠵᠡᠮᠵᠢ ᠶᠢ ᠮᠠᠰᠢ ᠰᠠᠢᠢᠬᠠᠨ ᠪᠣᠯᠭᠠᠳᠠᠭ᠃