ᠪᠥᠬᠡᠩ

Wikibilig-с
Файл:Mongolia Saiga tatarica.jpg
ᠪᠥᠬᠡᠩ ᠭᠣᠪᠢ ᠨᠤᠲᠤᠭ ᠲᠤ



ᠪᠥᠬᠡᠩ
ᠰᠢᠩᠵᠢᠯᠡᠬᠦ ᠤᠬᠠᠭᠠᠨ ᠊ᠤ ᠠᠩᠭᠢᠯᠠᠯ
ᠠᠢᠢᠮᠠᠭ ᠠᠮᠢᠲᠠᠨ
ᠬᠦᠷᠢᠶ ᠊ᠡ᠋ ᠬᠥᠪᠴᠢᠲᠡᠨ
ᠠᠩᠬᠢ ᠬᠥᠬᠦᠲᠡᠨ
ᠪᠠᠭ ᠲᠤᠷᠤᠭᠤᠲᠠᠨ
ᠣᠪᠤᠭ ᠲᠤᠭᠤᠯᠮᠠᠶᠢᠲᠠᠨ ‍ᠤ ᠬᠢᠨ (Bovidae)
ᠲᠥᠷᠦᠯ Saiga (ᠪᠥᠬᠦᠩ)
ᠵᠦᠢᠯ S. tatarica mongolica
ᠯᠠᠲ᠋ᠢᠨ᠍ ᠨᠡᠷ ᠊ᠡ᠋
Saiga tatarica mongolica

(Bannikov, 1946)



ᠪᠥᠬᠡᠩ ᠶ᠋ᠢ ᠰᠤᠳᠤᠯᠤᠭᠠᠴᠢᠳ Saiga tatarica (Linnaeus, 1766) ᠳ᠋ᠤ ᠬᠠᠮᠢᠶᠠᠷᠠᠭᠤᠯᠵᠤ ᠰᠣᠷᠭᠤᠭ ᠪᠥᠬᠡᠩ (Saiga tatarica tatarica, Linnaeus, 1766)᠂ ᠮᠣᠩᠭᠣᠯ ᠪᠥᠬᠡᠩ (Saiga tatarica mongolica, Bannikov, 1946) ᠭᠡᠰᠡᠨ ᠬᠣᠶᠠᠷ ᠰᠠᠯᠪᠤᠷᠢ ᠵᠦᠢᠯ ᠳ᠋ᠦ ᠬᠤᠪᠢᠶᠠᠵᠤ ᠦᠵᠡᠳᠡᠭ ᠪᠠᠢᠢᠭᠰᠠᠨ ᠪᠣᠯᠪᠠᠴᠤ ᠰᠡᠭᠦᠯ ᠦ᠋ᠨ ᠦᠶ ‍ᠡ᠋ ᠳ᠋ᠦ ᠮᠣᠩᠭᠣᠯ ᠦ᠋ᠨ ᠤᠨᠠᠭᠠᠨ ᠵᠦᠢᠯ ᠪᠣᠯᠬᠤ ᠮᠣᠩᠭᠣᠯ ᠪᠥᠬᠡᠩ ᠶ᠋ᠢ ᠪᠡᠶ ‍ᠡ᠋ ᠳᠠᠭᠠᠭᠠᠭᠰᠠᠨ ᠵᠦᠢᠯ ᠳ᠋ᠦ ᠬᠠᠮᠢᠶᠠᠷᠠᠭᠤᠯᠬᠤ ᠪᠣᠯᠵᠡᠢ᠃[1]
ᠮᠣᠩᠭᠣᠯ ᠪᠥᠬᠡᠩ ᠶ᠋ᠢ "ᠬᠣᠷᠤᠬᠠᠶ ᠪᠥᠬᠡᠩ" ᠭᠡᠵᠦ ᠨᠡᠷᠡᠯᠡᠬᠦ ᠪᠣᠯᠤᠭᠰᠠᠨ ᠨᠢ ᠲᠡᠭᠦᠨ ‍ᠦ ᠪᠡᠶ ‍ᠡ᠋ ᠶ᠋ᠢᠨ ᠭᠠᠯᠪᠢᠷ ᠡᠴᠡ ᠡᠭᠦᠳᠡᠯ ᠲᠡᠢ᠃[2]
ᠪᠥᠬᠡᠩ ᠪᠤᠮᠤᠨ (100000) ᠵᠢᠯ ᠦᠨ ᠡᠮᠦᠨ᠎ᠡ᠂ ᠮᠥᠰᠥᠲᠥᠯᠭᠡ ᠶᠢᠨ ᠡᠷᠡᠨ ᠳᠦ ᠠᠷᠰᠯᠠᠨ ᠵᠠᠭᠠᠨ ᠲᠠᠢ ᠵᠡᠷᠭᠡᠴᠡᠨ ᠠᠮᠢᠳᠤᠷᠠᠵᠤ ᠪᠠᠶᠢᠭᠰᠠᠨ ᠢ ᠡᠷᠳᠡᠮᠲᠡᠳ ᠲᠣᠭᠲᠠᠭᠠᠴᠠᠢ᠃
ᠳᠡᠯᠡᠬᠡᠢ ᠳᠡᠭᠡᠷ᠎ᠡ 10 ᠵᠦᠢᠯ ᠦᠨ ᠪᠥᠬᠡᠩ ᠪᠠᠶᠢᠭᠰᠠᠨ ᠠᠴᠠ ᠬᠠᠷᠠᠮᠰᠠᠯᠲᠠᠢ ᠨᠢ 9 ᠨᠢ ᠮᠥᠬᠦᠭᠰᠡᠨ ᠪᠠᠶᠢᠨ᠎ᠠ. ᠪᠥᠬᠡᠩ ᠦᠨ ᠨᠢᠭᠡ ᠵᠦᠢᠯ ᠦᠨ ᠬᠣᠶᠠᠷ ᠳᠡᠳ᠋ ᠵᠦᠢᠯ ᠯᠠ ᠡᠰᠡᠨ ᠮᠡᠨᠳᠦ ᠪᠢᠳᠡᠨ ᠦ ᠴᠠᠭ ᠦᠶ᠎ᠡ ᠶᠢ ᠬᠦᠷᠴᠡᠢ᠃
ᠰᠣᠷᠭᠣᠭ ᠪᠥᠬᠡᠩ ᠳᠤᠮᠳᠠᠳᠤ ᠠᠽᠢᠶ᠎ᠠ ᠶᠢᠨ ᠣᠷᠣᠨ ᠨᠤᠭᠤᠳ ᠲᠤ᠂ ᠮᠣᠩᠭᠣᠯ ᠪᠥᠬᠡᠩ ᠵᠥᠪᠬᠡᠨ ᠮᠣᠩᠭᠣᠯ ᠳᠤ ᠪᠤᠢ᠃
ᠢᠷᠡᠭᠡᠳᠦᠢ ᠳᠦ ᠡᠨᠡ ᠡᠷᠲᠡᠨ ᠦ ᠭᠠᠯᠪᠠ ᠶᠢᠨ ᠠᠮᠢᠲᠠᠳ ᠦᠯᠡᠳᠡᠬᠦ ᠡᠰᠡᠬᠦ ᠨᠢ ᠬᠡᠷᠬᠢᠨ ᠬᠠᠶᠢᠷᠠᠯᠠᠨ ᠬᠠᠮᠠᠭᠠᠯᠠᠬᠤ ᠠᠴᠠ ᠰᠢᠯᠲᠠᠭᠠᠯᠠᠨ᠎ᠠ᠃
ᠢᠯᠠᠩᠭᠤᠶ᠎ᠠ ᠠᠮᠢᠳᠤᠷᠠᠬᠤ ᠣᠷᠴᠢᠨ ᠢ ᠬᠠᠮᠠᠭᠠᠯᠠᠬᠤ ᠨᠢ ᠬᠠᠮᠠᠭᠠᠯᠠᠬᠤ ᠶᠠᠪᠤᠳᠠᠯ ᠰᠢᠢᠳᠪᠦᠷᠢᠯᠡᠬᠦ ᠡᠭᠦᠷᠭᠡ ᠲᠡᠢ᠃
ᠮᠣᠩᠭᠣᠯ ᠪᠥᠬᠡᠩ ᠳᠡᠯᠡᠬᠡᠢ ᠶᠢᠨ ᠥᠭᠡᠷ᠎ᠡ ᠬᠠᠮᠢᠭ᠎ᠠ ᠴᠤ ᠪᠠᠶᠢᠬᠤ ᠦᠭᠡᠢ᠂ ᠵᠥᠪᠬᠡᠨ ᠮᠣᠩᠭᠣᠯ ᠤᠯᠤᠰ ᠲᠤ ᠪᠠᠶᠢᠳᠠᠭ᠃[3] ᠫᠯᠧᠢᠰᠲ᠋ᠣᠼᠧᠨ ᠊ᠦ ᠴᠡᠴᠡᠷᠯᠢᠭ ᠲᠥᠰᠦᠯ ᠦ᠋ᠨ ᠬᠦᠷᠢᠶᠡᠨ ᠳ᠋ᠦ ᠪᠥᠬᠡᠩ ᠶ᠋ᠢ ᠵᠡᠭᠦᠨ ᠤᠮᠠᠷᠠᠳᠤ ᠰᠢᠪᠢᠷ ᠨᠤᠲᠤᠭ ᠲᠤ ᠳᠠᠬᠢᠨ ᠨᠤᠲᠤᠭᠰᠢᠭᠤᠯᠬᠤ ᠲᠥᠯᠦᠪᠯᠡᠭᠡ ᠪᠠᠢᠢᠳᠠᠭ ᠠᠵᠤ᠃

ᠪᠢᠣᠯᠣᠭᠢ ᠶᠢᠨ ᠣᠯᠠᠨ ᠶᠠᠩᠵᠤ ᠪᠠᠢᠢᠳᠠᠯ ᠬᠣᠪᠤᠷᠳᠠᠭᠰᠠᠨ ᠲᠣᠷᠤᠯ ᠵᠤᠢᠢᠯ biodiversity, biological diversity, rare species, endangered species

ᠡᠬᠡ ᠰᠤᠷᠪᠤᠯᠵᠢ[засварлах | кодоор засварлах]

  1. ᠪᠠᠲᠤᠮᠥᠩᠬᠡ ᠶ᠋ᠢᠨ ᠮᠢᠵᠣᠳᠳᠣᠷᠵᠢ᠃ ᠠᠯᠲᠠᠢ ᠶ᠋ᠢᠨ ᠴᠢᠨᠠᠳᠤ ᠭᠣᠪᠢ ᠶ᠋ᠢᠨ ᠬᠥᠬᠦᠲᠡᠨ ᠠᠮᠢᠲᠠᠳ᠃ ᠬᠣᠪᠤᠷ ᠠᠮᠢᠲᠠᠳ ᠦ᠋ᠨ ᠰᠤᠳᠤᠯᠭ᠎ ‍ᠠ᠋᠂ ᠮᠧᠨᠧᠵᠮᠧᠨ᠍ᠲ ᠦ᠋ᠨ ᠨᠡᠢᠢᠭᠡᠮᠯᠢᠭ᠃ ᠤᠯᠠᠭᠠᠨᠪᠠᠭᠠᠲᠤᠷ 2018᠃
  2. ᠪ᠂ᠨᠠᠷᠠᠨᠰᠠᠴᠤᠷᠠᠯᠲᠤ᠃ ᠪᠦᠰᠡᠯᠡᠭᠳᠡᠭᠰᠡᠨ ᠪᠥᠬᠡᠩ ᠶ᠋ᠢᠨ ᠪᠦᠷᠬᠦᠭ ᠲᠠᠪᠢᠯᠠᠩ᠃ ᠬᠠᠨᠳᠤᠭᠰᠠᠨ 2020/10/25
  3. ᠮᠣᠩᠭᠣᠯ ᠤᠨ ᠦᠨᠳᠦᠰᠦᠨ ‍ᠦ ᠭᠠᠵᠠᠷ ᠵᠦᠢ