ᠤᠭᠤᠷᠠᠭ

Wikibilig-с

ᠤᠭᠤᠷᠠᠭ[засварлах | кодоор засварлах]

ᠮᠢᠶᠣᠭᠯᠣᠪᠢᠨ ᠤᠭᠤᠷᠠᠭ ᠤᠨ
ᠭᠤᠷᠪᠠᠨ ᠬᠡᠮᠵᠢᠶᠡᠰᠦᠲᠦ ᠵᠠᠭᠪᠤᠷᠴᠢᠯᠠᠯ᠃
ᠬᠥᠬᠡ ᠥᠩᠭᠡ ᠪᠡᠷ
ᠠᠯᠢᠹᠠ ᠮᠤᠰᠬᠢᠶ᠎ᠠ ᠶᠢ ᠦᠵᠦᠭᠦᠯᠪᠡᠢ᠃
ᠤᠭ ᠤᠭᠤᠷᠠᠭ ᠢ ᠡᠬᠢᠨ ‍ᠳᠡᠭᠡᠨ᠂
ᠷᠧᠨ᠍ᠲᠭᠧᠨ ᠴᠠᠴᠤᠷᠠᠭ ᠤᠨ ᠲᠠᠯᠠᠰᠲᠤᠭᠷᠠᠹᠢ
ᠠᠷᠭ᠎ᠠ ᠪᠠᠷ ᠪᠦᠲᠦᠴᠡ ᠶᠢ
ᠨᠡᠭᠡᠭᠡᠵᠦᠬᠦᠢ᠃ᠰᠠᠭᠠᠷᠠᠯ ᠥᠩᠭᠡ ᠪᠡᠷ
ᠾᠧᠮᠧ ᠬᠡᠰᠡᠭ ᠶᠢ ᠦᠵᠡᠭᠦᠯᠪᠡᠢ᠃


ᠤᠭᠤᠷᠠᠭ ᠨᠤᠭᠤᠳ ᠠᠨᠤ᠂ ᠨᠢᠭᠡ ᠪᠠ ᠲᠡᠭᠦᠨ᠎ᠡᠴᠡ ᠣᠯᠠᠨ ᠠᠮᠢᠨ ᠬᠦᠴᠢᠯ ᠦᠨ︱ᠬᠦᠴᠢᠯ ᠭᠢᠨᠵᠢ ᠦᠯᠡᠳᠡᠭᠳᠡᠯ ᠠᠭᠤᠯᠳᠠᠭ ᠲᠣᠮᠤ ᠪᠢᠣᠮᠣᠯᠧᠻᠦ᠋ᠯ ᠪᠤᠶᠤ ᠮᠠᠻᠷᠣᠮᠣᠯᠧᠻᠦ᠋ᠯ ᠠᠮᠤᠢ᠃
ᠤᠭᠤᠷᠠᠭ ᠪᠡᠶ᠎ᠡ ᠮᠠᠬᠠᠪᠤᠳ᠎ ‍ᠳᠣ ᠴᠢᠬᠤᠯ ᠡᠭᠦᠷᠭᠡᠲᠡᠢ  ᠶᠢ ᠵᠢᠰᠢᠶᠡᠯᠡᠪᠡᠰᠦ᠂ ᠪᠣᠳᠠᠰ ᠤᠨ ᠰᠣᠯᠢᠯᠴᠠᠭᠠᠨ ᠤ ᠤᠷᠪᠠᠯ ᠶᠢ ᠬᠤᠷᠳᠤᠰᠬᠠᠬᠤ ᠪᠤᠶᠤ ᠤᠳᠠᠭᠠᠰᠢᠷᠠᠭᠤᠯᠬᠤ᠂ DNA   ᠦ᠋ᠨ ᠨᠡᠶ᠋ᠢᠯᠡᠭᠵᠢᠯᠲᠡ᠂ ᠴᠣᠴᠢᠷᠠᠭᠠᠭᠴᠢ ᠳᠤ ᠬᠠᠷᠢᠭᠤ ᠦᠢᠯᠡᠳᠦᠯ ᠤᠵᠡᠭᠦᠯᠬᠦ᠂ ᠡᠰ ᠦᠨ ᠳᠣᠲᠤᠭᠠᠳᠤ ᠭᠠᠳᠠᠭᠠᠳᠤ ᠪᠠᠶ᠋ᠢᠳᠠᠯ ᠢ ᠬᠠᠳᠠᠭᠠᠯᠠᠬᠤ᠂ ᠪᠣᠳᠠᠰ ᠢ ᠵᠥᠭᠡᠭᠡᠬᠦ ᠵᠡᠷᠭᠡ ᠣᠯᠠᠨ ᠡᠭᠦᠷᠭᠡ ᠶᠢ ᠳᠤᠷᠠᠳᠤᠯᠲᠠᠢ᠂᠂
ᠭᠧᠨ᠌ ᠦ ᠨᠦ᠋ᠻᠯᠢᠶᠣᠲ᠋ᠢᠳ᠋ ᠦᠨ ᠳᠠᠷᠠᠭᠠᠯᠠᠯ ᠢᠢᠠᠷ ᠰᠢᠢᠳᠳᠡᠭ ᠠᠮᠢᠨ ᠬᠦᠴᠢᠯ ᠦᠨ ᠭᠢᠨᠵᠢ᠎᠎ᠡᠴᠡ ᠶᠡᠬᠡ ᠢᠯᠭᠠᠭᠠᠲᠠᠢ ᠶᠢ ᠲᠠᠶ᠋ᠢᠯᠠᠪᠤᠷᠢᠯᠠᠬᠤᠯ᠎ᠠ᠂ ᠤᠭᠤᠷᠠᠭ ᠠᠨᠤ ᠭᠤᠷᠪᠠᠨ ᠬᠡᠮᠵᠢᠶᠡᠰᠦᠲᠦ ᠣᠷᠣᠨ ᠵᠠᠢ᠎ ᠳᠤ ᠥᠪᠡᠷ ᠦᠨ ᠬᠡᠯᠪᠡᠷᠢᠲᠡᠢ ᠤᠴᠢᠷ᠃
ᠤᠭᠤᠷᠠᠭ ᠤᠨ ᠬᠡᠯᠪᠡᠷᠢ ᠢᠨᠤ ᠲᠤᠬᠠᠢ ᠶᠢᠨ ᢉᠦᠢᠴᠡᠳᢈᠡᢈᠦ ᠡᠭᠦᠷᠭᠡ ᠯᠦᠭᠡ ᠶᠡᠬᠡᠳᠡ ᠯᠡ ᠵᠣᠬᠢᠴᠠᠭᠰᠠᠨ ᠪᠠᠶ᠋ᠢᠮᠤᠢ᠃

ᠱᠤᠭᠤᠮ ᠰᠢᠯᠤᠭᠤᠨ ᠠᠮᠢᠨ ᠬᠦᠴᠢᠯ ᠦᠨ ᠭᠢᠨᠵᠢ ᠶᠢ ᠫᠣᠯᠢᠫᠧᠫᠲ᠋ᠢᠳ᠋ ᠭᠡᠮᠦᠢ᠃
ᠨᠢᠭᠡ ᠤᠭᠤᠷᠠᠭ ᠳᠣᠣᠷ ‍ᠠ᠋ ᠬᠠᠶᠠᠵᠤ ᠨᠢᠭᠡ ᠤᠷᠲᠤ ᠭᠢᠨᠵᠢ ᠠᠭᠤᠯᠤᠭᠰᠠᠨ ᠪᠠᠶ᠋ᠢᠳᠠᠭ᠃
ᠪᠣᠭᠤᠨᠢ ᠫᠣᠯᠢᠫᠧᠫᠲ᠋ᠢᠳ᠋ ᠢᠨᠤ 20-30 ᠦᠯᠡᠳᠡᠭᠳᠡᠯ ᠢ ᠠᠭᠤᠯᠬᠤ ᠠᠪᠴᠤ᠂ ᠡᠭᠦᠨ ᠢ ᠶᠡᠬᠡ ᠲᠥᠯᠦᠪ ᠤᠭᠤᠷᠠᠭ ᠭᠡᠵᠦ ᠦᠯᠡ ᠦᠵᠡᠳᠡᠭ ᠤᠴᠢᠷ᠂ ᠵᠦᠭᠡᠷ ᠯᠡ ᠫᠧᠫᠲ᠋ᠢᠳ᠋ ᠪᠤᠶᠤ ᠣᠯᠢᠭᠣᠫᠧᠫᠲ᠋ᠢᠳ᠋ ᠭᠡᠨ᠎ᠡ᠃
ᠠᠮᠢᠨ ᠬᠦᠴᠢᠯ ‍ᠦᠳ ᠥᠪᠡᠷ ᠬᠣᠭᠤᠷᠤᠨᠳᠤ ᠪᠠᠨ ᠫᠧᠫᠲ᠋ᠢᠳ᠋ ᠦᠨ ᠬᠣᠯᠪᠤᠭ᠎ᠠ ᠪᠠᠷ ᠬᠣᠯᠪᠤᠭᠳᠠᠨ᠎ᠠ᠃
ᠤᠭᠤᠷᠠᠭ ᠲᠤ ᠪᠠᠶ᠋ᠢᠬᠤ ᠠᠮᠢᠨ ᠬᠦᠴᠢᠯ ᠢ ᠭᠧᠨ᠌  ᠦ ᠳᠠᠷᠠᠭᠠᠯᠠᠯ ᠢᠯᠭᠠᠮᠳᠠᠭ ᠪᠤᠶᠤ ᠭᠧᠨ᠌  ᠦ ᠻᠣᠳ᠋ ᠢᠢᠠᠷ ᠵᠣᠬᠢᠴᠠᠭᠤᠯᠤᠮᠤᠢ᠃
ᠶᠡᠬᠡ ᠲᠥᠯᠦᠪ᠂ ᠮᠠᠬᠠᠪᠤᠳ᠎ ‍ᠳᠤ 20 ᠠᠮᠢᠨ ᠬᠦᠴᠢᠯ ᠢ ᠻᠣᠳ᠌ᠯᠠᠳᠠᠭ ᠭᠤᠷᠪᠠᠲᠤ ᠻᠣᠳ᠋ ᠪᠤᠢ᠃
ᠭᠡᠪᠡᠴᠦ ᠵᠠᠷᠢᠮ ᠻᠣᠳ᠋ ᠰᠧᠯᠸᠨᠣ᠋-ᠼᠢᠰᠲ᠋ᠧᠨ᠌ ᠢ ᠻᠣᠳ᠌ᠯᠠᠳᠠᠭ ᠪᠣᠯ᠂ ᠵᠠᠷᠢᠮ ᠤᠵᠤᠤᠷ ᠨᠢᠩ(ᠠᠷᠾᠧ) ᠳᠤ ᠫᠢᠷᠷᠣ᠋-ᠯᠢᠽᠢᠨ ᠪᠠᠶ᠋ᠢᠨᠠᠮ᠃