ᠪᠠᠷᠰᠪᠣᠯᠤᠳ᠂ ᠶᠦᠩᠰᠢᠶᠡᠪᠤ ᠷᠢᠨᠴᠡᠨ ᠊ᠦ

Wikibilig-с

ᠶᠦᠩᠰᠢᠶᠡᠪᠤ ᠷᠢᠨᠴᠡᠨ ‍ᠦ ᠪᠠᠷᠰᠪᠣᠯᠤᠳ[засварлах | кодоор засварлах]


ᠶᠦᠩᠰᠢᠶᠡᠪᠤ ᠷᠢᠨᠴᠡᠨ ‍ᠦ ᠪᠠᠷᠰᠪᠣᠯᠤᠳ

[1] s200_rinchen.barsbold.jpg

ᠲᠣᠪᠴᠢ ᠲᠠᠨᠢᠯᠴᠠᠭᠣᠯᠭ᠍ᠠ᠋
ᠲᠥᠷᠦᠭᠰᠡᠨ ᠣᠩᠨᠠᠭ᠍ᠠ᠋ 1935 ᠣᠨ ‍ᠦ 12 ᠰᠠᠷ᠎ ‍ᠠ᠋ ᠶ᠋ᠢᠨ 21
ᠲᠥᠷᠦᠭᠰᠡᠨ ᠭᠠᠴᠠᠷ ᠤᠯᠠᠭᠠᠨᠪᠠᠭᠠᠲᠤᠷ ᠬᠣᠲᠠ
ᠬᠠᠷᠢᠶᠠᠯᠠᠯ ᠪᠥᠭᠥᠳᠡ ᠨᠠᠢᠢᠷᠠᠮᠳᠠᠬᠣ ᠮᠣᠩᠭᠣᠯ ᠠᠷᠠᠳ ᠤᠯᠤᠰ
ᠮᠣᠩᠭᠤᠯ ᠤᠯᠤᠰ
ᠢᠳᠡᠪᠬᠢ ᠲᠡᠢ ᠣᠨ ᠵᠢᠯ ‍ᠥᠳ 1959 ᠣᠨ ᠡᠴᠡ
ᠰᠠᠯᠪᠣᠷᠢ ᠭᠧᠣᠯᠥᠭᠢ
ᠫᠠᠯᠧᠣᠨ᠍ᠲ᠋ᠣᠯᠣᠭᠢ
ᠪᠣᠯᠪᠠᠰᠣᠷᠠᠯ ᠮᠣᠰᠻᠸᠠ ᠶ᠋ᠢᠨ ᠭᠧᠣᠯᠣᠭᠢ ᠬᠠᠢᠢᠭᠤᠯ ᠦ᠋ᠨ ᠳᠡᠭᠡᠳᠦ ᠰᠤᠷᠭᠠᠭᠤᠯᠢ 1959 ᠣᠨ [1]
ᠪᠠᠢᠢᠭᠣᠯᠠᠯᠭ᠍ᠠ᠋ ᠰᠢᠨᠵᠢᠯᠡᠬᠦ ᠤᠬᠠᠭᠠᠨ ‍ᠦ ᠠᠻᠠᠳᠧᠮᠢ ᠶ᠋ᠢᠨ ᠭᠧᠣᠯᠣᠭᠢ ᠶ᠋ᠢᠨ ᠬᠦᠷᠢᠶᠡᠯᠡᠩ ᠦ᠋ᠨ ᠫᠠᠯᠧᠣᠨ᠍ᠲ᠋ᠯᠣᠭᠢ ᠶ᠋ᠢᠨ ᠲᠠᠰᠤᠭ ᠲᠤ ᠡᠷᠳᠡᠮ ᠰᠢᠨᠵᠢᠯᠡᠭᠡᠨ ‍ᠣ ᠠᠵᠢᠯᠲᠠᠨ (1965-1969 ᠣᠨ ᠳ᠋ᠤ)
ᠭᠧᠣᠯᠣᠭᠢ ᠶ᠋ᠢᠨ ᠬᠦᠷᠢᠶᠡᠯᠡᠩ ‍ᠦᠨ ᠰᠲ᠋ᠷᠠᠲ᠋ᠢᠭ᠋ᠷᠠᠫᠾᠢ-ᠫᠠᠯᠧᠣᠨ᠍ᠲ᠋ᠣᠯᠣᠭᠢ ᠶ᠋ᠢᠨ ᠰᠧᠻᠲ᠋ᠣᠷ ᠤᠨ ᠡᠷᠬᠢᠯᠡᠭᠴᠢ᠂ ᠵᠠᠬᠢᠷᠤᠯ (1969 ᠣᠨ ᠠᠴᠠ)
ᠫᠠᠯᠧᠣᠨ᠍ᠲ᠋ᠣᠯᠣᠭᠢ ᠶ᠋ᠢᠨ ᠲᠥᠪ ‍ᠦᠨ ᠵᠠᠬᠢᠷᠤᠯ (1998-2014)
ᠬᠣᠪᠢ ᠨᠡᠮᠡᠷᠢ ᠦᠯᠦᠭ ᠭᠦᠷᠪᠡᠯ ᠦ᠋ᠨ 15 ᠣᠵᠴᠢᠮ ᠲᠥᠷᠦᠯ ᠵᠦᠢᠯ ᠲᠣᠳᠤᠷᠬᠠᠢᠯᠠᠭᠰᠠᠨ
ᠨᠡᠭᠬᠡᠡᠯᠲᠡ ᠶ᠋ᠢᠨ ᠴᠢᠨᠠᠷ ᠲᠠᠢ ᠡᠷᠳᠡᠮ ᠰᠢᠨᠵᠢᠯᠡᠭᠡᠨ ‍ᠦ ᠠᠵᠢᠯ ᠦ᠋ᠳ
ᠵᠡᠷᠭᠡ/ᠴᠣᠯ ᠠᠻᠠᠳᠧᠮᠢᠴᠢ
ᠳ᠋ᠣᠻᠲ᠋ᠣᠷ
ᠠᠰᠢᠶ ‍ᠠ᠋ ᠶ᠋ᠢᠨ ᠦᠯᠦᠭ ᠭᠦᠷᠪᠡᠯ ᠰᠤᠳᠤᠯᠬᠤ ᠨᠡᠢᠢᠭᠡᠮᠯᠢᠭ ‍ᠦᠨ ᠲᠡᠷᠢᠭᠦᠨ
ᠱᠠᠩᠨᠠᠯ ᠲᠥᠷᠥ ‍ᠢᠢᠨ ᠱᠠᠩᠨᠠᠯ
ᠮᠣᠩᠭᠣᠯ ᠤᠯᠤᠰ ‍ᠤᠨ ᠰᠢᠨᠵᠢᠯᠡᠬᠦ ᠤᠬᠠᠭᠠᠨ ‍ᠤ ᠭᠠᠪᠢᠶᠠᠲᠤ ᠵᠢᠳᠬᠦᠯᠲᠡᠨ 2005 ᠣᠨ
ᠰᠡᠭᠡᠷ ᠨᠢᠷᠤᠭᠤᠲᠠᠨ ‍ᠤ ᠫᠠᠯᠧᠣᠨ᠍ᠲ᠋ᠣᠯᠣᠭᠢ ᠶ᠋ᠢᠨ ᠳᠡᠭᠡᠳᠦ ᠱᠠᠩᠨᠠᠯ ᠷᠣᠮᠧᠷ ᠪᠠ ᠰᠢᠮᠫᠴᠠᠨ ‍ᠤ ᠨᠡᠷᠡᠮᠵᠢᠲᠦ ᠱᠠᠩᠨᠠᠯ ᠠᠪᠤᠭᠰᠠᠨ ᠠᠰᠢᠶ᠎ᠠ ‍ᠢᠢᠨ ᠬᠣᠶᠠᠷ ᠳ᠋ᠠᠬᠢ ᠬᠦᠮᠦᠨ
ᠣᠷᠣᠰ ‍ᠤᠨ ᠰᠢᠨᠵᠢᠯᠡᠬᠦ ᠤᠬᠠᠭᠠᠨ ‍ᠤ ᠠᠻᠠᠳᠧᠮᠢ ‍ᠢᠢᠨ ᠬᠣᠶᠠᠷ ᠳ᠋ᠠᠬᠢ ᠭᠠᠳᠠᠭᠠᠳᠤ ᠭᠡᠰᠢᠭᠦᠨ
ᠳᠡᠯᠡᠬᠡᠢ ‍ᠢᠢᠨ ᠬᠥᠭᠵᠢᠵᠦ ᠪᠤᠢ ᠤᠯᠤᠰ ᠣᠷᠣᠨ ‍ᠤ ᠲᠥᠯᠥᠭᠡ ᠰᠢᠨᠵᠢᠯᠡᠬᠦ ᠤᠬᠠᠭᠠᠨ ‍ᠤ ᠠᠻᠠᠳᠧᠮᠢ ᠶ᠋ᠢᠨ ᠭᠡᠰᠢᠭᠦᠨ
ᠣᠷᠣᠰ ‍ᠤᠨ ᠬᠣᠯᠪᠣᠭᠠᠨ ‍ᠤ ᠤᠯᠤᠰ ‍ᠤᠨ ᠶᠡᠷᠦᠩᠬᠡᠢᠢᠯᠡᠭᠴᠢ ‍ᠢᠢᠨ ᠭᠠᠷ ‍ᠤᠨ ᠦᠰᠦᠭ ᠲᠡᠢ 《ᠬᠦᠨᠳᠦᠳᠬᠡᠯ》 ᠣᠳᠣᠨ 2012 ᠣᠨ


ᠨᠠᠮᠲᠠᠷ[засварлах | кодоор засварлах]

ᠦᠯᠦᠭ
ᠭᠦᠷᠪᠡᠯ ᠦ᠋ᠨ
ᠨᠢᠭᠡᠨ
ᠲᠥᠷᠦᠯ ‍ᠢ
Barsboldia
ᠬᠡᠮᠡᠨ
ᠨᠡᠷᠡᠢᠢᠳᠦᠭᠰᠡᠨ᠃
ᠳᠡᠭᠡᠳᠦ
ᠴᠡᠷᠡᠳ ᠦ᠋ᠨ
ᠭᠠᠯᠪᠠ᠂
70
ᠰᠠᠶ᠎ ‍ᠡ᠋
ᠵᠢᠯ ᠦ᠋ᠨ
ᠡᠮᠦᠨ᠎᠎ ‍ᠡ᠋

ᠠᠻᠠᠳᠧᠮᠢᠴᠢ᠂ ᠳ᠋ᠣᠻᠲ᠋ᠣᠷ ᠶᠦᠩᠰᠢᠶᠡᠪᠤ ᠷᠢᠨᠴᠢᠨ ‍ᠦ ᠪᠠᠷᠰᠪᠣᠯᠣᠳ 1935 ᠣᠨ ‍ᠤ 12 ᠰᠠᠷ᠎ ‍ᠠ᠋ ‍ᠢᠢᠨ 21  ᠳᠤ ᠤᠯᠠᠭᠠᠨᠪᠠᠭᠠᠲᠤᠷ ᠬᠣᠲᠠ ᠳ᠋ᠤ ᠲᠦᠷᠦᠭᠰᠡᠨ᠃ ᠪᠠᠷᠰᠪᠣᠯᠣᠳ ‍ᠤᠨ ᠠᠪᠤ᠂ ᠶᠡᠬᠡ ᠡᠷᠳᠡᠮᠲᠡᠨ ᠶᠦᠩᠰᠢᠶᠡᠪᠤ ᠪᠢ ∙ ᠷᠢᠨᠴᠢᠨ ᠨᠢ ᠲᠡᠭᠦᠨ ‍ᠢ 3 ᠨᠠᠰᠤ ᠲᠠᠢ ᠪᠠᠢᠢᠬᠤ ‍ᠳᠤ ᠤᠯᠤᠰ ᠲᠥᠷᠦ ‍ᠢᠢᠨ ᠬᠢᠯᠢᠰ ᠬᠡᠷᠡᠭ ‍ᠢᠢᠡᠷ ᠱᠣᠷᠣᠩ ‍ᠳ‍ᠤ ᠣᠷᠣᠵᠤ᠂ 8 ᠨᠠᠰᠤ ᠲᠠᠢ ᠪᠠᠢᠢᠬᠤ ‍ᠳᠤ ᠨᠢ ᠰᠤᠯᠠᠯᠠᠭᠳᠠᠵᠤ᠂ ᠡᠷᠭᠢᠨ ᠢᠷᠡᠭᠰᠡᠨ ᠪᠠᠢᠢᠨ᠌ᠠ᠋᠃
ᠪᠢ ∙ ᠷᠢᠨᠴᠢᠨ ‍ᠦ ᠭᠡᠷᠭᠡᠢ᠂ ᠪᠠᠷᠰᠪᠤᠯᠤᠳ ‍ᠤᠨ ᠡᠵᠢ ᠷᠠᠳᠨ᠌ᠠ᠋ 《ᠦᠨᠡᠨ》 ᠰᠣᠨᠢᠨ ‍ᠳᠤ ᠣᠷᠴᠢᠭᠤᠯᠤᠭᠴᠢ ᠬᠢᠳᠡᠭ᠂ ᠣᠷᠣᠰ᠂ ᠮᠣᠩᠭᠣᠯ ᠬᠡᠯᠡ ᠪᠡᠷ᠂ ᠪᠠᠰᠠ ᠦᠨᠳᠦᠰᠦᠨ ‍ᠦ ᠮᠣᠩᠭᠣᠯ ᠪᠢᠴᠢᠭ ᠶ᠋ᠢᠡᠷ ᠶ᠋ᠢᠡᠨ ᠰᠠᠢᠢᠬᠠᠨ ᠪᠢᠴᠢᠳᠡᠭ ᠪᠠᠢᠢᠵᠠᠢ᠃
ᠡᠵᠢ ᠨᠢ ᠬᠠᠮᠤᠭ ‍ᠤᠨ ᠬᠡᠴᠡᠭᠦᠬᠡᠨ 1930 ᠊ᠠᠳ ᠣᠨ ‍ᠤ ᠰᠡᠭᠦᠯᠴᠢ ᠪᠡᠷ ᠪᠠᠷᠰᠪᠣᠯᠣᠳ ᠪᠠ ᠲᠡᠭᠦᠨ ‍ᠦ ᠪᠠᠭ᠍ᠠ᠋ ᠡᠭᠡᠴᠢ ᠱᠢᠨᠵᠠ ᠳ᠋ᠤ ᠣᠷᠣᠰ ‍ᠤᠨ ᠰᠣᠩᠭᠣᠳᠠᠭ ᠤᠷᠠᠨ ᠵᠣᠬᠢᠶᠠᠯ ‍ᠤᠨ ᠨᠣᠮ ᠤᠩᠰᠢᠵᠤ ᠥᠭᠴᠦ ᠪᠠᠢᠢᠭᠰᠠᠨ᠂ ᠬᠡᠦᠬᠡᠳ ‍ᠦᠳ ᠶ᠋ᠢᠡᠨ ᠪᠣᠯᠪᠠᠰᠤᠷᠠᠭᠤᠯᠬᠤ ᠭᠡᠵᠦ ᠶᠡᠬᠡ ᠶ᠋ᠢ ᠬᠢᠭᠰᠡᠨ᠂ ᠦᠨᠡ ᠲᠡᠢ ᠬᠤᠪᠢ ᠨᠡᠮᠡᠷᠢ ᠣᠷᠣᠭᠤᠯᠤᠭᠰᠠᠨ ᠭᠡᠨ᠌ᠠ᠋᠃[2]
ᠪᠠᠷᠰᠪᠣᠯᠣᠳ ‍ᠢ 5 ᠨᠠᠰᠤ ᠲᠠᠢ ᠪᠠᠢᠢᠬᠤ ‍ᠳᠤ ᠡᠵᠢ ᠷᠠᠳᠨ᠌ᠠ᠋ ᠨᠢ ᠳᠡᠭᠦᠦ ᠶ᠋ᠢᠨ ᠶ᠋ᠢᠡᠨ ᠬᠠᠮᠲᠤ ᠪᠠᠷᠰᠪᠣᠯᠣᠳ ‍ᠤᠨ ᠡᠭᠡᠴᠢ ‍ᠳᠦ ᠣᠷᠣᠢ ᠶ᠋ᠢᠨ ᠴᠠᠭ ᠶ᠋ᠢᠠᠷ ᠣᠷᠣᠰ ᠬᠡᠯᠡ ᠵᠢᠭᠠᠳᠠᠭ ᠪᠠᠢᠢᠵᠠᠢ᠃
ᠪᠠᠷᠰᠪᠣᠯᠣᠳ ᠬᠠᠵᠠᠭᠤ ‍ᠳᠤ ᠨᠢ ᠰᠣᠨᠣᠰᠴᠤ ᠪᠠᠢᠢᠭᠠᠳ ᠣᠷᠣᠰ ᠬᠡᠯᠡ ᠰᠤᠷᠤᠭᠰᠠᠨ ᠪᠠᠢᠢᠨ᠌ᠠ᠋᠃ [3]
ᠪᠠᠭ᠍ᠠ᠋᠂ ᠵᠠᠯᠠᠭᠤ ᠨᠠᠰᠤᠨ ‍ᠳᠤ ᠨᠢ ᠪᠢ᠊ ∙ ᠷᠢᠨᠴᠢᠨ ᠬᠡᠦᠬᠡᠳ ‍ᠦᠳ ᠳ᠋ᠦ ᠪᠡᠨ 《ᠠᠵᠢᠯ ᠬᠥᠳᠡᠯᠮᠦᠷᠢ ᠬᠢᠬᠦ ᠶᠣᠰᠣᠲᠠᠢ᠂ ᠶᠡᠬᠡ ᠤᠩᠰᠢᠬᠤ ᠬᠡᠷᠡᠭᠲᠡᠢ》 ᠭᠡᠵᠦ ᠰᠤᠷᠭᠠᠳᠠᠭ ᠪᠠᠢᠢᠵᠠᠢ᠃
ᠪᠠᠰᠠ ᠦᠢᠯᠡᠳᠦᠯ ᠶ᠋ᠢᠡᠷ ᠶ᠋ᠢᠡᠨ ᠦᠯᠢᠭᠡᠷᠯᠡᠳᠡᠭ ᠪᠠᠢᠢᠵᠠᠢ᠃
ᠪᠠᠷᠰᠪᠣᠯᠣᠳ ᠬᠡᠦᠬᠡᠳ ᠠᠬᠤᠢ ‍ᠳᠤ ᠪᠠᠨ ᠠᠷᠠᠳ ‍ᠤᠨ ᠬᠤᠪᠢᠰᠬᠠᠯ ᠠᠴᠠ ᠡᠮᠦᠨ᠌ᠠ᠋ ᠮᠣᠩᠭᠣᠯ ‍ᠳᠤ ᠠᠵᠢᠯᠯᠠᠵᠤ ᠪᠠᠢᠢᠭᠰᠠᠨ ᠣᠷᠣᠰ ‍ᠤᠨ ᠠᠯᠳᠠᠷᠲᠤ ᠭᠧᠣᠯᠣᠭᠢᠴᠢ ᠣᠪᠷᠦ᠋ᠴᠧᠹ ᠦ᠋ᠨ ᠪᠢᠴᠢᠭᠰᠡᠨ ᠦᠯᠦᠭ ᠭᠦᠷᠪᠡᠯ ‍ᠦᠨ ᠲᠠᠯ ‍ᠠ᠋ ᠪᠠᠷ ᠬᠢ ᠰᠣᠨᠢᠷᠬᠠᠯ ᠲᠠᠢ ᠮᠠᠲ᠋ᠧᠷᠢᠶᠠᠯ ᠤᠩᠰᠢᠵᠤ ᠪᠠᠢᠢᠵᠠᠢ᠃
ᠲᠡᠭᠦᠨ ‍ᠢ 12 ᠨᠠᠰᠤ ᠲᠠᠢ ᠪᠠᠢᠢᠬᠤ ‍ᠳᠤ ᠵᠥᠪᠯᠡᠯᠲᠦ ‍ᠢᠢᠨ ᠫᠠᠯᠧᠣᠨ᠍ᠲ᠋ᠣᠯᠣᠭᠢᠴᠢ ᠶᠧᠹᠷᠧᠮᠣᠹ ᠪᠢ ∙ ᠷᠢᠨᠴᠡᠨ ‍ᠦ ‍ᠳᠦ ᠵᠣᠴᠢᠯᠠᠵᠤ ᠪᠠᠢᠢᠭᠰᠠᠨ ᠪᠠᠢᠢᠨ᠌ᠠ᠋᠃
ᠭᠡᠪᠡ ᠴᠦ ᠡᠳᠡᠭᠡᠷ ᠨᠢ ᠮᠡᠷᠭᠡᠵᠢᠯ ᠶ᠋ᠢᠡᠨ ᠰᠣᠩᠭᠣᠬᠤ ‍ᠳᠤ ᠨᠢ ᠬᠠᠷᠠᠬᠠᠨ ᠨᠥᠯᠦᠭᠡᠯᠡᠭᠡᠳᠦᠢ ᠪᠠᠢᠢᠨ᠌ᠠ᠋᠃
ᠷᠢ ∙ ᠪᠠᠷᠰᠪᠣᠯᠣᠳ 10 ᠳ᠋ᠤᠭᠠᠷ ᠠᠩᠭᠢ ᠪᠠᠨ ᠲᠡᠭᠦᠰᠬᠡᠭᠡᠳ ᠭᠧᠣᠯᠣᠭᠢᠴᠢ ᠪᠣᠯᠬᠣ ᠪᠠᠷ ᠰᠢᠢᠳᠦᠭᠰᠡᠨ ᠪᠠᠢᠢᠨ᠌ᠠ᠋᠃
ᠮᠣᠩᠭᠣᠯ ‍ᠳᠤ ᠭᠧᠣᠯᠣᠭᠢᠴᠢ ᠪᠠᠢᠢᠭᠠᠳᠦᠢ ᠦᠶ᠎‍ ‍ᠠ᠋ ‍ᠳᠦ ᠵ ∙ ᡀᠠᠮᠣᠰᠦ᠋ᠷᠦᠩ᠂ ᠷᠢ ∙ ᠪᠠᠷᠰᠪᠣᠯᠣᠳ ᠬᠣᠶᠠᠷ 1959 ᠣᠨ ‍ᠳᠤ ᠠᠩᠬ᠎‍ᠠ᠋ ᠭᠧᠣᠯᠣᠭᠢ ᠶ᠋ᠢᠨ ᠢᠨ᠍ᠵᠧᠨᠧᠷ ᠶ᠋ᠢᠡᠷ ᠲᠡᠭᠦᠰᠴᠦᠬᠦᠢ᠃
ᠷᠢ᠂ ᠪᠠᠷᠰᠪᠣᠯᠣᠳ Adasaurus᠂ Anserimimus᠂ Harpymimus᠂ Gallimimus᠂ Ingenia ᠵᠡᠷᠭᠡ 15 ᠣᠷᠴᠢᠮ ᠦᠯᠦᠭ ᠭᠦᠷᠪᠡᠯ ‍ᠦᠨ ᠲᠥᠷᠥᠯ ᠵᠦᠢᠯ ᠨᠡᠭᠡᠭᠡᠵᠦ᠂ ᠨᠡᠷ ᠎‍ᠡ᠋ ᠥᠭᠭᠦᠭᠰᠡᠨ ᠪᠠᠢᠢᠳᠠᠭ᠃
ᠷᠢ᠂ ᠪᠠᠷᠰᠪᠣᠯᠣᠳ ᠰᠣᠼᠢᠶᠠᠯᠢᠰᠲ᠋ ᠣᠷᠣᠨ ‍ᠤᠳ ‍ᠣᠨ ᠬᠦᠷᠢᠶᠡᠨ ‍ᠳᠦ ᠦᠯᠦᠭ ᠭᠦᠷᠪᠡᠯ ‍ᠦᠨ ᠰᠤᠳᠤᠯᠭ᠍ᠠ᠋ ᠪᠠᠷ ᠳ᠋ᠣᠻᠲ᠋ᠣᠷ ᠦ᠋ᠨ ᠵᠡᠷᠭᠡ ᠬᠠᠮᠠᠭᠠᠯᠠᠭᠰᠠᠨ ᠠᠩᠬᠠᠨ ‍ᠤ ᠡᠷᠳᠡᠮᠲᠡᠨ ᠪᠢᠯᠡ᠃
1990 ᠊ᠡᠳ ᠣᠨ ᠡᠴᠠ ᠫᠠᠯᠧᠣᠨ᠍ᠲ᠋ᠣᠯᠣᠭᠢ ᠶ᠋ᠢᠨ ᠣᠯᠳᠠᠪᠤᠷᠢ ᠬᠠᠤᠯᠢ ᠪᠤᠰᠤ ᠪᠠᠷ ᠣᠯᠪᠤᠷᠢᠯᠠᠬᠤ ᠨᠢ ᠶᠡᠬᠡᠰᠦᠭᠰᠡᠨ᠃
ᠡᠷᠲᠡᠨ ‍ᠦ ᠴᠢᠯᠠᠭᠤᠵᠢᠭᠰᠠᠨ ᠥᠨᠳᠡᠭᠡ ᠪᠡᠷ ᠶ᠋ᠢᠡᠨ ᠠᠯᠳᠠᠷ ᠲᠠᠢ ᠨᠤᠲᠤᠭ ‍ᠤᠨ ᠣᠷᠣᠰᠢᠨ ᠰᠠᠭᠤᠭᠴᠢᠳ ᠨᠢ ᠥᠪᠡᠷᠰᠡᠳ ᠶ᠋ᠢᠡᠨ ᠬᠠᠤᠯᠢ ᠪᠤᠰᠤ ᠪᠠᠷ ᠣᠯᠪᠤᠷᠢᠯᠠᠳᠠᠭ ᠪᠠᠢᠢᠵᠠᠢ᠃
ᠷᠢ᠂ ᠪᠠᠷᠰᠪᠣᠯᠣᠳ 《ᠲᠤᠬᠠᠢ ‍ᠢᠢᠨ ᠰᠤᠮᠤ ‍ᠢᠢᠨ ᠪᠦᠬᠦ ᠠᠢᠢᠯ ‍ᠳᠤ ᠴᠢᠯᠠᠭᠤᠵᠢᠭᠰᠠᠨ ᠥᠨᠳᠡᠭᠡ ᠪᠠᠢᠢᠨ᠌ᠠ᠋》 ᠭᠡᠰᠡᠨ ᠮᠡᠳᠡᠭᠡ ᠰᠣᠨᠣᠰᠤᠭᠠᠳ ᠲᠠᠩᠨᠠᠭᠤᠯ ‍ᠤᠨ ᠭᠠᠵᠠᠷ ‍ᠤᠨ ᠨᠢᠭᠡᠨ ᠬᠤᠷᠠᠩᠳᠠ ᠲᠠᠢ ᠠᠭᠤᠯᠵᠠᠵᠤ᠄ 《ᠳᠡᠭᠡᠳᠦ ᠭᠠᠵᠠᠷ ᠠ᠋ᠴᠠ ᠲᠣᠭᠲᠠᠭᠠᠯ ᠭᠠᠷᠭᠠᠭᠤᠯᠵᠤ᠂ ᠲᠠ ᠨᠠᠷ ‍ᠤᠨ ᠣᠷᠣᠯᠴᠠᠭ᠍ᠠ᠋ ᠲᠠᠢ ᠲᠡᠨᠳᠡᠬᠢ ‍ᠢᠢᠨ ᠠᠢᠢᠯ ‍ᠤᠳ ᠢ ᠨᠡᠩᠵᠢᠵᠦ ᠦᠵᠡᠮᠡᠷ ᠪᠠᠢᠢᠨ᠌ᠠ᠋᠃ ᠣᠯᠠᠨ ᠮᠢᠩᠭᠠᠨ ᠳ᠋ᠣᠯᠯᠠᠷ ‍ᠤᠨ ᠠᠰᠢᠭ ᠨᠢ ᠶᠠᠭᠠᠬᠢᠬᠤ ᠪᠤᠢ᠂ ᠡᠨᠡ ᠪᠣᠯ ᠪᠠᠢᠢᠭᠠᠯᠢ  ᠶ᠋ᠢᠨ ᠰᠣᠨᠢᠨ ᠦᠵᠡᠭᠳᠡᠯ ᠰᠢᠦ ᠳ᠋ᠡ᠃
ᠣᠶᠤᠲᠠᠨ ᠨᠤᠭᠤᠳ ᠳᠤᠷ ‍᠎‍ᠠ᠋ ᠪᠠᠷ ᠶ᠋ᠢᠠᠨ ᠬᠤᠳᠠᠯᠳᠤᠵᠤ᠂ ᠬᠢᠯᠢ ᠳᠠᠪᠠᠭᠤᠯᠵᠤ ᠪᠠᠢᠢᠨ᠌ᠠ᠋》 ᠭᠡᠬᠦ ᠳᠦ᠄
《ᠲᠠ ᠪᠣᠯᠪᠠᠰᠤᠷᠠᠯ ᠲᠠᠢ ᠬᠦᠮᠦᠨ ᠪᠠᠢᠢᠵᠤ 1930  ᠊ᠭᠠᠳ ᠣᠨ ‍ᠤ ᠦᠶ ‍ᠡ᠋ ‍ᠢᠢᠨ ᠵᠡᠭᠦᠨ ‍ᠦ ᠨᠤᠭᠤᠯᠤᠭ᠍ᠠ᠋ ᠰᠢᠭ᠂ ᠬᠠᠷ᠎ ‍ᠠ᠋᠂ ᠰᠢᠷ᠎ ‍ᠠ᠋ ᠹᠧᠣᠳᠠᠯ ‍ᠤᠨ ᠬᠥᠷᠥᠩᠭᠡ ᠬᠤᠷᠢᠶᠠᠶ᠎ ‍ᠠ᠋ ᠭᠡᠳᠡᠭ ᠲᠡᠢ ᠠᠳᠠᠯᠢ ᠵᠦᠢᠯ ᠶᠠᠷᠢᠬᠤ ᠶᠤᠮ》 ᠭᠡᠵᠦ ᠱᠣᠭᠣᠯᠠᠵᠤ ᠪᠠᠢᠢᠵᠡᠢ᠃
ᠣᠶᠤᠲᠠᠨ ᠪᠠᠢᠢᠲᠤᠭᠠᠢ ᠥᠨᠳᠦᠷ ᠲᠤᠰᠢᠶᠠᠯᠲᠠᠨ ᠬᠦᠷᠲᠡᠯ᠎ ‍ᠡ᠋ ᠦᠯᠦᠭ ᠭᠦᠷᠪᠡᠯ ‍ᠦᠨ ᠥᠨᠳᠡᠭᠡ ᠬᠤᠳᠠᠯᠳᠤᠵᠤ ᠪᠠᠢᠢᠭᠰᠠᠨ ‍ᠢ ᠷᠢ ∙ ᠪᠠᠷᠰᠪᠣᠯᠣᠳ ᠭᠠᠢᠢᠯᠢ ‍ᠢᠢᠨ ᠬᠢᠨ ᠡᠴᠠ ᠰᠣᠨᠣᠰᠤᠭᠠᠳ᠄
《ᠲᠠ ᠨᠠᠷ ᠶᠠᠭᠤ ‍‍ᠢᠢ ᠪᠠᠨ ᠬᠠᠷᠠᠵᠤ ᠪᠠᠢᠢᠳᠠᠭ ᠶᠤᠮ ᠪᠤᠢ》 ᠭᠡᠬᠦ ᠪᠡᠷ᠄
《ᠥᠨᠳᠦᠷ ᠴᠣᠯᠠ ᠲᠠᠢ ᠬᠦᠮᠦᠨ ‍ᠢ ᠶᠠᠭᠠᠬᠢᠬᠤ ᠪᠢᠯᠡ ᠳ᠋ᠡ》 ᠭᠡᠵᠦ ᠬᠠᠷᠢᠭᠤᠯᠵᠤ ᠪᠠᠢᠢᠵᠠᠢ᠃

ᠦᠯᠦᠭ ᠭᠦᠷᠪᠡᠯ ‍ᠦᠨ ᠮᠦᠽᠧᠢ ᠲᠡᠢ ᠪᠣᠯᠬᠤ ᠲᠠᠯ᠎ ‍ᠠ᠋ ᠪᠠᠷ ᠲᠥᠷᠦ ᠵᠠᠰᠠᠭ ᠲᠤ ᠪᠠᠨ ᠬᠠᠨᠳᠤᠬᠤ ‍ᠳᠤ ᠮᠣᠩᠭᠣᠯ ᠠᠷᠠᠳ ‍ᠤᠨ ᠬᠤᠪᠢᠰᠬᠠᠯᠲᠤ ᠨᠠᠮ ‍ᠤᠨ ᠲᠥᠪ ᠬᠣᠷᠢᠶᠠᠨ ‍ᠤ ᠳᠠᠷᠤᠭ᠍ᠠ᠋ ᠨᠢ ᠨᠢᠭᠡᠨ ᠬᠤᠷᠠᠯ ‍ᠤᠨ ᠦᠶ᠎ ‍ᠡ᠋ ᠪᠡᠷ᠄
《ᠬᠦᠢᠲᠡᠨ ᠬᠣᠰᠢᠭᠤ ᠲᠠᠢ ᠠᠮᠢᠲᠠᠨ ᠰᠤᠷᠲᠠᠯᠴᠢᠯᠠᠭᠠᠳ᠂ ᠪᠢᠴᠢᠭᠡᠳ ᠪᠠᠢᠢᠬᠤ ᠬᠡᠷᠡᠭ ᠪᠠᠢᠢᠨ᠌ᠠ᠋ ‍ᠤᠤ᠃
ᠬᠠᠷᠢᠨ ᠲᠡᠭᠦᠨ ‍ᠦ ᠣᠷᠣᠨ ‍ᠳᠤ ᠵᠥᠪᠯᠡᠯᠲᠦ ᠬᠣᠯᠪᠣᠭᠠᠲᠤ ᠤᠯᠤᠰ ‍ᠤᠨ ᠲᠤᠰᠠᠯᠠᠯᠴᠠ᠍ᠭ᠍ᠠ᠋ ᠲᠠᠢ ᠪᠠᠷᠢᠭᠰᠠᠨ ᠰᠦ᠋ᠨ᠂ ᠭᠤᠲᠤᠯ ‍ᠤᠨ ᠦᠢᠯᠡᠳᠪᠦᠷᠢ ‍ᠢᠢᠨ ᠲᠤᠬᠠᠢ ᠪᠢᠴᠢᠬᠦ ᠨᠢ ᠵᠦᠢ ᠲᠡᠢ》 ᠭᠡᠵᠦ ᠬᠡᠯᠡᠵᠦ ᠪᠠᠢᠢᠭᠰᠠᠨ ᠪᠠᠢᠢᠨ᠌ᠠ᠋᠃
ᠪᠠᠢᠢᠭᠠᠯᠢ ᠣᠷᠴᠢᠨ ‍ᠤ ᠲᠤᠬᠠᠢ ᠨᠡᠭᠡᠭᠡᠯᠲᠡ ‍ᠢᠢᠨ ᠬᠡᠮᠵᠢᠶᠡᠨ ‍ᠦ ᠦᠭᠦᠯᠡᠯ ‍ᠦᠳ ᠬᠡᠪᠯᠡᠳᠡᠭ 《Nature》 ᠬᠡᠮᠡᠬᠦ ᠠᠯᠳᠠᠷ ᠲᠠᠢ ᠰᠡᠳᠬᠦᠯ ‍ᠳᠦ ᠬᠦᠰᠡᠭᠰᠡᠨ ᠡᠷᠳᠡᠮᠲᠡᠨ ᠪᠦᠷᠢ ᠦᠭᠦᠯᠡᠯ ᠶ᠋ᠢᠡᠨ ᠬᠡᠪᠯᠡᠭᠦᠯᠬᠦ ᠪᠣᠯᠤᠮᠵᠢ ᠦᠭᠡᠢ᠃
ᠬᠠᠷᠢᠨ ᠷᠢ ∙ ᠪᠠᠷᠰᠪᠣᠯᠣᠳ ᠤᠭ ᠰᠡᠳᠬᠦᠯ ‍ᠳᠦ ᠳᠥᠷᠪᠡᠨ ᠤᠳᠠᠭ᠍ᠠ᠋ ᠮᠠᠲ᠋ᠧᠷᠢᠶᠠᠯ ᠶ᠋ᠢᠠᠨ ᠨᠡᠢᠢᠲᠡᠯᠡᠭᠦᠯᠵᠦ ᠪᠠᠢᠢᠪᠠ᠃
ᠲᠡᠷᠡ ᠪᠡᠷ ᠦᠯᠦᠭ ᠭᠦᠷᠪᠡᠯ ‍ᠦᠨ ᠰᠤᠳᠤᠯᠤᠯ ‍ᠳᠤ ᠬᠠᠮᠤᠭ ‍ᠤᠨ ᠶᠡᠬᠡ ᠬᠦᠯᠢᠶᠡᠭᠳᠡᠵᠦ ᠪᠠᠢᠢᠭᠰᠠᠨ᠂ ᠤᠷᠢᠳᠤ ᠨᠢ ᠮᠡᠳᠡᠬᠦ ᠠᠷᠭ᠍ᠠ᠋ ᠦᠭᠡᠢ ᠮᠡᠳᠡᠭᠡᠯᠡᠯ ᠠᠭᠤᠯᠠᠭᠰᠠᠨ᠂ ᠨᠡᠭᠡᠭᠡᠯᠲᠡ ‍ᠢᠢᠨ ᠬᠡᠮᠵᠢᠶᠡᠨ ‍ᠦ ᠥᠭᠦᠯᠡᠯ ᠬᠡᠪᠯᠡᠭᠦᠯᠵᠡᠢ᠃
ᠦᠭᠦᠯᠡᠯ ᠨᠢ 《Deinocheirus ᠦ᠋ᠨ ᠨᠢᠭᠤᠴᠠ ‍ᠢᠢ ᠲᠠᠢᠢᠯᠬᠤ ᠪᠣᠯᠤᠮᠵᠢ ᠣᠯᠳᠠᠯ᠎ ‍ᠠ᠋》 ᠭᠡᠰᠡᠨ ᠭᠠᠷᠴᠠᠭ ᠲᠠᠢ᠃ [4]

08-2.jpg
ᠠᠻᠠᠳᠧᠮᠢᠴᠢ ᠷᠢ᠊᠂ ᠪᠠᠷᠰᠪᠣᠯᠤᠳ 15 ᠣᠷᠴᠢᠮ ᠦᠯᠦᠭ ᠭᠦᠷᠪᠡᠯ ᠦ᠋ᠨ ᠠᠩᠭᠢᠯᠠᠯ ‍ᠢ ᠲᠣᠳᠤᠷᠬᠠᠢᠢᠯᠠᠭᠰᠠᠨ

ᠠᠵᠢᠯ ᠦᠢᠯᠡᠰ[засварлах | кодоор засварлах]

ᠠᠻᠠᠳᠧᠮᠢᠴᠢ᠂ ᠳ᠋ᠣᠻᠲ᠋ᠣᠷ ᠶᠦᠩᠰᠢᠶᠡᠪᠤ ᠷᠢᠨᠴᠡᠨ ‍ᠦ ᠪᠠᠷᠰᠪᠣᠯᠣᠳ ᠳᠡᠯᠡᠬᠡᠢ ‍ᠢᠢᠨ ᠫᠠᠯᠧᠣᠨ᠍ᠲ᠋ᠣᠯᠣᠭᠢ ᠶ᠋ᠢᠨ ᠰᠢᠨᠵᠢᠯᠡᠬᠦ ᠤᠬᠠᠭᠠᠨ ᠳ᠋ᠤ ᠦᠨᠡ ᠲᠡᠢ ᠬᠤᠪᠢ ᠨᠡᠮᠡᠷᠢ ᠪᠡᠨ ᠣᠷᠣᠭᠤᠯᠤᠭᠰᠠᠨ᠃
1965 ᠣᠨ ‍ᠳᠤ ᠮᠣᠩᠭᠣᠯ-ᠫᠣᠯᠠᠨ᠍ᠳ᠋ ‍ᠤᠨ ᠬᠠᠮᠲᠤᠷᠠᠭᠰᠠᠨ ᠡᠻᠰᠫᠧᠳᠢᠼ ᠡᠮᠦᠨᠡᠭᠣᠪᠢ ‍ᠢᠢᠨ ᠪᠦᠭᠡ ‍ᠢᠢᠨ ᠴᠠᠪᠠ ᠭᠡᠳᠡᠭ ᠬᠠᠪᠴᠢᠯ ᠡᠴᠠ ᠦᠯᠦᠭ ᠭᠦᠷᠪᠡᠯ ‍ᠦᠨ ᠤᠴᠢᠷ ᠪᠢᠲᠡᠭᠦᠯᠢᠭ᠂ ᠬᠣᠶᠠᠷ ᠮᠧᠲ᠋ᠧᠷ ᠣᠷᠴᠢᠮ ᠤᠷᠲᠤ ᠲᠠᠢ ᠬᠣᠶᠠᠷ ᠰᠠᠷᠪᠠᠭᠤ ᠣᠯᠤᠭᠰᠠᠨ᠃
ᠫᠣᠯᠠᠨ᠍ᠳ᠋ ᠦ᠋ᠨ ᠡᠷᠳᠡᠮᠲᠡᠳ ᠰᠢᠨ᠌ᠡ᠋ ᠣᠪᠤᠭ ᠭᠡᠵᠦ ᠰᠤᠳᠤᠯᠤᠭᠰᠠᠨ ᠴᠤ ᠭᠠᠪᠠᠯᠠ ‍ᠢᠢᠨ ᠶᠠᠰᠤ ᠪᠠᠢᠢᠬᠤ ᠦᠭᠡᠢ ᠡᠴᠡ ᠬᠡᠮᠵᠢᠶ᠎ ‍ᠡ᠋ ᠳᠠᠮᠵᠢᠶ᠎ ‍ᠡ᠋᠂ ᠰᠢᠳᠦ ᠲᠡᠢ ᠰᠢᠳᠦ ᠦᠭᠡᠢ᠂ ᠶᠠᠭᠤ ᠪᠠᠷ ᠬᠣᠭᠣᠯᠠᠯᠠᠳᠠᠭ ᠨᠢ ᠰᠠᠶᠢᠬᠠᠨ ‍ᠢ ᠬᠦᠷᠲᠡᠯ᠎ ‍ᠡ᠋ ᠮᠡᠳᠡᠬᠦ ᠠᠷᠭ᠍ᠠ᠋ ᠦᠭᠡᠢ ᠪᠠᠢᠢᠯ᠎ ‍ᠠ᠋᠃
ᠬᠡᠳᠦᠢ ᠬᠤᠯᠠᠭᠠᠢᠢᠴᠢᠳ ᠰᠦᠢᠳᠬᠡᠭᠰᠡᠨ ᠴᠤ ᠲᠤᠬᠠᠢ ‍ᠢᠢᠨ ᠦᠶ᠎ ‍ᠡ᠋ ‍ᠢᠢᠨ ᠰᠤᠶᠤᠯ᠂ ᠰᠫᠣᠷᠲ᠂ ᠠᠶᠠᠯᠠᠯ ᠵᠢᠭᠤᠯᠴᠢᠯᠠᠯ ‍ᠤᠨ ᠰᠠᠢᠢᠳ ᠴᠡ᠊ ∙ ᠣᠶᠤᠨᠭᠡᠷᠡᠯ ‍ᠦᠨ ᠲᠤᠰᠠᠯᠠᠮᠵᠢ ᠲᠠᠢ ᠲᠣᠯᠣᠭᠠᠢ ‍ᠢᠢ ᠨᠢ ᠪᠤᠴᠠᠭᠠᠵᠤ ᠠᠪᠤᠭᠰᠠᠨ᠃
ᠮᠢᠬᠠᠨ ᠢᠳᠡᠰᠢᠲᠡᠨ ᠭᠡᠵᠦ ᠣᠢᠢᠯᠠᠭᠠᠵᠤ ᠪᠠᠢᠢᠭᠰᠠᠨ ᠶ᠋ᠢᠠᠨ ᠡᠪᠡᠰᠦᠨ ᠢᠳᠡᠰᠢᠲᠡᠨ ᠪᠠᠢᠢᠵᠤ ᠪᠣᠯᠵᠣᠰᠢ ᠦᠭᠡᠢ ᠭᠡᠰᠡᠨ ᠳ᠋ᠦᠩᠨᠡᠯᠲᠡ ‍ᠳᠦ ᠬᠦᠷᠦᠭᠰᠡᠨ᠃
ᠢᠳᠡᠭᠰᠡᠨ ᠶ᠋ᠢᠡᠨ ᠮᠧᠻᠠᠨᠢᠭ ᠮᠠᠶᠢᠭ ᠶ᠋ᠢᠠᠷ ᠵᠢᠵᠢᠭᠯᠡᠳᠡᠭ ᠬᠣᠳᠣᠭᠣᠳᠣᠨ ‍ᠤ ᠴᠢᠯᠠᠭᠤ ᠡᠪᠡᠰᠦᠨ ᠢᠳᠡᠰᠢᠳᠦ ᠰᠢᠪᠠᠭᠤᠨ ‍ᠳᠤ ᠪᠠᠢᠢᠳᠠᠭ ᠶᠤᠮ᠃
ᠳᠧᠢᠨᠣᠬᠧᠢᠷᠦ᠋ᠰ Deinocheirus ᠲᠦ ᠪᠠᠢᠢᠭᠰᠠᠨ ᠬᠣᠳᠣᠭᠣᠳᠣᠨ ‍ᠤ ᠴᠢᠯᠠᠭᠤ ‍ᠢᠢ ᠬᠠᠷᠠᠭᠠᠳ ᠡᠪᠡᠰᠦᠨ ᠲᠡᠵᠢᠭᠡᠯᠲᠡᠨ ᠭᠡᠵᠦ ᠪᠣᠯᠬᠤ ᠪᠣᠯᠪᠠᠴᠤ ᠮᠢᠬᠠᠨ ᠢᠳᠡᠰᠢ ᠳᠦ ᠭᠡᠳᠡᠭ ᠨᠢ ᠬᠥᠳᠡᠯᠦᠰᠢ ᠦᠭᠡᠢ ᠪᠣᠯᠤᠭᠰᠠᠨ ᠪᠠᠲᠠᠷ ᠲᠠᠷᠪᠦᠽᠠᠸᠷTarbosaurus Bataar ‍ᠤᠨ ᠬᠣᠳᠣᠭᠣᠳᠣᠨ ᠡᠴᠠ ᠪᠠᠰᠠ ᠲᠡᠢᠢᠮᠦ ᠴᠢᠯᠠᠭᠤ ᠣᠯᠳᠠᠭᠰᠠᠨ᠃
[5]

ᠠᠻᠠᠳᠧᠮᠢᠴᠢ ᠷᠢ᠂ ᠪᠠᠷᠰᠪᠣᠯᠣᠳ ᠡᠷᠳᠡᠮ ᠰᠢᠨᠵᠢᠯᠡᠭᠡᠨ ‍ᠦ ᠠᠵᠢᠯ ᠶ᠋ᠢᠠᠷ ᠶ᠋ᠢᠠᠨ ᠭᠣᠪᠢ ‍ᠢᠢᠨ theropod (ᠠᠷᠠᠭᠠᠲᠠᠨ ᠬᠥᠯᠲᠦ) ᠭᠦᠷᠪᠡᠯ ᠦ᠋ᠨ ᠰᠤᠳᠤᠯᠭᠠᠨ ‍ᠤ ᠴᠢᠭᠯᠡᠯ ‍ᠳᠦ ᠲᠡᠷᠢᠭᠦᠯᠡᠬᠦ ᠡᠷᠳᠡᠮᠲᠡᠨ ᠪᠣᠯᠤᠭᠰᠠᠨ ᠪᠠ ᠳ᠋ᠣᠻᠲ᠋ᠣᠷ ‍ᠤᠨ ᠳ᠋ᠢᠰᠰᠧᠷᠲ᠋ᠠᠼᠢ ᠪᠠᠨ ᠡᠨᠡ ᠲᠥᠷᠦᠯ ‍ᠦᠨ ᠦᠯᠦᠭ ᠭᠦᠷᠪᠡᠯ ‍ᠦᠨ ᠴᠢᠭᠯᠡᠯ ᠶ᠋ᠢᠡᠷ ᠪᠢᠴᠢᠭᠰᠡᠨ ᠪᠢᠯᠡ᠃
ᠷᠢ᠂ ᠪᠠᠷᠰᠪᠣᠯᠣᠳ 1983 ᠣᠨ ‍ᠳᠤ theropod ᠦ᠋ᠨ ᠥᠭᠡᠷ᠎ ‍ᠡ᠋ ᠥᠭᠡᠷ᠎ ‍ᠡ᠋ ᠰᠠᠯᠪᠤᠷᠢ ᠨᠤᠭᠤᠳ ᠲᠤ ᠵᠥᠪᠬᠡᠨ ᠰᠢᠪᠠᠭᠤᠨ ‍ᠳᠤ ᠪᠠᠢᠢᠳᠠᠭ ᠭᠡᠵᠦ ᠦᠵᠡᠳᠡᠭ ᠪᠠᠢᠢᠭᠰᠠᠨ ᠥᠳᠥ ᠪᠤᠢ ᠪᠣᠯᠤᠭᠰᠠᠨ ‍ᠢ ᠢᠯᠡᠷᠡᠭᠦᠯᠦᠭᠰᠡᠨ ᠪᠠᠢᠢᠨ᠌ᠠ᠋᠃[6]
ᠲᠡᠷᠡ ᠪᠡᠷ ᠡᠨᠡᠬᠦ 《ᠰᠢᠪᠠᠭᠤᠵᠢᠯᠲᠠ ᠶ᠋ᠢᠨ》 ᠦᠷ᠎ ‍ᠡ᠋ ᠳᠦᠩ ‍ᠳᠦ theropod ᠦ᠋ᠨ ᠨᠢᠭᠡ ᠪᠤᠶᠤ ᠬᠡᠳᠦᠨ ᠰᠠᠯᠪᠤᠷᠢ ᠨᠢ ᠰᠢᠪᠠᠭᠤᠨ ‍ᠤ ᠡᠭᠦᠰᠪᠦᠷᠢ ᠪᠣᠯᠬᠤ ᠰᠢᠨᠵᠢ ᠲᠡᠮᠳᠡᠭ ‍ᠦᠳ ‍ᠢ ᠪᠤᠢ ᠪᠣᠯᠭᠠᠭᠰᠠᠨ ᠭᠡᠵᠦ ᠲᠣᠮᠢᠶᠠᠯᠠᠭᠰᠠᠨ ᠪᠠᠢᠢᠨ᠌ᠠ᠋᠃
ᠥᠳᠥ ᠪᠦᠬᠦᠢ ᠣᠯᠠᠨ ᠦᠯᠦᠭ ᠭᠦᠷᠪᠡᠯ ‍ᠢ 1990 ᠊ᠭᠡᠳ ᠣᠨ ‍ᠤ ᠰᠡᠭᠦᠯᠴᠢ ᠪᠡᠷ ᠲᠣᠳᠣᠷᠬᠠᠢᠢᠯᠠᠭᠰᠠᠨ ᠡᠴᠠ ᠬᠣᠢᠢᠰᠢ ᠪᠠᠷᠰᠪᠣᠯᠣᠳ ‍ᠤᠨ ᠰᠠᠨᠠᠯ ᠪᠦᠷ ᠴᠤ ᠢᠯᠡᠭᠦᠦ ᠳᠡᠮᠵᠢᠯᠭᠡ ᠠᠪᠳᠠᠭ ᠪᠣᠯᠪᠠ᠃
ᠠᠩᠬ᠎ ‍ᠠ᠋ 1983 ᠣᠨ ‍ᠳᠤ ᠦᠯᠦᠭ ᠭᠦᠷᠪᠡᠯ ‍ᠦᠨ ᠠᠨᠠᠲ᠋ᠣᠮᠢ ᠶ᠋ᠢᠨ ᠨᠡᠢᠢᠲᠡᠯᠢᠭ ᠬᠠᠴᠢᠷᠬᠠᠯ ᠲᠠᠢ ᠰᠢᠨᠵᠢ ᠨᠤᠭᠦᠳ ‍ᠦᠨ ᠪᠦᠷᠢᠳᠬᠡᠯ᠂ ᠳ᠋ᠦᠩᠨᠡᠯᠲᠡ ᠪᠡᠨ ᠨᠡᠢᠢᠲᠡᠯᠡᠬᠦ ᠦᠶ᠎ ‍ᠡ᠋ ‍ᠳᠦ ᠮᠣᠩᠭᠣᠯ ‍ᠤᠨ ᠪᠠ ᠥᠷᠥᠨ᠌ᠠ᠋ ‍ᠢᠢᠨ ᠡᠷᠳᠡᠮ ᠰᠢᠨᠵᠢᠯᠡᠭᠡᠨ ‍ᠦ ᠬᠦᠷᠢᠶᠡᠨ ‍ᠦ ᠬᠢᠨ ‍ᠦ ᠬᠣᠭᠣᠷᠣᠨᠳᠣ ᠬᠠᠷᠢᠯᠴᠠᠭ᠍ᠠ᠋ ᠲᠤᠢᠢᠯ ‍ᠤᠨ ᠰᠤᠯᠠ ᠪᠠᠢᠢᠭᠰᠠᠨ ᠪᠢᠯᠡ᠃
ᠲᠡᠷᠡ ᠦᠶ᠎ ‍ᠡ᠋ ‍ᠢᠢᠨ ᠷᠢ᠂ ᠪᠠᠷᠰᠪᠣᠯᠣᠳ ‍ᠤᠨ ᠨᠡᠢᠢᠲᠡᠯᠡᠯ ‍ᠦᠳ ᠶᠡᠬᠡᠪᠴᠢᠯᠡᠨ ᠣᠷᠣᠰ ᠬᠡᠯᠡ ᠪᠡᠷ ᠨᠡᠢᠢᠲᠡᠯᠡᠭᠳᠡᠵᠦ ᠪᠠᠢᠢᠭᠰᠠᠨ ᠪᠠ ᠣᠷᠣᠰ ᠬᠡᠯᠡ ᠮᠡᠳᠡᠳᠡᠭ ᠥᠷᠥᠨ᠌ᠠ᠋ ‍ᠢᠢᠨ ᠡᠷᠳᠡᠮᠲᠡᠳ ᠲᠤᠩ ᠴᠥᠭᠡᠨ ᠶᠤᠮ᠃

ᠮᠣᠩᠭᠣᠯ ‍ᠤᠨ ᠭᠧᠣᠯᠣᠭᠢ ᠶ᠋ᠢᠨ ᠰᠢᠨᠵᠢᠯᠡᠬᠦ ᠤᠬᠠᠭᠠᠨ ‍ᠤ 30-60 ᠭᠠᠷᠤᠢ ᠵᠢᠯ ‍ᠦᠨ ᠰᠤᠳᠤᠯᠭᠠᠨ ‍ᠤ ᠮᠠᠲ᠋ᠧᠷᠢᠶᠠᠯ ‍ᠢ ᠨᠢᠭᠡᠳᠬᠡᠵᠦ᠂ 53 ᠡᠷᠳᠡᠮᠲᠡᠨ 8 ᠪᠣᠲᠢ ᠪᠦᠲᠦᠭᠡᠯ ᠭᠠᠷᠭᠠᠬᠤ ᠪᠠᠷ 2009-2012 ᠣᠨ ‍ᠳᠤ ᠬᠠᠮᠲᠤᠷᠠᠵᠤ ᠠᠵᠢᠯᠯᠠᠭᠰᠠᠨ᠃
ᠡᠳᠡᠭᠡᠷ 8 ᠪᠣᠲᠢ ‍ᠳᠤ ᠭᠧᠣᠯᠣᠭᠢ ᠶ᠋ᠢᠨ ᠮᠠᠰᠢ ᠶᠡᠬᠡ ᠮᠠᠲ᠋ᠧᠷᠢᠶᠠᠯ ᠴᠤᠭᠯᠠᠷᠠᠭᠰᠠᠨ᠃
ᠷᠢ ∙ ᠪᠠᠷᠰᠪᠣᠯᠣᠳ 《ᠫᠠᠯᠧᠣᠨ᠍ᠲ᠋ᠣᠯᠣᠭᠢ》 ᠡᠷᠲᠡᠨ ‍ᠦ ᠤᠷᠭᠤᠮᠠᠯ ᠪᠠ ᠠᠮᠢᠲᠠᠨ ᠰᠤᠳᠤᠯᠤᠯ ‍ᠤᠨ ᠴᠢᠭᠯᠡᠯ ᠶ᠋ᠢᠡᠷ ᠬᠢ 2 ᠳ᠋ᠤᠭᠠᠷ ᠪᠣᠲᠢ ‍ᠢᠢ ᠪᠢᠴᠢᠭᠰᠡᠨ᠃[7]
ᠠᠻᠠᠳᠧᠮᠢᠴᠢ ᠷᠢ᠂ ᠪᠠᠷᠰᠪᠣᠯᠣᠳ ‍ᠤᠨ ᠰᠤᠳᠤᠯᠭᠠᠨ ‍ᠤ ᠦᠨᠳᠦᠰᠦᠨ ᠴᠢᠭᠯᠡᠯ ᠨᠢ ᠮᠢᠬᠠᠨ ᠢᠳᠡᠰᠢᠳᠦ ᠦᠯᠦᠭ ᠭᠦᠷᠪᠡᠯ ‍ᠦᠳ᠂ ᠠᠩᠭᠢᠯᠠᠯ᠂ ᠲᠢᠢᠪ ᠬᠣᠭᠣᠷᠣᠨᠳᠣ ‍ᠢᠢᠨ ᠬᠣᠯᠪᠣᠭ᠍ᠠ᠋ ᠬᠠᠷᠢᠯᠴᠠᠭ᠍ᠠ᠋᠂ ᠲᠡᠦᠬᠡᠨ ᠬᠥᠭᠵᠢᠯ᠂ ᠴᠡᠷᠡᠳ ᠦ᠋ᠨ ᠭᠠᠯᠪᠠ ᠶ᠋ᠢᠨ ᠳᠠᠪᠬᠤᠷᠭ᠍ᠠ᠋ ᠵᠦᠢ᠂ ᠡᠷᠲᠡᠨ ‍ᠦ ᠭᠠᠵᠠᠷ ᠵᠦᠢ ‍ᠢᠢᠨ ᠰᠤᠳᠤᠯᠭ᠍ᠠ᠋ ᠶᠠᠪᠤᠭᠤᠯᠳᠠᠭ᠃
1965-1969 ᠣᠨ ‍ᠤ ᠬᠣᠭᠣᠷᠣᠨᠳᠣ ᠰᠢᠨᠵᠢᠯᠡᠬᠦ ᠤᠬᠠᠭᠠᠨ ‍ᠤ ᠠᠻᠠᠳᠧᠮᠢ ᠶ᠋ᠢᠨ ᠪᠢᠣᠯᠣᠭᠢ ‍ᠢᠢᠨ ᠬᠦᠷᠢᠶᠡᠯᠡᠩ ‍ᠦᠨ ᠫᠠᠯᠧᠣᠨ᠍ᠲ᠋ᠣᠯᠣᠭᠢ ᠶ᠋ᠢᠨ ᠲᠠᠰᠤᠭ ‍ᠤᠨ ᠡᠷᠳᠡᠮ ᠰᠢᠨᠵᠢᠯᠡᠭᠡᠨ ‍ᠦ ᠠᠵᠢᠯᠲᠠᠨ᠂ 1969 ᠣᠨ ᠡᠴᠠ ᠭᠧᠣᠯᠣᠭᠢ ᠶ᠋ᠢᠨ ᠬᠦᠷᠢᠶᠡᠯᠡᠩ ‍ᠦᠨ ᠰᠲ᠋ᠷᠠᠲ᠋ᠢᠭ᠋ᠷᠠᠫᠾᠢ-ᠫᠠᠯᠧᠣᠨ᠍ᠲ᠋ᠣᠯᠣᠭᠢ ᠶ᠋ᠢᠨ ᠰᠧᠻᠲ᠋ᠣᠷ ‍ᠤᠨ ᠡᠷᠬᠢᠯᠡᠭᠴᠢ᠂ ᠵᠠᠬᠢᠷᠤᠯ᠂ 1998-2014 ᠣᠨ ‍ᠳᠤ ᠫᠠᠯᠧᠣᠨ᠍ᠲ᠋ᠣᠯᠣᠭᠢ ᠶ᠋ᠢᠨ ᠲᠥᠪ ‍ᠦᠨ ᠵᠠᠬᠢᠷᠤᠯ ᠦ᠋ᠨ ᠠᠵᠢᠯ ‍ᠤᠳ ‍ᠢ ᠬᠠᠰᠢᠵᠤ ᠪᠠᠢᠢᠭᠰᠠᠨ᠃
ᠷᠢ᠂ ᠪᠠᠷᠰᠪᠣᠯᠣᠳ 1991 ᠣᠨ ‍ᠳᠤ ᠮᠣᠩᠭᠣᠯ ᠤᠯᠤᠰ ‍ᠤᠨ ᠰᠢᠨᠵᠢᠯᠡᠬᠦ ᠤᠬᠠᠭᠠᠨ ‍ᠤ ᠠᠻᠠᠳᠧᠮᠢ ᠶ᠋ᠢᠨ ᠭᠡᠰᠢᠭᠦᠨ᠂ 2005 ᠣᠨ ‍ᠳᠤ ᠮᠣᠩᠭᠣᠯ ᠤᠯᠤᠰ ‍ᠤᠨ ᠰᠢᠨᠵᠢᠯᠡᠬᠦ ᠤᠬᠠᠭᠠᠨ ‍ᠤ ᠭᠠᠪᠢᠶᠠᠲᠤ ᠵᠢᠳᠬᠦᠯᠲᠡᠨ ᠪᠣᠯᠤᠭᠰᠠᠨ᠃
2002 ᠣᠨ ‍ᠳᠤ ᠬᠥᠭᠵᠢᠵᠦ ᠪᠤᠢ ᠤᠯᠤᠰ ᠣᠷᠣᠨ ‍ᠤ ᠰᠢᠨᠵᠢᠯᠡᠬᠦ ᠤᠬᠠᠭᠠᠨ ‍ᠤ ᠠᠻᠠᠳᠧᠮᠢ ᠶ᠋ᠢᠨ (TWAS) ᠭᠡᠰᠢᠭᠦᠨ᠂ 2009 ᠣᠨ ‍ᠳᠤ ᠣᠷᠣᠰ ᠤᠯᠤᠰ ‍ᠤᠨ ᠪᠠᠢᠢᠭᠠᠯᠢ ‍ᠢᠢᠨ ᠰᠢᠨᠵᠢᠯᠡᠬᠦ ᠤᠬᠠᠭᠠᠨ ‍ᠤ ᠠᠻᠠᠳᠧᠮᠢ ᠶ᠋ᠢᠨ ᠭᠡᠰᠢᠭᠦᠨ᠂ 2012 ᠣᠨ ‍ᠳᠤ ᠣᠷᠣᠰ ᠤᠯᠤᠰ ‍ᠤᠨ ᠰᠢᠨᠵᠢᠯᠡᠬᠦ ᠤᠬᠠᠭᠠᠨ ‍ᠤ ᠠᠻᠠᠳᠧᠮᠢ ᠶ᠋ᠢᠨ ᠭᠠᠳᠠᠭᠠᠳᠤ ᠭᠡᠰᠢᠭᠦᠨ ᠪᠣᠯᠤᠭᠰᠠᠨ᠃
2016 ᠣᠨ ‍ᠳᠤ ᠣᠯᠠᠨ ᠤᠯᠤᠰ ‍ᠤᠨ ᠰᠡᠭᠡᠷ ᠨᠢᠷᠤᠭᠤᠲᠠᠨ ‍ᠤ ᠫᠠᠯᠧᠣᠨ᠍ᠲ᠋ᠣᠯᠣᠭᠢ ᠶ᠋ᠢᠨ ᠨᠡᠢᠢᠭᠡᠮᠯᠢᠭ ᠡᠴᠡ ᠨᠡᠷ᠎ ‍ᠡ᠋ ᠬᠦᠨᠳᠦ ᠲᠡᠢ ᠱᠠᠩᠨᠠᠯ ᠬᠦᠷᠲᠡᠭᠰᠡᠨ ᠪᠥᠭᠡᠳ 2018 ᠣᠨ ‍ᠳᠤ ᠲᠥᠷᠥ ‍ᠢᠢᠨ ᠰᠣᠶᠣᠷᠬᠠᠯ ᠬᠦᠷᠲᠡᠭᠰᠡᠨ ᠪᠢᠯᠡ᠃
ᠲᠡᠷᠡᠪᠡᠷ ᠳᠡᠯᠡᠬᠡᠢ ‍ᠢᠢᠨ ᠫᠠᠯᠧᠣᠨ᠍ᠲ᠋ᠣᠯᠣᠭᠢ ᠶ᠋ᠢᠨ ᠰᠠᠯᠪᠤᠷᠢ ‍ᠢᠢᠨ ᠰᠢᠯᠢᠳᠡᠭ 10 ᠡᠷᠳᠡᠮᠲᠡᠨ ‍ᠦ ᠲᠣᠭᠠᠨ ‍ᠳᠤ ᠵᠦᠢ ᠶᠣᠰᠣ ᠪᠠᠷ ᠪᠠᠭᠲᠠᠳᠠᠭ ᠶᠤᠮ᠃

ᠡᠭᠦᠷ ᠲᠦ ᠪᠡᠨ
ᠪᠤᠢ
Conchoraptor᠂
ᠳᠡᠭᠡᠳᠦ
ᠴᠡᠷᠡᠳ ᠦ᠋ᠨ
ᠭᠠᠯᠪᠠ᠂
66-70
ᠰᠠᠶ᠎ ‍ᠡ᠋
ᠵᠢᠯ ᠦ᠋ᠨ
ᠡᠮᠦᠨ᠎᠎ ‍ᠡ᠋

ᠰᠤᠳᠤᠯᠭ᠍ᠠ᠋ ᠰᠢᠨᠵᠢᠯᠡᠭᠡ ᠎[засварлах | кодоор засварлах]

ᠲᠣᠳᠣᠷᠬᠠᠢᠢᠯᠠᠭᠰᠠᠨ ᠦᠯᠦᠭ ᠭᠦᠷᠪᠡᠯ ‍ᠦᠨ ᠲᠥᠷᠥᠯ ᠵᠦᠢᠯ ‍ᠦᠳ᠄

  • Gallimimus (H. Osmólska᠂ E. Roniewicz ᠨᠠᠷ ᠦ᠋ᠨ ᠬᠠᠮᠲᠤ 1972)
  • Oviraptoridae ᠣᠪᠤᠭ (1976)
  • Segnosauria ᠳᠡᠳ᠋ ᠪᠠᠭ (ᠫᠡᠷᠯᠡᠢ ᠶ᠋ᠢᠨ ᠬᠠᠮᠲᠤ᠂ 1980)᠂ ᠡᠳᠦᠭᠡ Therizinosauria ᠭᠡᠳᠡᠭ ᠲᠦ ᠪᠠᠭᠲᠠᠨ ᠣᠷᠤᠭᠰᠠᠨ
  • Ingeniinae ᠳᠡᠳ᠋ ᠣᠪᠤᠭ (1981)
  • Garudimimus᠂ Garudimimidae ᠣᠪᠤᠭ (1981)
  • "Ingenia" (1981) (ᠡᠳᠦᠭᠡ Ajancingenia ᠪᠣᠯᠤᠭᠰᠠᠨ)
  • Adasaurus (1983)
  • Enigmosauridae ᠣᠪᠤᠭ (1983) (ᠡᠳᠦᠭᠡ ᠬᠡᠷᠡᠭᠯᠡᠳᠡᠭ ᠦᠭᠡᠢ)
  • Enigmosaurus (ᠫᠡᠷᠯᠡᠢ ᠶ᠋ᠢᠨ ᠬᠠᠮᠲᠤ᠂ 1983)
  • Harpymimus᠂ Harpymimidae ᠣᠪᠤᠭ (ᠫᠡᠷᠯᠡᠢ ᠶ᠋ᠢᠨ ᠬᠠᠮᠲᠤ᠂ 1984)
  • Conchoraptor (1986)
  • Anserimimus (1988)
  • Rinchenia ᠲᠥᠷᠦᠯ᠂ Rinchenia mongoliensis ᠵᠦᠢᠯ (1997)

ᠮᠥᠨ ᠠᠻᠠᠳᠧᠮᠢᠴᠢ ᠷᠢ᠂ ᠪᠠᠷᠰᠪᠣᠯᠣᠳ ᠦ᠋ᠨ ᠨᠡᠷ ‍ᠡ᠋ ᠪᠡᠷ Barsboldia ᠲᠥᠷᠦᠯ ‍ᠢ ᠨᠡᠷᠡᠯᠡᠵᠡᠢ (Maryańska᠂ Osmólska, 1981)᠃

Gallimimus,
ᠳᠡᠭᠡᠳᠦ
ᠴᠡᠷᠡᠳ ᠦ᠋ᠨ
ᠭᠠᠯᠪᠠ᠂
70
ᠰᠠᠶ᠎ ‍ᠡ᠋
ᠵᠢᠯ ᠦ᠋ᠨ
ᠡᠮᠦᠨ᠎᠎ ‍ᠡ᠋
 ‍

ᠭᠡᠷ ᠪᠦᠯᠢ[засварлах | кодоор засварлах]

ᠷᠢ᠂ ᠪᠠᠷᠰᠪᠣᠯᠣᠳ ᠦ᠋ᠨ ᠡᠬᠡᠨᠡᠷ ᠪᠠᠯᠧᠲᠮᠧᠢᠰᠲ᠋ᠧᠷ ᠠ᠊ ∙ ᠸ ∙ ᠬᠠᠪᠠᠶᠸᠸᠠ᠃
ᠬᠦᠦ ᠪᠠ᠂ ᠯᠢᠬᠳᠡᠨ ᠨᠢ ᠰᠢᠨᠵᠢᠯᠡᠬᠦ ᠤᠬᠠᠭᠠᠨ ‍ᠤ ᠠᠻᠠᠳᠧᠮᠢ ᠶ᠋ᠢᠨ ᠫᠠᠯᠧᠣᠨ᠍ᠲ᠋ᠣᠯᠣᠭᠢ ᠭᠧᠣᠯᠣᠭᠢ ᠶ᠋ᠢᠨ ᠬᠦᠷᠶᠡᠯᠡᠩ ᠳ᠋ᠦ ᠠᠵᠢᠯᠯᠠᠳᠠᠭ᠂ ᠪᠠ᠂ ᠳᠡᠨᠵᠢᠨ ᠨᠢ ᠤᠷᠠᠨ ᠵᠢᠷᠤᠭᠠᠴᠢ᠂ ᠪᠠᠷᠢᠮᠠᠯᠴᠢᠨ᠃

ᠲᠦᠯᠬᠢᠭᠦᠷ ᠦᠭᠡᠰ[засварлах | кодоор засварлах]

академич, доктор Ринчений Барсболд
палеонтологи
палеонтологич
геологи
геологич
үлэг гүрвэл
академик, доктор Барсболд Ринчений
палеонтология
палеонтолог
геология
геолог
динозавры
academician, doctor Barsbold Rinchenii
paleontology
paleontologist
geology
geologist
dinosaurs

ᠡᠬᠢ ᠰᠤᠷᠪᠤᠯᠵᠢ[засварлах | кодоор засварлах]