ᠡᠨ᠍ᠽᠢᠮ

Wikibilig-с
ᠭ᠌‍ᠯᠦ᠋ᠻᠣᠰᠢᠳᠠᠰᠠ ᠡᠨ᠍ᠽᠢᠮ ᠨᠢ ᠮᠠᠯᠲ᠋ᠣᠰᠠ ᠶᠢ ᠬᠣᠶᠠᠷ ᠭ᠌‍ᠯᠦ᠋ᠻᠣᠰ ᠪᠣᠯᠭᠠᠨ ᠬᠤᠪᠢᠷᠭᠠᠨ᠎ᠠ᠃ ᠢᠳᠡᠪᠬᠢᠲᠡᠢ ᠬᠡᠰᠡᠭ ᠢ ᠤᠯᠠᠭᠠᠨ ᠢᠢᠠᠷ᠂ ᠮᠠᠯᠲ᠋ᠣᠰᠠ ᠶᠢ ᠬᠠᠷ᠎ᠠ ᠪᠠᠷ NAD ᠬᠠᠮ ᠬᠦᠴᠦᠨ ᠢ(ᠻᠣ᠊ᠹᠠᠻᠲ᠋ᠣᠷ) ᠰᠢᠷ᠎ᠠ ᠪᠠᠷ ᠲᠡᠮᠳᠡᠭᠯᠡᠪᠡ᠃


ᠪᠢᠣᠯᠣᠬᠢ ᠶ᠋ᠢᠨ ᠬᠤᠷᠳᠤᠰᠬᠠᠭᠤᠷ ᠤᠨ ᠪᠣᠯᠳᠠᠭ ᠤᠭᠤᠷᠠᠭ ᠢ᠋ ᠡᠨ᠍ᠽᠢᠮ ᠭᠡᠨ᠎ᠡ᠃ ᠬᠤᠷᠳᠤᠰᠬᠠᠭᠤᠷ ᠤᠳ ᠪᠣᠯᠪᠠᠰᠤ ᠬᠢᠮᠢ ᠶ᠋ᠢᠨ ᠤᠷᠪᠠᠯ ᠢ᠋ ᠵᠢᠯᠤᠭᠠᠳᠳᠠᠭ ᠪᠢᠯᠡ᠃ ᠡᠨ᠍ᠽᠢᠮ ᠲᠡᠢ ᠬᠠᠷᠢᠯᠴᠠᠳᠠᠭ ᠮᠣᠯᠧᠻᠦ᠋ᠯ ᠢ᠋ ᠰᠤᠪᠰᠲ᠋ᠷᠠᠲ ᠭᠡᠮᠦᠢ᠃ ᠡᠨ᠍ᠽᠢᠮ ᠦᠳ ᠰᠤᠪᠰᠲ᠋ᠷᠠᠲ ᠢ᠋ ᠥᠭᠡᠷ᠎ᠡ ᠨᠢᠭᠡᠨ ᠪᠣᠳᠢᠰ ᠤᠷᠤᠭᠤ ᠬᠤᠪᠢᠷᠭᠠᠬᠤ ᠪᠥᠭᠡᠳ ᠡᠭᠦᠨ ᠢ᠋ ᠪᠦᠲᠦᠭᠡᠭᠳᠡᠬᠦᠨ ᠭᠡᠮᠦᠢ᠃ ᠡᠰ ᠲᠦ ᠶᠠᠪᠤᠭᠳᠠᠬᠤ ᠪᠦᠬᠦᠢ ᠯᠡ ᠪᠣᠳᠢᠰ ᠤᠨ ᠰᠣᠯᠢᠴᠠᠭᠠᠨ ᠤ ᠤᠷᠪᠠᠯ ᠳ᠋ᠤ ᠡᠨ᠍ᠽᠢᠮ ᠬᠡᠷᠡᠭᠲᠡᠢ᠃ ᠡᠨ᠍ᠽᠢᠮ ᠢ ᠰᠤᠳᠤᠯᠳᠠᠭ ᠤᠬᠠᠭᠠᠨ ᠢ ᠡᠨ᠍ᠽᠢᠮ ᠰᠤᠳᠤᠯᠤᠯ (ᠡᠨ᠍ᠽᠢᠮᠣᠯᠣᠬᠢ) ᠬᠡᠮᠡᠮᠦᠢ᠃ ᠡᠳᠦᠭᠡ ᠬᠠᠭᠤᠷᠮᠠᠭ ᠡᠨ᠍ᠽᠢᠮ ᠦᠨ ᠰᠢᠨᠵᠢᠯᠡᠭᠡ ᠭᠡᠭᠴᠢ ᠰᠢᠨ᠎ᠡ ᠰᠠᠯᠪᠤᠷᠢ ᠢᠳᠡ ᠡᠷᠴᠢᠮᠵᠢᠭᠰᠡᠭᠡᠷ ᠪᠠᠢᠢᠨ


ᠡᠨ᠍ᠽᠢᠮ ᠦᠳ ᠣᠢᠢᠷᠠᠯᠴᠠᠭ᠎ᠠ ᠪᠠᠷ 5000 ᠭᠠᠷᠤᠢ ᠪᠢᠣᠬᠢᠮᠢ ᠶᠢᠨ ᠤᠷᠪᠠᠯ ᠢ ᠬᠤᠷᠳᠤᠰᠬᠠᠮᠤᠢ᠃ ᠪᠤᠰᠤᠳ ᠪᠢᠣ᠊ᠬᠤᠷᠳᠤᠰᠬᠠᠭᠤᠷ ᠪᠣᠯᠪᠠᠰᠤ ᠷᠢᠪᠣᠽᠢᠮ᠎ᠡ ᠭᠡᠭᠴᠡ RNA ᠮᠣᠯᠧᠻᠦ᠋ᠯ ᠦᠳ ᠪᠥᠯᠦᠭᠡ᠃ ᠲᠡᠳᠡᠨ ᠦ ᠭᠤᠷᠪᠠᠨ ᠬᠡᠮᠵᠢᠶᠡᠰᠤᠲᠦ ᠪᠦᠲᠦᠴᠡ ᠡᠴᠡ ᠪᠣᠯᠤᠭᠠᠳ 《ᠡᠨ᠍ᠽᠢᠮ ᠦᠨ ᠰᠣᠩᠭᠤᠬᠤ ᠴᠢᠨᠠᠷ》 ᠭᠡᠭᠴᠢ ᠶᠤᠮ ᠪᠤᠢ᠃

ᠶᠡᠬᠡᠩᠬᠢ ᠬᠤᠷᠳᠤᠰᠬᠠᠭᠤᠷ ᠤᠨ ᠠᠳᠠᠯᠢ᠂ ᠡᠨ᠍ᠽᠢᠮ ᠦᠳ ᠤᠷᠪᠠᠯ ᠤᠨ ᠢᠳᠡᠪᠬᠢᠵᠢᠯ ᠤᠨ ᠡᠨᠧᠷᠬᠢ ᠶᠢ ᠪᠠᠭᠤᠷᠤᠭᠤᠯᠤᠨ᠂ ᠲᠤᠬᠠᠢ ᠶᠢᠨ ᠤᠷᠪᠠᠯ ᠢ ᠬᠤᠷᠳᠤᠰᠬᠠᠶᠤ᠃ ᠤᠷᠪᠠᠯ ᠢ ᠰᠠᠶ᠎ᠠ ᠳᠠᠬᠢᠨ ᠬᠤᠷᠳᠤᠰᠬᠠᠳᠠᠭ ᠡᠨ᠍ᠽᠢᠮ ᠴᠦ ᠪᠤᠢ᠃ ᠡᠭᠦᠨ ᠦ ᠨᠢᠭᠡᠨ ᠵᠢᠱᠢᠶ᠎ᠡ᠄ ᠣᠷᠣᠲ᠋ᠢᠳᠢᠨ᠎ᠡ 5'-ᠹᠣᠰᠹᠠᠲ ᠳ᠋ᠧᠻᠠᠷᠪᠣᠻᠰᠢᠯᠠᠽᠠ ᠭᠡᠳᠡᠭ ᠡᠨ᠍ᠽᠢᠮ ᠬᠡᠳᠦᠨ ᠰᠠᠶ᠎ᠠ ᠵᠢᠯ ᠶᠠᠪᠤᠭᠳᠠᠬᠤ ᠤᠷᠪᠠᠯ ᠢ ᠬᠡᠳᠦᠬᠡᠨ ᠮᠢᠯᠯᠢᠰᠧᠻᠦ᠋ᠨ᠍ᠳ᠋ ᠲᠦ ᠶᠠᠪᠤᠭᠤᠯᠲᠠᠯ᠎ᠠ ᠬᠤᠷᠳᠤᠰᠬᠠᠳᠠᠭ ᠠᠵᠡᠢ᠃ ᠬᠢᠮᠢ ᠶᠢᠨ ᠬᠤᠪᠢ ᠳᠠ᠄ ᠡᠨ᠍ᠽᠢᠮ ᠦᠳ ᠤᠷᠪᠠᠯ ᠳᠤ ᠣᠷᠤᠵᠤ ᠬᠡᠷᠡᠭᠯᠡᠭᠳᠡᠳᠡᠭ ᠦᠭᠡᠢ᠂ ᠤᠷᠪᠠᠯ ᠤᠨ ᠲᠡᠨᠴᠡᠪᠦᠷᠢ ᠶᠢ ᠥᠭᠡᠷᠡᠴᠢᠯᠡᠳᠡᠭ ᠦᠭᠡᠢ ᠪᠢᠯᠡ᠃ ᠡᠨ᠍ᠽᠢᠮ ᠦᠨ ᠢᠳᠡᠪᠬᠢ ᠪᠤᠰᠤᠳ ᠮᠣᠯᠧᠻᠦᠯ ᠢᠢᠠᠷ ᠥᠭᠡᠷᠡᠴᠢᠯᠡᠭᠳᠡᠵᠦ ᠪᠣᠯᠳᠠᠭ᠄ ᠢᠳᠡᠪᠬᠢᠭᠦᠢᠢᠵᠢᠭᠦᠯᠦᠭᠴᠢ (ᠡᠩᠬᠢᠪᠢᠲ᠋ᠣᠷ) ᠪᠣᠯ ᠡᠨ᠍ᠽᠢᠮ ᠦᠨ ᠢᠳᠡᠪᠬᠢ ᠶᠢ ᠪᠠᠭᠤᠷᠠᠭᠤᠯᠳᠠᠭ ᠪᠣᠳᠢᠰ ᠪᠠᠢᠢᠳᠠᠭ ᠪᠠ ᠢᠳᠡᠪᠬᠢᠵᠢᠭᠦᠯᠦᠭᠴᠢ (ᠠᠻᠲ᠋ᠢᠸᠠᠲ᠋ᠣᠷ) ᠬᠡᠮᠡᠭᠴᠢ ᠨᠢ ᠢᠳᠡᠪᠬᠢ ᠶᠢ ᠨᠡᠮᠡᠭᠳᠡᠭᠦᠯᠳᠡᠭ ᠪᠣᠯᠠᠢ᠃ ᠶᠡᠬᠡᠩᠬᠢ ᠡᠮ᠂ ᠬᠣᠣᠷ ᠤᠳ ᠡᠨ᠍ᠽᠢᠮ ᠦᠨ ᠢᠳᠡᠪᠬᠢᠭᠦᠢᠢᠵᠢᠭᠦᠯᠦᠭᠴᠢ ᠪᠣᠳᠢᠰ ᠮᠥᠨ᠃ ᠡᠨ᠍ᠽᠢᠮ ᠮᠥᠨ ᠲᠣᠬᠢᠷᠠᠮᠵᠢᠲᠠᠢ ᠲᠧᠮᠫᠧᠷᠠᠲ᠋᠋ᠦ᠋ᠷᠲᠠᠢ᠂ pH ᠦ᠋ᠨ ᠪᠦᠰᠡ ᠡᠴᠡ ᠭᠠᠳᠠᠭᠤᠷ ᠪᠠᠢᠢᠪᠠᠯ ᠠᠵᠢᠯᠯᠠᠳᠠᠭ ᠦᠭᠡᠢ᠃ ᠲᠡᠭᠦᠨᠴᠢᠯᠡᠨ ᠥᠨᠳᠦᠷ ᠲᠧᠮᠫᠧᠷᠠᠲ᠋ᠦ᠋ᠷ ᠲᠤ ᠭᠠᠯᠠᠭᠠᠪᠠᠰᠤ ᠪᠦᠲᠦᠴᠡ ᠨᠢ ᠡᠪᠳᠡᠷᠡᠵᠦ᠂ ᠬᠤᠷᠳᠠᠰᠬᠠᠬᠤ ᠴᠢᠨᠠᠷ ᠢᠢᠠᠨ ᠠᠯᠳᠠᠮᠤᠢ᠃


ᠭᠠᠷᠪᠠᠯᠢ ᠪᠠ ᠲᠡᠦᠬᠡ[засварлах | кодоор засварлах]


ᠡᠳᠦ᠋ᠸᠠᠷᠳ᠋ ᠪᠦᠬ᠋ᠨᠧᠷ(Eduard Buchner)
17-᠊ᠷ ᠵᠠᠭᠤᠨ ᠤ ᠰᠡᠭᠦᠯ᠂ 18-᠊ᠷ ᠵᠠᠭᠤᠨ ᠤ ᠡᠬᠢᠨ ᠦᠶ᠎ᠡ ᠳᠦ ᠬᠣᠳᠤᠭᠣᠳᠤᠨ ᠤ ᠰᠢᠭᠦᠰ ᠢᠢᠡᠷ ᠮᠢᠬ᠎ᠠ ᠵᠠᠳᠠᠷᠠᠬᠤ᠂ ᠴᠠᠷᠳᠠᠭᠤᠯ ᠰᠢᠬᠢᠷ ᠪᠣᠯᠬᠤ᠂ ᠬᠦᠮᠦᠨ ᠦ ᠰᠢᠯᠦᠰᠦ ᠵᠡᠷᠭᠡ ᠵᠦᠢᠯ ᠦᠳ ᠮᠡᠳᠡᠭᠳᠡᠵᠦ ᠪᠠᠢᠢᠪᠠᠴᠤ᠂ ᠶᠠᠭ ᠶᠠᠭᠠᠬᠢᠵᠤ ᠶᠠᠪᠤᠭᠳᠠᠳᠠᠭ ᠢ ᠨᠢ ᠮᠡᠳᠡᠬᠦ ᠦᠭᠡᠢ ᠪᠠᠢᠢᠯ᠎ᠠ᠃


ᠠᠨ᠍ᠰᠡᠯᠮ᠎ᠡ ᠫᠠᠶᠧᠨ ᠨᠡᠷᠡᠲᠦ ᠹᠷᠠᠨ᠍ᠼ ᠤᠨ ᠬᠢᠮᠢᠴᠢ 1833 ᠣᠨ ᠳᠤ ᠠᠩᠬ᠎ᠠ ᠳ᠋ᠢᠠᠰᠲᠠᠰᠠ(diastase) ᠡᠨ᠍ᠽᠢᠮ ᠢ ᠨᠡᠭᠡᠭᠡᠵᠦᠬᠦᠢ᠃ ᠬᠡᠳᠦᠨ ᠠᠷᠪᠠᠨ ᠵᠢᠯ ᠦᠨ ᠳᠠᠷᠠᠭ᠎ᠠ ᠯᠦᠢ ᠫᠠᠰᠲᠦ᠋ (Louis Pasteur) ᠬᠥᠷᠦᠩᠭᠡ ᠮᠦᠭᠦ ᠶᠢᠨ ᠣᠷᠤᠯᠴᠠᠭᠠᠲᠠᠢ ᠪᠡᠷ ᠰᠢᠬᠢᠷ ᠢᠰᠦᠯᠳᠦᠨ ᠰᠫᠢᠷᠲ ᠪᠣᠯᠬᠤ ᠶᠢ (ᠹᠧᠷᠮᠧᠨ᠍ᠲ᠋ᠠᠼ) ᠬᠠᠷᠠᠭᠠᠳ ᠪᠣᠳᠤᠷᠤᠨ᠄ ᠡᠨᠡᠬᠦ ᠦᠵᠡᠭᠳᠡᠯ ᠹᠧᠷᠮᠧᠨ᠍ᠲ ᠭᠡᠭᠴᠢ ᠴᠢᠬᠤᠯᠠ ᠠᠮᠢᠨ ᠬᠦᠴᠦ  ᠶᠢᠨ ᠣᠷᠤᠯᠴᠠᠭᠠᠲᠠᠢ ᠶᠠᠪᠤᠭᠳᠠᠳᠠᠭ ᠃

1877  ᠣᠨ ᠳᠤ ᠭᠧᠷᠮᠠᠨ ᠤ ᠹᠢᠽᠢᠶᠣᠯᠣᠭᠢᠴᠢ ᠸᠢᠯᠾᠧᠯᠮ ᠻᠦᠨ᠎ᠡ () ᠠᠩᠬ᠎ᠠ ᠭᠷᠧᠭ ᠦᠨ ἔνζυμον ᠭᠡᠭᠰᠡᠨ ᠦᠭᠡ ᠡᠴᠡ ᠭᠠᠷᠤᠯᠲᠠᠢ 《ᠡᠨ᠍ᠽᠢᠮ》 ᠭᠡᠳᠡᠭ ᠨᠡᠷ᠎ᠡ ᠶᠢ ᠠᠰᠢᠭᠯᠠᠵᠡᠢ᠃


ᠠᠩᠭᠢᠯᠠᠯ ᠪᠠ ᠨᠡᠷᠡᠰᠢᠯ[засварлах | кодоор засварлах]

ᠡᠨ᠍ᠽᠢᠮ ᠢ ᠬᠣᠶᠠᠷ ᠰᠢᠨᠵᠢ ᠳᠦᠨᠢ ᠦᠨᠳᠦᠰᠦᠯᠡᠨ ᠬᠤᠪᠢᠶᠠᠵᠤ ᠪᠣᠯᠤᠮᠠᠷ᠄ ᠠᠮᠢᠨ ᠬᠦᠴᠢᠯ ᠦᠨ ᠳᠠᠷᠠᠭᠠᠯᠠᠯ ᠪᠤᠶᠤ ᠡᠨ᠍ᠽᠢᠮ ᠦᠨ ᠢᠳᠡᠪᠬᠢ ᠪᠡᠷ ᠨᠢ᠃

ᠡᠨ᠍ᠽᠢᠮ ᠦᠨ ᠢᠳᠡᠪᠬᠢ᠃ ᠡᠨ᠍ᠽᠢᠮ ᠦᠨ ᠨᠡᠷ᠎ᠡ ᠶᠡᠬᠡᠪᠴᠢᠯᠡᠨ ᠲᠡᠭᠦᠨ ᠦ ᠰᠤᠪᠰᠲ᠋ᠷᠠᠲ ᠠᠴᠠ ᠨᠢ ᠪᠤᠶᠤ ᠶᠠᠪᠤᠭᠤᠯᠳᠠᠭ ᠤᠷᠪᠠᠯ ᠠᠴᠠ ᠨᠢ ᠭᠠᠷᠤᠯᠲᠠᠢ ᠪᠠᠢᠢᠬᠤ ᠪᠠ ᠳᠡᠭᠡᠷᠡᠬᠢ ᠵᠦᠢᠯ ᠦᠨ ᠠᠷᠤ ᠳᠤᠨᠢ -᠊ᠠᠰᠠ ᠳᠠᠭᠠᠪᠤᠷᠢ ᠵᠠᠯᠭᠠᠵᠤ ᠡᠨ᠍ᠽᠢᠮ ᠦᠩ ᠨᠡᠷ᠎ᠡ ᠡᠭᠦᠰᠬᠡᠮᠦᠢ᠃ ᠵᠢᠱᠢᠶᠡᠯᠡᠪᠡᠯ᠄ ᠯᠠᠻᠲ᠌᠋ᠠᠰᠠ᠂ ᠰᠫᠢᠷᠲ ᠳ᠋ᠧ᠊ᠬᠢᠳᠷᠣᠭᠧᠨᠠᠰᠠ᠂ DNA ᠫᠣᠯᠢᠮᠧᠷᠠᠰᠠ ᠭᠡᠬᠦ ᠮᠡᠲᠦ᠃ ᠢᠵᠢᠯ ᠤᠷᠪᠠᠯ ᠢ ᠬᠤᠷᠳᠤᠰᠬᠤᠳᠠᠭ ᠮᠥᠷᠲᠡᠭᠡᠨ᠂ ᠥᠭᠡᠷ᠎ᠡ ᠡᠨ᠍ᠽᠢᠮ ᠢ ᠢᠵᠢᠯᠲᠦ ᠡᠨ᠍ᠽᠢᠮ(ᠢᠰᠣ᠊ᠡᠨ᠍ᠽᠢᠮ᠂ isozyme) ᠭᠡᠨ᠎ᠡ᠃

ᠡᠨ᠍ᠽᠢᠮ ᠦᠨ ᠳᠡᠭᠡᠳᠦ ᠲᠦᠪᠰᠢᠨ ᠤ ᠠᠩᠭᠢᠯᠠᠯ᠄

  • EC 1ᠡᠭᠦᠨ ᠳᠦ ᠣᠻᠰᠢᠳᠣ᠊ᠷᠧᠳᠦ᠋ᠻᠲ᠋ᠠᠰᠠ ᠪᠠᠭᠲᠠᠨ᠎ᠠ
  • EC 2ᠡᠭᠦᠨ ᠳᠦ ᠲᠷᠠᠨ᠍ᠰᠹᠧᠷᠠᠰᠠ ᠤᠳ ᠪᠠᠭᠲᠠᠨ᠎ᠠ
  • EC 3ᠡᠭᠦᠨ ᠳᠦ ᠬᠢᠳ᠌ᠷᠣᠯᠠᠰᠠ ᠡᠨ᠍ᠽᠢᠮ ᠪᠠᠭᠲᠠᠨ᠎ᠠ
  • EC 4ᠡᠭᠦᠨ ᠳᠦ ᠯᠢᠶᠠᠰᠠ ᠤᠳ ᠪᠠᠭᠲᠠᠨ᠎ᠠ
  • EC 5ᠡᠭᠦᠨ ᠳᠦ ᠢᠰᠣᠮᠧᠷᠠᠰᠠ ᠤᠳ ᠪᠠᠭᠲᠠᠨ᠎ᠠ
  • EC 6ᠡᠭᠦᠨ ᠳᠦ ᠯᠢᠬᠠᠰᠠ ᠤᠳ ᠪᠠᠭᠲᠠᠨ᠎ᠠ