ᠡᠭ ᠊ᠦᠨ ᠭᠣᠣᠯ ᠊ᠤᠨ ᠤᠰᠤᠨ ᠴᠠᠬᠢᠯᠭᠠᠨ ᠰᠲ᠋ᠠᠨᠼ ᠲᠥᠰᠦᠯ

Wikibilig-с
ᠡᠭ ᠦ᠋ᠨ ᠭᠣᠣᠯ ᠦ᠋ᠨ ᠦᠵᠡᠰᠬᠦᠯᠡᠩ

ᠡᠭ ᠦᠨ ᠭᠣᠣᠯ ᠤᠨ ᠤᠰᠤᠨ ᠴᠠᠬᠢᠯᠭᠠᠨ ᠰᠲ᠋ᠠᠨ᠍ᠼ ᠲᠥᠰᠥᠯ ᠪᠤᠯᠠᠭᠠᠨ ᠠᠢᠢᠮᠠᠭ ᠤᠨ ᠬᠤᠲᠤᠭ-ᠥᠨᠳᠥᠷ ᠰᠤᠮᠤ ᠶ᠋ᠢᠨ ᠨᠤᠲᠤᠭ ᠲᠤ᠂ ᠡᠭ-ᠰᠡᠯᠡᠩᠭᠡ ᠶ᠋ᠢᠨ ᠪᠡᠯᠴᠢᠷ ᠡᠴᠡ 2.5 ᠻᠢᠯᠣᠮᠧᠲ᠋ᠷ ᠵᠠᠢ ᠳᠤ ᠤᠰᠤᠨ ᠴᠠᠬᠢᠯᠭᠠᠨ ᠰᠲ᠋ᠠᠨ᠍ᠼ ᠪᠠᠶ᠋ᠢᠭᠤᠯᠬᠤ ᠲᠥᠰᠥᠯ ᠶᠤᠮ᠃ ᠤᠰᠤᠨ ᠰᠠᠩ ᠤᠨ ᠬᠡᠪ ᠦᠨ ᠲᠦᠪᠰᠢᠨ ᠳ.ᠲ.ᠳ᠃ 910 ᠮᠧᠲ᠋ᠷ᠂ ᠤᠰᠤᠨ ᠰᠠᠩ ᠤᠨ ᠡᠵᠡᠯᠡᠬᠦᠨ 5.7 ᠲᠡᠷᠪᠤᠮ ᠱᠣᠣ ᠮᠧᠲ᠋ᠷ᠂ ᠤᠰᠤᠨ ᠰᠠᠩ ᠤᠨ ᠲᠣᠯᠢᠨ ᠲᠠᠯᠠᠪᠠᠢ 154.3 ᠬᠠᠪᠲᠠᠭᠠᠢ ᠳᠥᠷᠪᠡᠯᠵᠢᠨ ᠻᠢᠯᠣᠮᠧᠲ᠋ᠷ᠂ ᠳᠠᠯᠠᠩ ᠤᠨ ᠬᠢᠷ᠎ᠠ ᠶ᠋ᠢᠨ ᠳᠡᠭᠡᠳᠦ ᠲᠦᠪᠰᠢᠨ ᠳ.ᠲ.ᠳ 913 ᠮᠧᠲ᠋ᠷ᠂ ᠳᠠᠯᠠᠩ ᠤᠨ ᠬᠢᠷ᠎ᠠ ᠶ᠋ᠢᠨ ᠡᠷᠭᠦᠨ 8 ᠮᠧᠲ᠋ᠷ᠂ ᠳᠠᠯᠠᠩ ᠤᠨ ᠬᠢᠷ᠎ᠠ ᠶ᠋ᠢᠨ ᠤᠷᠲᠤ 740 ᠮᠧᠲ᠋ᠷ᠂ ᠭᠠᠵᠠᠷ ᠠᠴᠠ ᠳᠡᠭᠡᠭᠰᠢ ᠳᠠᠯᠠᠩ ᠤᠨ ᠥᠨᠳᠥᠷ 82 ᠮᠧᠲ᠋ᠷ᠂ ᠳᠠᠯᠠᠩ ᠤᠨ ᠡᠵᠡᠯᠡᠬᠦᠨ 2.29 ᠰᠠᠶ᠎ᠠ ᠱᠣᠣ ᠮᠧᠲ᠋ᠷ᠂ ᠰᠠᠭᠤᠷᠢᠯᠠᠭᠤᠯᠬᠤ ᠬᠦᠴᠦᠨ ᠴᠢᠳᠠᠯ 315 ᠮᠸᠭᠠᠸᠠᠲ᠋ᠲ᠂ ᠵᠢᠯ ᠦᠨ ᠳᠤᠮᠳᠠᠵᠢ ᠴᠠᠬᠢᠯᠭᠠᠨ ᠦᠢᠯᠡᠳᠪᠦᠷᠢᠯᠡᠯ 606 ᠰᠠᠶ᠎ᠠ ᠻᠢᠯᠣᠸᠠᠲᠲ᠋ᠲ᠋ ᠴᠠᠭ᠂ ᠲᠦᠷᠪᠢᠨ᠄ ᠹᠷᠠᠨ᠍ᠰᠢᠰ 4 x 68.75 ᠮᠸᠭᠠᠸᠠᠲ᠋ᠲ᠂ 2 x 20.5 ᠮᠸᠭᠠᠸᠠᠲ᠋ᠲ᠂ 1 x 3 ᠮᠸᠭᠠᠸᠠᠲ᠋ᠲ᠃

ᠲᠥᠰᠥᠯ ᠊ᠦᠨ ᠲᠡᠦᠬᠡ[засварлах | кодоор засварлах]

1964-1965 ᠣᠨ ᠳᠤ ᠵᠥᠪᠯᠡᠯᠲᠦ ᠬᠣᠯᠪᠣᠭᠠᠲᠤ ᠤᠯᠤᠰ ᠤᠨ ᠡᠨᠧᠷᠭᠤᠰᠧᠲ ᠫᠷᠣᠶᠧᠻᠲ ᠢᠨᠰᠲ᠋ᠢᠲ᠋ᠦ᠋ᠲ ᠮᠣᠩᠭᠣᠯ ᠤᠯᠤᠰ ᠤᠨ ᠨᠤᠲᠤᠭ ᠳᠡᠪᠢᠰᠬᠡᠷ ᠲᠦ ᠰᠤᠳᠤᠯᠭ᠎ᠠ ᠶᠠᠪᠤᠭᠤᠯᠵᠤ᠂ 28 ᠪᠠᠶ᠋ᠢᠷᠢᠰᠢᠯ ᠳᠤ ᠤᠰᠤᠨ ᠴᠠᠬᠢᠯᠭᠠᠨ ᠰᠲ᠋ᠠᠨ᠍ᠼ ᠪᠠᠶ᠋ᠢᠭᠤᠯᠵᠤ ᠪᠣᠯᠬᠤ ᠲᠤᠬᠠᠢ ᠳ᠋ᠦ᠋ᠩᠨᠡᠯᠲᠡ ᠭᠠᠷᠭᠠᠭᠰᠠᠨ ᠪᠠᠶ᠋ᠢᠳᠠᠭ᠃ ᠡᠳᠡᠭᠡᠷ ᠦᠨ ᠨᠢᠭᠡ ᠨᠢ ᠡᠭ ᠦᠨ ᠭᠣᠣᠯ ᠤᠨ ᠠᠳᠠᠭ ᠲᠤ (Усть-Эгинская) ᠪᠤᠶᠤ ᠡᠭᠡ-ᠰᠡᠯᠡᠩᠭᠡ ᠶ᠋ᠢᠨ ᠪᠡᠯᠴᠢᠷ ᠡᠴᠡ 2.5 ᠻᠢᠯᠣᠮᠧᠲ᠋ᠷ ᠵᠠᠢ ᠳᠤ ᠪᠠᠢᠢᠷᠢᠯᠠᠬᠤ ᠡᠭ ᠦᠨ ᠭᠣᠣᠯ ᠤᠨ ᠤᠰᠤᠨ ᠴᠠᠬᠢᠯᠭᠠᠨ ᠰᠲ᠋ᠠᠨ᠍ᠼ ᠤᠨ ᠪᠠᠶ᠋ᠢᠷᠢᠰᠢᠯ ᠶᠤᠮ᠃ ᠮᠣᠩᠭᠣᠯ ᠤᠯᠤᠰ ᠤᠨ ᠵᠠᠰᠠᠭ ᠤᠨ ᠭᠠᠵᠠᠷ 1991 ᠣᠨ ᠳᠤ ᠡᠭ ᠦᠨ ᠭᠣᠣᠯ ᠤᠨ ᠤᠰᠤᠨ ᠴᠠᠬᠢᠯᠭᠠᠨ ᠰᠲ᠋ᠠᠨ᠍ᠼ ᠢ ᠪᠠᠷᠢᠬᠤ ᠠᠵᠢᠯ ᠢ ᠡᠬᠢᠯᠡᠭᠦᠯᠬᠦ ᠰᠢᠢᠳᠪᠦᠷᠢ ᠶ᠋ᠢ ᠭᠠᠷᠭᠠᠭᠰᠠᠨ᠃ ᠠᠽᠢᠶ᠎ᠠ ᠶ᠋ᠢᠨ ᠬᠥᠭᠵᠢᠯ ᠦᠨ ᠪᠠᠩᠬᠢᠨ ᠤ ᠬᠥᠩᠭᠡᠯᠡᠯᠲᠡ ᠲᠡᠢ ᠵᠡᠭᠡᠯᠢ 3.8 ᠰᠠᠶ᠎ᠠ ᠠᠮᠧᠷᠢᠻᠠ ᠳ᠋ᠣᠯᠯᠠᠷ ᠪᠣᠯᠤᠨ ᠪᠤᠵᠠᠯᠲᠠ ᠦᠭᠡᠢ ᠲᠤᠰᠠᠯᠠᠮᠵᠢ 1.4 ᠰᠠᠶ᠎ᠠ ᠠᠮᠧᠷᠢᠻᠠ ᠳ᠋ᠣᠯᠯᠠᠷ ‍ᠢᠶ᠋ᠠᠷ ᠲᠧᠻᠨᠢᠭ᠂ ᠡᠳ᠋ ᠦᠨ ᠵᠠᠰᠠᠭ ᠤᠨ ᠦᠨᠳᠦᠰᠦᠯᠡᠯ᠂ ᠪᠠᠶ᠋ᠢᠭᠠᠯᠢ ᠣᠷᠴᠢᠨ ᠤ ᠨᠠᠷᠢᠪᠴᠢᠯᠠᠭᠰᠠᠨ ᠦᠨᠡᠯᠡᠭᠡ ᠶ᠋ᠢ ᠰᠠᠩᠬᠦᠵᠢᠭᠦᠯᠬᠦ ᠪᠡᠷ ᠪᠣᠯᠵᠠᠢ᠃ ᠡᠯᠧᠻᠲ᠋ᠷᠣᠸᠠᠲ᠋ᠲ ᠢᠨ᠍ᠵᠧᠨᠧᠷᠢᠩ᠂ ᠢ-ᠡᠯ-ᠰᠢ ᠡᠯᠧᠻᠲ᠋ᠷᠣᠻᠣᠨ᠍ᠰᠠᠯᠲ᠂ ᠤᠰᠤᠨ ᠤ ᠡᠷᠴᠢᠮ ᠻᠣᠮᠫᠠᠨᠢ ᠨᠤᠭᠤᠳ 1992-1995 ᠣᠨ ᠳᠤ ᠲᠧᠻᠨᠢᠭ᠂ ᠡᠳ᠋ ᠦᠨ ᠵᠠᠰᠠᠭ ᠤᠨ ᠦᠨᠳᠦᠰᠦᠯᠡᠯ᠂ ᠪᠠᠶ᠋ᠢᠭᠠᠯᠢ ᠣᠷᠴᠢᠨ ᠤ ᠨᠠᠷᠢᠪᠴᠢᠯᠠᠭᠰᠠᠨ ᠦᠨᠡᠯᠡᠭᠡ ᠶ᠋ᠢ ᠪᠣᠯᠪᠠᠰᠤᠷᠠᠭᠤᠯᠵᠠᠢ᠃ 1996-1997 ᠣᠨ ᠳᠤ ᠮᠠᠯᠠᠶ᠋ᠢᠽ᠂ ᠴᠧᠻ ᠤᠯᠤᠰ ᠤᠨ ᠻᠣᠮᠫᠠᠨᠢ ᠨᠤᠭᠤᠳ ᠬᠥᠷᠥᠩᠭᠡ ᠣᠷᠣᠭᠤᠯᠤᠯᠲᠠ ᠬᠢᠬᠦ᠂ ᠪᠠᠷᠢᠬᠤ ᠰᠠᠨᠠᠯ ᠲᠠᠯᠪᠢᠭᠰᠠᠨ ᠴᠤ ᠬᠡᠷᠡᠭᠵᠢᠭᠡᠳᠦᠢ᠃ ᠭᠡᠲᠡᠯ᠎ᠡ 2006 ᠣᠨ ᠳᠤ ᠪᠦᠭᠦᠳᠡ ᠨᠠᠶ᠋ᠢᠷᠠᠮᠳᠠᠬᠤ ᠬᠢᠲᠠᠳ ᠠᠷᠠᠳ ᠤᠯᠤᠰ ᠤᠨ ᠡᠻᠰᠫᠣᠷᠲ ᠤᠨ ᠬᠥᠩᠭᠡᠯᠡᠯᠲᠡ ᠲᠡᠢ ᠵᠡᠭᠡᠯᠢ ᠶ᠋ᠢᠨ ᠶᠡᠷᠦᠩᠬᠡᠢ ᠬᠡᠯᠡᠯᠴᠡᠭᠡᠷ ᠬᠢᠭᠳᠡᠵᠡᠢ᠃ ᠪᠠᠶ᠋ᠢᠭᠠᠯᠢ ᠣᠷᠴᠢᠨ ᠤ ᠨᠠᠷᠢᠪᠴᠢᠯᠠᠭᠰᠠᠨ ᠦᠨᠡᠯᠡᠭᠡᠨ ᠦ ᠨᠡᠮᠡᠯᠲᠡ ᠲᠣᠳᠣᠳᠬᠠᠯ 2007 ᠣᠨ ᠳ᠋ᠤ ᠬᠢᠭᠳᠡᠵᠦ᠂ ᠰᠢᠨᠦᠮᠢᠶᠠᠴᠢ᠂ КАМКЕ ᠻᠣᠮᠫᠠᠨᠢ ᠶ᠋ᠢᠨ ᠻᠣᠨ᠍ᠰᠤᠷᠼᠢᠶᠦᠮ ᠲᠧᠨᠳᠧᠷ ᠲᠦ ᠰᠢᠯᠭᠠᠷᠠᠭᠰᠠᠨ ᠪᠣᠯᠪᠠᠴᠤ ᠵᠠᠰᠠᠭ ᠤᠨ ᠭᠠᠵᠠᠷ ᠲᠥᠰᠥᠯ ᠢ ᠲᠠᠲᠠᠨ ᠠᠪᠤᠭᠰᠠᠨ ‍ᠢᠶ᠋ᠠᠷ ᠬᠡᠷᠡᠭᠵᠢᠭᠰᠡᠨ ᠦᠭᠡᠢ᠃

ᠲᠥᠰᠥᠯ ᠊ᠦᠨ ᠶᠠᠪᠤᠴᠠ[засварлах | кодоор засварлах]

ᠡᠭ ᠰᠡᠯᠡᠩᠭᠡ ᠶ᠋ᠢᠨ ᠪᠡᠯᠴᠢᠷ

ᠮᠣᠩᠭᠣᠯ ᠤᠯᠤᠰ ᠤᠨ ᠵᠠᠰᠠᠭ ᠤᠨ ᠭᠠᠵᠠᠷ 2013 ᠣᠨ ᠤ 11᠎ ᠳ᠋ᠦᠭᠡᠷ ᠰᠠᠷ᠎ᠠ ᠶ᠋ᠢᠨ 16  ᠳᠦ ᠡᠭ ᠦᠨ ᠭᠣᠣᠯ ᠤᠨ ᠤᠰᠤᠨ ᠴᠠᠬᠢᠯᠭᠠᠨ ᠰᠲ᠋ᠠᠨ᠍ᠼ ᠢ ᠪᠠᠷᠢᠬᠤ ᠠᠵᠢᠯ ᠢ ᠡᠬᠢᠯᠡᠭᠦᠯᠬᠦ ᠰᠢᠢᠳᠪᠦᠷᠢ ᠶ᠋ᠢ ᠭᠠᠷᠭᠠᠭᠰᠠᠨ᠃ 2013 ᠣᠨ ᠤ 12  ᠳᠤᠭᠠᠷ ᠰᠠᠷ᠎ᠠ ᠶ᠋ᠢᠨ 2 ᠳᠦ ᠡᠭ ᠦᠨ ᠭᠣᠣᠯ ᠤᠨ ᠤᠰᠤᠨ ᠴᠠᠬᠢᠯᠭᠠᠨ ᠰᠲ᠋ᠠᠨ᠍ᠼ ᠤᠨ ᠲᠥᠰᠥᠯ ᠦᠨ ᠨᠢᠭᠡᠵᠢ ᠶ᠋ᠢᠨ ᠦᠢᠯᠡ ᠠᠵᠢᠯᠯᠠᠭ᠎ᠠ ᠪᠠᠨ ᠡᠬᠢᠯᠡᠭᠰᠡᠨ᠃ 2014 ᠣᠨ ᠤ 3  ᠳᠤᠭᠠᠷ ᠰᠠᠷ᠎ᠠ ᠶ᠋ᠢᠨ 17 ᠳᠦ ᠦᠨᠳᠦᠰᠦᠨ ᠲᠥᠰᠥᠯ ᠦᠨ (ᠳᠠᠯᠠᠨ᠂ ᠤᠰᠤᠨ ᠰᠠᠩ᠂ ᠴᠠᠬᠢᠯᠭᠠᠨ ᠰᠲ᠋ᠠᠨ᠍ᠼ ᠤᠨ ᠪᠠᠷᠢᠯᠭ᠎ᠠ᠂ ᠳᠡᠳ᠋ ᠰᠲ᠋ᠠᠨ᠍ᠼ) ᠪᠠᠶ᠋ᠢᠭᠠᠯᠢ ᠣᠷᠴᠢᠨ ᠤ ᠨᠠᠷᠢᠪᠴᠢᠯᠠᠭᠰᠠᠨ ᠦᠨᠡᠯᠡᠭᠡ ᠶ᠋ᠢ ᠭᠦᠢᠴᠡᠳᠭᠡᠬᠦ ᠪᠡᠷ ᠡᠩᠻᠣ ᠬᠢ᠂ᠬᠠ᠂ᠻᠣ᠂ ᠰᠣᠩᠭᠣᠭᠳᠠᠭᠰᠠᠨ᠃ ᠲᠥᠰᠥᠯ ᠦᠨ ᠳᠡᠳ᠋ ᠪᠦᠲᠦᠴᠡ ᠶ᠋ᠢᠨ (71.9 ᠻᠢᠯᠣᠮᠧᠲ᠋ᠷ ᠠᠦ᠋ᠲ᠋ᠣ᠋ ᠵᠠᠮ᠂ ᠭᠦᠦᠷᠡ ᠮᠥᠨ 72.3 ᠻᠢᠯᠣᠮᠧᠲ᠋ᠷ 2 ᠬᠡᠯᠬᠢᠶ᠎ᠡ 220 ᠻᠢᠯᠣᠸᠣᠯᠲ᠋ ᠤᠨ ᠴᠠᠬᠢᠯᠭᠠᠨ ᠳᠠᠮᠵᠢᠭᠤᠯᠬᠤ ᠱᠤᠭᠤᠮ᠂ ᠳᠡᠳ᠋ ᠰᠲ᠋ᠠᠨ᠍ᠼ) ᠪᠠᠶ᠋ᠢᠭᠠᠯᠢ ᠣᠷᠴᠢᠨ ᠤ ᠨᠠᠷᠢᠪᠴᠢᠯᠠᠭᠰᠠᠨ ᠦᠨᠡᠯᠡᠭᠡ ᠶ᠋ᠢ ᠭᠦᠢᠴᠡᠳᠭᠡᠬᠦ ᠪᠡᠷ ᠡᠻᠣᠰ ᠢ᠂ᠬᠠ᠂ᠻᠣ᠂ ᠰᠣᠩᠭᠣᠭᠳᠠᠭᠰᠠᠨ᠃ ᠰᠠᠷ᠎ᠠ ᠶ᠋ᠢᠨ ᠳᠠᠷᠠᠭ᠎ᠠ ᠡᠭ ᠦᠨ ᠭᠣᠣᠯ ᠤᠨ ᠤᠰᠤᠨ ᠴᠠᠬᠢᠯᠭᠠᠨ ᠰᠲ᠋ᠠᠨ᠍ᠼ ᠲᠥᠰᠥᠯ ᠦᠨ ᠶᠡᠷᠦᠩᠬᠡᠢ ᠵᠥᠪᠯᠡᠬᠦ ᠪᠡᠷ ᠹᠷᠠᠨ᠍ᠼᠢ ᠶ᠋ᠢᠨ ᠲᠷᠠᠻᠲ᠋ᠧᠪᠧᠯ ᠢᠨᠵᠧᠨᠧᠷᠢᠩ (GDF Suez) ᠻᠣᠮᠫᠠᠨᠢ ᠰᠣᠩᠭᠣᠭᠳᠠᠵᠤ ᠲᠧᠻᠨᠢᠭ᠂ ᠡᠳ᠋ ᠦᠨ ᠵᠠᠰᠠᠭ ᠤᠨ ᠦᠨᠡᠯᠡᠭᠡ ᠶ᠋ᠢ ᠰᠢᠨᠡᠳᠭᠡᠬᠦ ᠠᠵᠢᠯ ᠡᠬᠢᠯᠡᠭᠰᠡᠨ᠃ ᠲᠥᠰᠥᠯ ᠦᠨ ᠬᠠᠤᠯᠢ ᠶ᠋ᠢᠨ ᠵᠥᠪᠯᠡᠬᠦ ᠪᠡᠷ ᠶᠡᠬᠡ ᠪᠷᠢᠲ᠋ᠠᠨ ᠤᠮᠠᠷᠠᠳᠤ ᠢᠷᠯᠠᠨ᠍ᠳ᠋ ᠤᠨ ᠨᠢᠭᠡᠳᠦᠭᠰᠡᠨ ᠸᠠᠩᠲᠤ ᠤᠯᠤᠰ ᠤᠨ ᠬᠣᠭᠠᠨ ᠯᠣᠸᠧᠯᠯᠦᠰ ᠻᠣᠮᠫᠠᠨᠢ ᠰᠣᠩᠭᠣᠭᠳᠠᠵᠤ᠂ ᠭᠡᠷ ‍ᠡ᠋ ‍ᠢᠶ᠋ᠡᠨ ᠵᠢᠷᠤᠭᠰᠠᠨ᠃ ᠮᠥᠨ ᠣᠨ ᠤ 6 ᠰᠠᠷ᠎ᠠ ᠠᠴᠠ 8 ᠰᠠᠷ᠎ᠠ ᠶ᠋ᠢᠨ ᠬᠣᠭᠣᠷᠣᠨᠳᠣ ᠲᠧᠻᠨᠢᠭ᠂ ᠡᠳ᠋ ᠦᠨ ᠵᠠᠰᠠᠭ ᠤᠨ ᠦᠨᠳᠦᠰᠦᠯᠡᠯ ᠢ ᠰᠢᠨᠡᠳᠭᠡᠬᠦ ᠠᠵᠢᠯ ᠳᠤ ᠱᠠᠭᠠᠷᠳᠠᠯᠭ᠎ᠠ ᠲᠠᠢ ᠨᠡᠮᠡᠯᠲᠡ ᠰᠤᠳᠤᠯᠭᠠᠨ ᠤ ᠠᠵᠢᠯ ᠤᠳ ᠬᠢᠭᠳᠡᠭᠰᠡᠨ ᠪᠠ ᠰᠢᠨ᠎ᠡ ᠲᠧᠻᠨᠢᠭ᠂ ᠡᠳ᠋ ᠦᠨ ᠵᠠᠰᠠᠭ ᠤᠨ ᠦᠨᠳᠦᠰᠦᠯᠡᠯ ᠡᠷᠴᠢᠮ ᠬᠦᠴᠦᠨ ᠦ ᠰᠠᠯᠪᠤᠷᠢ ᠶ᠋ᠢᠨ ᠰᠢᠨᠵᠢᠯᠡᠬᠦ ᠤᠬᠠᠭᠠᠨ ᠲᠧᠭᠨᠣᠯᠣᠭᠢ ᠶ᠋ᠢᠨ ᠵᠥᠪᠯᠡᠯ ᠢᠢᠡᠷ ᠳᠡᠮᠵᠢᠭᠳᠡᠭᠰᠡᠨ᠃ ᠲᠥᠰᠥᠯ ᠦᠨ ᠳᠡᠳ᠋ ᠪᠦᠲᠦᠴᠡ ᠶ᠋ᠢᠨ ᠪᠠᠶ᠋ᠢᠭᠠᠯᠢ ᠣᠷᠴᠢᠨ ᠤ ᠨᠠᠷᠢᠪᠴᠢᠯᠠᠭᠰᠠᠨ ᠦᠨᠡᠯᠡᠭᠡ ᠶ᠋ᠢ 2014 ᠣᠨ ᠤ 9  ‍᠎ᠳ᠋ᠦᠭᠡᠷ ᠰᠠᠷ᠎ᠠ ᠶ᠋ᠢᠨ 4 ᠳᠦ ᠪᠠᠶ᠋ᠢᠭᠠᠯᠢ ᠣᠷᠴᠢᠨ ᠨᠣᠭᠣᠭᠠᠨ ᠬᠥᠭᠵᠢᠯ ᠦᠨ ᠶᠠᠮᠤ ᠳᠡᠮᠵᠢᠨ ᠪᠠᠲᠤᠯᠠᠭᠰᠠᠨ ᠪᠠ ᠦᠨᠳᠦᠰᠦᠨ ᠲᠥᠰᠥᠯ ᠦᠨ ᠪᠠᠶ᠋ᠢᠭᠠᠯᠢ ᠣᠷᠴᠢᠨ ᠤ ᠨᠠᠷᠢᠪᠴᠢᠯᠠᠭᠰᠠᠨ ᠦᠨᠡᠯᠡᠭᠡ ᠶ᠋ᠢ ᠪᠠᠶ᠋ᠢᠭᠠᠯᠢ ᠣᠷᠴᠢᠨ ᠨᠣᠭᠣᠭᠠᠨ ᠬᠥᠭᠵᠢᠯ ᠦᠨ ᠶᠠᠮᠤ 2014 ᠣᠨ ᠤ 10  ᠳᠤᠭᠠᠷ ᠰᠠᠷ᠎ᠠ ᠶ᠋ᠢᠨ 27 ᠳᠦ ᠪᠠᠲᠤᠯᠠᠭᠰᠠᠨ᠃ ᠳᠠᠷᠠᠭ᠎ᠠ ᠵᠢᠯ ᠦᠨ ᠨᠢ 3 ᠰᠠᠷ᠎ᠠ ᠳᠤ ᠮᠣᠩᠭᠣᠯ ᠤᠯᠤᠰ ᠤᠨ ᠵᠠᠰᠠᠭ ᠤᠨ ᠭᠠᠵᠠᠷ ᠤᠨ 《ᠬᠥᠩᠭᠡᠯᠡᠯᠲᠡ ᠲᠡᠢ ᠵᠡᠭᠡᠯᠢ ᠶ᠋ᠢᠨ ᠬᠥᠷᠥᠩᠭᠡ ᠪᠡᠷ ᠬᠡᠷᠡᠭᠵᠢᠭᠦᠯᠬᠦ ᠲᠥᠰᠥᠯ ᠦᠨ ᠲᠤᠬᠠᠢ》 89 ᠳ᠋ᠦᠭᠡᠷ ᠲᠣᠭᠲᠠᠭᠠᠯ ᠢᠢᠠᠷ 《ᠡᠭ ᠦᠨ ᠭᠣᠣᠯ ᠤᠨ ᠤᠰᠤᠨ ᠴᠠᠬᠢᠯᠭᠠᠨ ᠰᠲ᠋ᠠᠨ᠍ᠼ》 ᠲᠥᠰᠥᠯ ᠢ ᠪᠦᠭᠦᠳᠡ ᠨᠠᠶ᠋ᠢᠷᠠᠮᠳᠠᠬᠤ ᠬᠢᠲᠠᠳ ᠠᠷᠠᠳ ᠤᠯᠤᠰ ᠤᠨ ᠵᠠᠰᠠᠭ ᠤᠨ ᠭᠠᠵᠠᠷ ᠤᠨ ᠬᠥᠩᠭᠡᠯᠡᠯᠲᠡ ᠲᠡᠢ ᠵᠡᠭᠡᠯᠢ ᠶ᠋ᠢᠨ ᠡᠬᠡ ᠡᠭᠦᠰᠪᠦᠷᠢ ᠪᠡᠷ ᠰᠠᠩᠬᠦᠵᠢᠭᠦᠯᠬᠦ ᠪᠡᠷ ᠰᠢᠢᠳᠪᠦᠷᠢᠯᠡᠭᠰᠡᠨ᠃

ᠠᠴᠢ ᠬᠣᠯᠪᠣᠭᠳᠠᠯ[засварлах | кодоор засварлах]

ᠤᠰᠤᠨ ᠤ ᠡᠷᠴᠢᠮ ᠬᠦᠴᠦ ᠶ᠋ᠢ ᠠᠰᠢᠭᠯᠠᠭᠰᠠᠨ ᠢᠢᠠᠷ ᠠᠭᠤᠷ ᠠᠮᠢᠰᠬᠤᠯ ᠤᠨ ᠥᠭᠡᠷᠡᠴᠢᠯᠡᠯᠲᠡ᠂ ᠠᠭᠠᠷ ᠤᠨ ᠪᠣᠬᠢᠷᠳᠠᠯ ᠢ ᠪᠠᠭᠠᠰᠭᠠᠬᠤ᠂ ᠨᠣᠭᠣᠭᠠᠨ ᠬᠥᠭᠵᠢᠯ ᠢ ᠳᠡᠮᠵᠢᠬᠦ ᠳᠦ ᠬᠤᠪᠢ ᠨᠡᠮᠡᠷᠢ ᠣᠷᠣᠭᠤᠯᠵᠤ᠂ ᠪᠠᠶ᠋ᠢᠭᠠᠯᠢ ᠤᠷᠴᠢᠨ ᠳᠤ ᠡᠭᠡᠯᠢᠲᠡᠢ᠂ ᠴᠡᠪᠡᠷ ᠴᠠᠬᠢᠯᠭᠠᠨ ᠡᠷᠴᠢᠮ ᠬᠦᠴᠢ ᠦᠢᠯᠡᠳᠪᠦᠷᠢᠯᠡᠬᠦ ᠪᠣᠯᠤᠮᠵᠢ ᠲᠠᠢ᠃ ᠮᠥᠨ ᠲᠡᠭᠦᠬᠡᠢ ᠨᠡᠭᠦᠷᠡᠰᠦᠨ ᠦ ᠬᠡᠷᠡᠭᠯᠡᠭᠡ ᠶ᠋ᠢ ᠪᠠᠭᠤᠷᠠᠭᠤᠯᠵᠤ᠂ ᠤᠯᠠᠭᠠᠨᠪᠠᠭᠠᠲᠤᠷ᠂ ᠪᠤᠰᠤᠳ ᠬᠣᠲᠠ ᠰᠠᠭᠤᠷᠢᠨ ᠭᠠᠵᠠᠷ ᠤᠨ ᠠᠭᠠᠷ ᠲᠤ ᠬᠠᠶᠠᠭᠳᠠᠵᠤ ᠪᠠᠶ᠋ᠢᠭ᠎ᠠ ᠬᠦᠯᠡᠮᠵᠢ ᠶ᠋ᠢᠨ ᠬᠡᠢ ᠶ᠋ᠢᠨ ᠢᠯᠭᠠᠷᠠᠭᠤᠯᠤᠯᠲᠠ ᠶ᠋ᠢ ᠪᠠᠭᠤᠷᠠᠭᠤᠯᠬᠤ ᠣᠨᠴᠤᠭᠤᠢ ᠠᠴᠢ ᠬᠣᠯᠪᠣᠭᠳᠠᠯ ᠲᠠᠢ᠃ ᠤᠰᠤᠨ ᠤ ᠨᠥᠭᠡᠴᠡ ᠪᠦᠬᠦᠢ ᠪᠠᠶ᠋ᠢᠩᠭᠤ ᠰᠡᠯᠭᠦᠭᠳᠡᠵᠦ ᠪᠠᠶ᠋ᠢᠬᠤ ᠴᠡᠩᠭᠡᠭ ᠨᠠᠭᠤᠷ ᠡᠭᠦᠰᠦᠭᠰᠡᠨ ᠢᠢᠠᠷ ᠴᠡᠪᠡᠷ ᠤᠰᠤᠨ ᠤ ᠲᠣᠮᠣᠬᠠᠨ ᠨᠥᠭᠡᠴᠡ ᠲᠡᠢ ᠪᠣᠯᠬᠤ ᠠᠴᠠ ᠭᠠᠳᠠᠨ᠎ᠠ ᠲᠤᠬᠠᠢ ᠶ᠋ᠢᠨ ᠪᠥᠰᠡ ᠨᠤᠲᠤᠭ ᠤᠨ ᠠᠭᠠᠷ ᠤᠨ ᠴᠢᠭᠢᠭᠰᠢᠯ ᠢ ᠨᠡᠮᠡᠭᠳᠡᠭᠦᠯᠵᠦ᠂ ᠴᠥᠯᠵᠢᠯᠲᠡ ᠡᠴᠡ ᠬᠠᠮᠠᠭᠠᠯᠠᠵᠤ᠂ ᠡᠷᠴᠢᠮᠵᠢᠭᠰᠡᠨ ᠭᠠᠵᠠᠷ ᠲᠠᠷᠢᠶᠠᠯᠠᠩ᠂ ᠬᠥᠳᠡᠭᠡ ᠠᠵᠤ ᠠᠬᠤᠢ ᠶ᠋ᠢᠨ ᠦᠢᠯᠡᠳᠪᠦᠷᠢᠯᠡᠯ ᠬᠥᠭᠵᠢᠬᠦ ᠪᠣᠯᠤᠮᠵᠢ ᠪᠥᠷᠢᠳᠦᠨ᠎ᠡ᠃ ᠤᠰᠤᠨ ᠴᠠᠬᠢᠯᠭᠠᠨ ᠰᠲ᠋ᠠᠨ᠍ᠼ ᠪᠠᠶ᠋ᠢᠭᠤᠯᠵᠤ᠂ ᠲᠣᠮᠣᠬᠠᠨ ᠨᠠᠭᠤᠷ ᠡᠭᠦᠰᠦᠭᠰᠡᠨ ᠢᠢᠠᠷ ᠪᠠᠶ᠋ᠢᠭᠠᠯᠢ ᠢᠢᠨ ᠠᠶᠠᠯᠠᠯ ᠵᠢᠭᠤᠯᠴᠢᠯᠠᠯ᠂ ᠤᠰᠤᠨ ᠰᠫᠣᠷᠲ ᠢ ᠬᠥᠭᠵᠢᠭᠦᠯᠬᠦ ᠲᠠᠭᠠᠲᠠᠢ ᠨᠥᠬᠥᠴᠡᠯ ᠪᠥᠷᠢᠳᠴᠦ᠂ ᠭᠠᠳᠠᠭᠠᠳᠤ᠂ ᠳᠣᠲᠣᠭᠠᠳᠤ ᠶ᠋ᠢᠨ ᠠᠶᠠᠯᠠᠭᠴᠢ᠂ ᠵᠢᠭᠤᠯᠴᠢᠳ ᠤᠨ ᠰᠣᠨᠢᠷᠬᠠᠯ ᠢ ᠲᠠᠲᠠᠬᠤ᠂ ᠬᠥᠭᠵᠢᠯ ᠦᠨ ᠲᠣᠮᠣᠬᠠᠨ ᠲᠥᠪ ᠪᠣᠯᠵᠤ ᠬᠥᠭᠵᠢᠬᠦ ᠪᠦᠷᠢᠨ ᠪᠣᠯᠤᠮᠵᠢ ᠲᠠᠢ᠃ ᠣᠷᠭᠢᠯ ᠠᠴᠢᠶᠠᠯᠠᠯ ᠳᠤ ᠠᠵᠢᠯᠯᠠᠬᠤ ᠴᠢᠳᠠᠪᠤᠷᠢ ᠲᠠᠢ ᠮᠣᠩᠭᠣᠯ ᠤᠯᠤᠰ ᠤᠨ ᠠᠩᠬᠠᠨ ᠤ ᠲᠣᠬᠢᠷᠠᠭᠤᠯᠭ᠎ᠠ ᠶ᠋ᠢᠨ ᠰᠲ᠋ᠠᠨ᠍ᠼ ᠪᠣᠯᠤᠨ᠎ᠠ᠃ ᠡᠷᠴᠢᠮ ᠬᠦᠴᠦᠨ ᠦ ᠰᠠᠯᠪᠤᠷᠢ ᠶ᠋ᠢᠨ ᠣᠨᠴᠠᠯᠢᠭ ᠨᠢ ᠬᠡᠷᠡᠭᠯᠡᠭᠡᠨ ᠦ ᠭ᠌ᠱᠠᠨ ᠪᠦᠷᠢ ᠳᠦ ᠨᠡᠶ᠋ᠢᠴᠡᠬᠦ ᠦᠢᠯᠡᠳᠪᠦᠷᠢᠯᠡᠯ ᠶᠠᠪᠤᠭᠤᠯᠵᠤ ᠪᠠᠶ᠋ᠢᠳᠠᠭ᠃ ᠡᠷᠴᠢᠮ ᠬᠦᠴᠦᠨ ᠦ ᠰᠢᠰᠲ᠋ᠧᠮ ᠦᠨ ᠲᠣᠭᠲᠠᠪᠤᠷᠢᠲᠠᠢ ᠠᠵᠢᠯᠯᠠᠭᠠᠨ ᠤ ᠦᠨᠳᠦᠰᠦ ᠨᠢ ᠰᠢᠰᠲ᠋ᠧᠮ ᠦᠨ ᠳᠠᠪᠲᠠᠮᠵᠢ ᠲᠣᠭᠲᠠᠮᠠᠯ ᠪᠠᠶ᠋ᠢᠬᠤ ᠶᠠᠪᠤᠳᠠᠯ ᠶᠤᠮ᠃ ᠳᠠᠪᠲᠠᠮᠵᠢ ᠶ᠋ᠢ ᠲᠣᠬᠢᠷᠠᠭᠤᠯᠬᠤ ᠶ᠋ᠢᠨ ᠲᠤᠯᠠᠳᠠ ᠰᠢᠰᠲ᠋ᠧᠮ ᠱᠠᠭᠠᠷᠳᠠᠯᠭ᠎ᠠ ᠲᠠᠢ ᠦᠶ᠎ᠡ ᠳᠦ ᠠᠰᠢᠭᠯᠠᠬᠤ ᠪᠣᠯᠤᠮᠵᠢ ᠲᠠᠢ ᠨᠥᠭᠡᠴᠡ ᠴᠢᠳᠠᠯ ᠲᠠᠢ᠂ ᠬᠡᠷᠡᠭᠯᠡᠭᠡᠨ ᠳᠦ ᠲᠠᠭᠠᠷᠠᠭᠰᠠᠨ ᠲᠣᠬᠢᠷᠠᠭᠤᠯᠤᠭᠴᠢ ᠲᠠᠢ ᠪᠠᠶ᠋ᠢᠬᠤ ᠶ᠋ᠢ ᠱᠠᠭᠠᠷᠳᠠᠳᠠᠭ᠃ ᠣᠳᠣ ᠠᠵᠢᠯᠯᠠᠵᠤ ᠪᠠᠶ᠋ᠢᠭ᠎ᠠ ᠴᠠᠬᠢᠯᠭᠠᠨ ᠰᠲ᠋ᠠᠨ᠍ᠼ ᠤᠳ ᠤᠨ ᠦᠷ᠎ᠡ ᠠᠰᠢᠭ ᠢ ᠰᠠᠶ᠋ᠢᠵᠢᠷᠠᠭᠤᠯᠤᠨ᠎ᠠ᠃ ᠳᠤᠯᠠᠭᠠᠨ ᠤ ᠴᠠᠬᠢᠯᠭᠠᠨ ᠰᠲ᠋ᠠᠨ᠍ᠼ ᠤᠳ ᠦᠢᠯᠡᠳᠪᠦᠷᠢᠯᠡᠭᠰᠡᠨ ᠡᠷᠴᠢᠮ ᠬᠦᠴᠦᠨ ᠦ ᠪᠡᠨ 20 ᠬᠦᠷᠲᠡᠯ᠎ᠡ ᠬᠤᠪ ᠢ ᠳᠣᠲᠣᠭᠠᠳᠤ ᠬᠡᠷᠡᠭᠴᠡᠭᠡᠨ ᠳᠦ ᠪᠡᠨ ᠵᠠᠷᠤᠴᠠᠭᠤᠯᠳᠠᠭ ᠪᠣᠯ ᠡᠭ ᠦᠨ ᠭᠣᠣᠯ ᠤᠨ ᠤᠰᠤᠨ ᠴᠠᠬᠢᠯᠭᠠᠨ ᠰᠲ᠋ᠠᠨ᠍ᠼ ᠨᠢ ᠶᠡᠷᠦᠳᠡᠭᠡᠨ 1 ᠬᠤᠪ ᠢ ᠵᠠᠷᠤᠴᠠᠭᠤᠯᠳᠠᠭ ᠪᠠ ᠮᠠᠨᠧᠸᠷᠯᠠᠬᠤ ᠴᠢᠳᠠᠪᠤᠷᠢ ᠰᠠᠶ᠋ᠢᠲᠠᠢ ᠲᠤᠯᠠ ᠳᠤᠯᠠᠭᠠᠨ ᠤ ᠴᠠᠬᠢᠯᠭᠠᠨ ᠰᠲ᠋ᠠᠨ᠍ᠼ ᠤᠳ ᠤᠨ ᠢᠯᠡᠭᠦᠳᠡᠯ ᠦᠢᠯᠡᠳᠪᠦᠷᠢᠯᠡᠯ ᠢ ᠪᠠᠭᠤᠷᠠᠭᠤᠯᠤᠨ᠎ᠠ᠃ ᠬᠦᠯᠡᠮᠵᠢ ᠶ᠋ᠢᠨ ᠬᠡᠢ ᠶ᠋ᠢ ᠪᠠᠭᠤᠷᠠᠭᠤᠯᠤᠨ᠎ᠠ᠃ ᠨᠢᠭᠡᠳᠦᠭᠰᠡᠨ ᠦᠨᠳᠦᠰᠦᠨ ᠦ ᠪᠠᠶ᠋ᠢᠭᠤᠯᠤᠯᠭ᠎ᠠ ᠤᠨ ᠠᠭᠤᠷ ᠠᠮᠢᠰᠬᠤᠯ ᠤᠨ ᠥᠭᠡᠷᠡᠴᠢᠯᠡᠯᠲᠡ ᠶ᠋ᠢᠨ ᠻᠣᠨ᠍ᠸᠧᠨ᠍ᠼ ᠪᠣᠯᠤᠨ ᠻᠢᠣᠲ᠋ᠣ ᠶ᠋ᠢᠨ ᠫᠷᠣᠲ᠋ᠣᠻᠣᠯ ᠤᠨ ᠳᠠᠭᠠᠭᠤ ᠬᠦᠯᠡᠮᠵᠢ ᠶ᠋ᠢᠨ ᠬᠡᠢ ᠶ᠋ᠢᠨ ᠢᠯᠭᠠᠷᠠᠯᠲᠠ ᠶ᠋ᠢ ᠪᠠᠭᠤᠷᠠᠭᠤᠯᠬᠤ ᠨᠢ ᠤᠰᠤᠨ ᠴᠠᠬᠢᠯᠭᠠᠨ ᠰᠲ᠋ᠠᠨ᠍ᠼ ᠤᠨ ᠭᠣᠣᠯ ᠵᠣᠷᠢᠯᠭ᠎ᠠ ᠶᠤᠮ᠃ ᠤᠭ ᠻᠣᠨᠸᠧᠨ᠍ᠼᠢ ᠳᠤ ᠮᠣᠩᠭᠣᠯ ᠤᠯᠤᠰ ᠨᠢᠭᠡᠳᠦᠨ ᠣᠷᠣᠭᠰᠠᠨ ᠪᠠᠶ᠋ᠢᠳᠠᠭ᠃ ᠤᠭ ᠻᠣᠨ᠍ᠸᠧᠨ᠍ᠼ ᠤᠨ ᠭᠣᠣᠯ ᠰᠢᠯᠭᠠᠭᠤᠷ ᠪᠣᠯ ᠪᠠᠶ᠋ᠢᠭᠠᠯᠢ ᠣᠷᠴᠢᠨ ᠤ ᠱᠠᠭᠠᠷᠳᠠᠯᠭ᠎ᠠ ᠳᠤ ᠨᠡᠶ᠋ᠢᠴᠡᠭᠰᠡᠨ ᠵᠣᠷᠢᠯᠲᠠ ᠪᠤᠶᠤ ᠨᠡᠭᠦᠷᠡᠰᠦ ᠲᠥᠷᠦᠭᠴᠢ ᠶ᠋ᠢᠨ ᠢᠯᠭᠠᠷᠠᠯᠲᠠ ᠠᠴᠠ ᠵᠠᠶ᠋ᠢᠯᠠᠰᠬᠢᠭᠰᠡᠨ ᠬᠡᠮᠵᠢᠶ᠎ᠡ᠂ ᠮᠥᠨ ᠲᠥᠰᠥᠯ ᠦᠨ ᠦᠷᠭᠦᠯᠵᠢᠯᠡᠬᠦ ᠬᠤᠭᠤᠴᠠᠭᠠᠨ ᠳᠤ ᠨᠢᠭᠡ ᠭᠢᠭᠠᠸᠠᠲ᠋ᠲ ᠴᠠᠭ ᠡᠷᠴᠢᠮ ᠬᠦᠴᠦ ᠦᠢᠯᠡᠳᠪᠦᠷᠢᠯᠡᠬᠦ ᠳᠦ ᠬᠡᠳᠦᠢ ᠬᠡᠮᠵᠢᠶᠡᠨ ᠦ ᠨᠡᠭᠦᠷᠡᠰᠦ ᠲᠥᠷᠦᠭᠴᠢ ᠶ᠋ᠢᠨ ᠢᠯᠭᠠᠷᠠᠯᠲᠠ ᠠᠴᠠ ᠵᠠᠶ᠋ᠢᠯᠠᠰᠬᠢᠭᠰᠡᠨ ᠢᠢᠠᠷ ᠲᠣᠳᠣᠷᠬᠠᠶ᠋ᠢᠯᠠᠭᠳᠠᠳᠠᠭ᠃ ᠵᠢᠯ ᠳᠦ ᠪᠠᠭᠤᠷᠠᠭᠤᠯᠬᠤ ᠨᠡᠭᠦᠷᠡᠰᠦ ᠲᠥᠷᠦᠭᠴᠢ ᠶ᠋ᠢᠨ ᠢᠯᠭᠠᠷᠠᠭᠤᠯᠤᠯᠲᠠ ᠶ᠋ᠢ ᠦᠨᠡᠯᠡᠬᠦ ᠳᠦ᠂ ᠵᠢᠯ ᠦᠨ ᠴᠠᠬᠢᠯᠭᠠᠨ ᠦᠢᠯᠡᠳᠪᠦᠷᠢᠯᠡᠯ ᠢᠢᠠᠷ (606 ᠭᠢᠭᠠᠸᠠᠲ᠋ᠲ ᠴᠠᠭ) 709 ᠮᠢᠩᠭᠠᠨ ᠲᠣᠨ CO2᠃ ᠡᠷᠴᠢᠮ ᠬᠦᠴᠦᠨ ᠦ ᠰᠤᠳᠤᠯᠭ᠎ᠠ ᠬᠥᠭᠵᠢᠯ ᠦᠨ ᠲᠥᠪ ᠦᠨ ᠬᠢᠵᠦ ᠪᠠᠶ᠋ᠢᠭᠰᠠᠨ ᠲᠣᠭᠠᠴᠠᠭᠠᠯᠠᠯ ᠳᠡᠭᠡᠷ᠎ᠡ ᠦᠨᠳᠦᠰᠦᠯᠡᠵᠦ ᠨᠡᠭᠦᠷᠡᠰᠦ ᠪᠡᠷ ᠠᠵᠢᠯᠯᠠᠳᠠᠭ ᠳᠤᠯᠠᠭᠠᠨ ᠦᠢᠯᠡᠳᠪᠦᠷᠢᠯᠡᠯ ᠢᠯᠭᠠᠷᠠᠭᠤᠯᠤᠯᠲᠠ ᠶ᠋ᠢᠨ ᠬᠦᠴᠦᠨ ᠵᠦᠢᠯ ᠢ 1.17 ᠲᠣᠨ CO2/ᠮᠸᠭᠠᠸᠠᠲ᠋ᠲ ᠴᠠᠭ ᠭᠡᠵᠦ ᠲᠣᠭᠠᠴᠠᠭᠰᠠᠨ ᠪᠠᠶ᠋ᠢᠭ᠎ᠠ᠃ ᠡᠭ ᠦᠨ ᠭᠣᠣᠯ ᠤᠨ ᠤᠰᠤᠨ ᠴᠠᠬᠢᠯᠭᠠᠨ ᠰᠲ᠋ᠠᠨ᠍ᠼ ᠢ ᠠᠰᠢᠭᠯᠠᠯᠲᠠ ᠳᠤ ᠣᠷᠣᠭᠤᠯᠤᠭᠰᠠᠨ ᠢᠢᠠᠷ ᠪᠠᠭᠤᠷᠠᠭᠤᠯᠬᠤ ᠨᠡᠭᠦᠷᠡᠰᠦ ᠬᠦᠴᠢᠯ ᠦᠨ ᠬᠡᠢ ᠶ᠋ᠢᠨ ᠬᠡᠮᠵᠢᠶᠡᠨ ᠳᠦ ᠣᠯᠠᠨ ᠤᠯᠤᠰ ᠤᠨ ᠪᠠᠶ᠋ᠢᠭᠤᠯᠤᠯᠭ᠎ᠠ᠂ ᠥᠨᠳᠥᠷ ᠬᠥᠭᠵᠢᠯᠲᠡᠢ ᠣᠷᠣᠨ ᠨᠤᠭᠤᠳ ᠠᠴᠠ ᠤᠷᠮᠠᠰᠢᠭᠤᠯᠤᠯ ᠠᠪᠬᠤ ᠲᠠᠯ᠎ᠠ ᠪᠠᠷ ᠰᠤᠳᠤᠯᠵᠤ ᠪᠠᠶ᠋ᠢᠨ᠎ᠠ᠃ ᠮᠣᠩᠭᠣᠯ ᠳᠤ ᠡᠮᠦᠨ᠎ᠡ ᠬᠡᠷᠭᠡᠵᠢᠭᠰᠡᠨ ᠲᠥᠰᠥᠯ ᠦᠳ ᠦᠨ ᠵᠢᠱᠢᠭ ᠢᠢᠠᠷ ᠬᠦᠯᠡᠮᠵᠢ ᠶ᠋ᠢᠨ ᠬᠡᠢ ᠶ᠋ᠢᠨ ᠲᠣᠨ᠍ ᠲᠤᠲᠤᠮ ᠳᠤ 4 ᠧᠦ᠋ᠷᠣ᠋ ᠶ᠋ᠢᠨ ᠤᠷᠮᠠᠰᠢᠭᠤᠯᠤᠯᠲᠠᠢ ᠪᠣᠷᠣᠯᠠᠭᠤᠯᠬᠤ ᠪᠠᠷ ᠲᠣᠭᠠᠴᠠᠪᠠᠯ ᠵᠢᠯ ᠳᠦ 2.8 ᠰᠠᠶ᠎ᠠ ᠧᠦ᠋ᠷᠣ᠋ ᠶ᠋ᠢᠨ ᠣᠷᠣᠯᠭ᠎ᠠ ᠣᠯᠵᠤ ᠪᠣᠯᠬᠤ ᠶᠤᠮ᠃ ᠢᠮᠫᠣᠷᠲ ᠤᠨ ᠡᠷᠴᠢᠮ ᠬᠦᠴᠦᠨ ᠦ ᠬᠠᠷᠠᠭᠠᠲᠤ ᠪᠠᠶ᠋ᠢᠳᠠᠯ ᠢ ᠪᠠᠭᠤᠷᠠᠭᠤᠯᠬᠤ᠃ ᠲᠥᠪ ᠦᠨ ᠪᠥᠰᠡ ᠶ᠋ᠢᠨ ᠨᠢᠭᠡᠳᠦᠭᠰᠡᠨ ᠰᠢᠰᠲ᠋ᠧᠮ ᠨᠢ ᠣᠷᠣᠰ ‍ᠤᠨ ᠬᠣᠯᠪᠣᠭᠠᠨ ᠤ ᠤᠯᠤᠰ ᠤᠨ ᠪᠠᠢᠢᠭᠠᠯ ᠤᠨ ᠡᠷᠴᠢᠮ ᠬᠦᠴᠦᠨ ᠤ ᠰᠢᠰᠲ᠋ᠧᠮ ᠲᠡᠢ 220 ᠻᠢᠯᠣᠸᠣᠯᠲ᠋ ᠤᠨ ᠴᠠᠬᠢᠯᠭᠠᠨ ᠳᠠᠮᠵᠢᠭᠤᠯᠬᠤ ᠠᠭᠠᠷ ᠤᠨ ᠬᠣᠣᠰ ᠱᠤᠭᠤᠮ ᠢᠢᠠᠷ ᠵᠡᠷᠭᠡᠴᠡᠭᠡ ᠠᠵᠢᠯᠯᠠᠭᠠᠨ ᠳᠤ ᠬᠣᠯᠪᠣᠭᠳᠠᠭᠰᠠᠨ 1977 ᠣᠨ ᠠᠴᠠ ᠥᠨᠥ ᠬᠦᠷᠲᠡᠯ᠎ᠡ 《ᠢᠮᠫᠣᠷᠲ ᠤᠨ ᠭᠡᠷ᠎ᠡ》 ᠪᠠᠶ᠋ᠢᠭᠤᠯᠤᠨ ᠠᠵᠢᠯᠯᠠᠵᠤ ᠪᠠᠶ᠋ᠢᠨ᠎ᠠ᠃ 2013 ᠣᠨ ᠳᠤ ᠣᠷᠣᠰ ‍ᠤᠨ ᠬᠣᠯᠪᠣᠭᠠᠨ ᠤ ᠤᠯᠤᠰ ᠠᠴᠠ 325.3 ᠰᠠᠶ᠎ᠠ ᠻᠢᠯᠣᠸᠠᠲ᠋ᠲ᠋ ᠴᠠᠭ ᠴᠠᠬᠢᠯᠭᠠᠨ ᠡᠷᠴᠢᠮ ᠬᠦᠴᠢ ᠢᠮᠫᠣᠷᠲᠯᠠᠭᠰᠠᠨ ᠨᠢ ᠨᠡᠶ᠋ᠢᠲᠡ ᠬᠡᠷᠡᠭᠯᠡᠭᠡᠨ ᠦ 6.3 % ᠡᠵᠡᠯᠡᠵᠦ ᠪᠠᠶ᠋ᠢᠨ᠎ᠠ᠃

ᠤᠰᠤᠨ ᠴᠠᠬᠢᠯᠭᠠᠨ ᠰᠲ᠋ᠠᠨ᠍ᠼ ᠦ᠋ᠨ ᠵᠢᠱᠢᠶ ‍ᠡ᠋᠄
ᠪᠠᠢᠢᠭᠠᠯ ᠨᠠᠭᠤᠷ ᠦ᠋ᠨ ᠡᠷᠭᠢ ᠳᠡᠭᠡᠷᠡᠬᠢ
ᠡᠷᠡᠬᠦᠦ ᠶ᠋ᠢᠨ ᠤᠰᠤᠨ ᠴᠠᠬᠢᠯᠭᠠᠨ ᠰᠲ᠋ᠠᠨ᠍ᠼ



Усан цахилгаан станц, УЦС, эрчим хүч Гидроэлектростанция, ГЭС, энергия, энергетика Hydropower station, energy sector

ᠡᠬᠢ ᠰᠤᠷᠪᠤᠯᠵᠢ[засварлах | кодоор засварлах]

ᠡᠭ ᠦᠨ ᠭᠣᠣᠯ ᠤᠨ ᠤᠰᠤᠨ ᠴᠠᠬᠢᠯᠭᠠᠨ ᠰᠲ᠋ᠠᠨ᠍ᠼ ᠲᠥᠰᠥᠯ