ᠬᠠᠪᠤᠩ

Wikibilig-с
ᠪᠠᠷᠠᠭᠤᠨ ᠭᠠᠷ ᠬᠠᠪᠤᠩᠨᠠᠭᠰᠠᠨ ᠪᠠᠢᠢᠳᠠᠯ

ᠬᠠᠪᠤᠩ (Edema) ᠭᠡᠳᠡᠭ ᠨᠢ ᠡᠰ ᠬᠣᠭᠣᠷᠣᠨᠳᠣ ᠪᠠ ᠪᠡᠶ᠎ᠡ ᠶᠢᠨ ᠬᠥᠨᠳᠡᠢ ᠨᠤᠭᠦᠳ ᠲᠦ ᠬᠡᠮᠵᠢᠶᠡᠨ ᠡᠴᠡ ᠬᠡᠲᠦᠷᠡᠭᠰᠡᠨ ᠰᠢᠩᠭᠡᠨ ᠬᠤᠷᠠᠮᠳᠤᠯᠠᠭᠳᠠᠬᠤ ᠵᠢ ᠬᠡᠯᠡᠳᠡᠭ᠃ ᠡᠨᠡ ᠨᠢ ᠪᠦᠬᠦ ᠪᠡᠶ᠎ᠡ ᠶᠢᠨ ᠪᠣᠯᠤᠨ ᠪᠠᠶᠢᠷᠢᠨ ᠰᠢᠨᠵᠢᠲᠡᠢ᠃ ᠠᠷᠠᠰᠤ ᠳᠣᠣᠷᠠᠬᠢ ᠡᠳ᠋ ᠍ ᠲᠦ ᠶᠡᠬᠡ ᠬᠡᠮᠵᠢᠶᠡᠨᠡᠢ ᠰᠢᠩᠭᠡᠨ ᠬᠤᠷᠠᠮᠲᠤᠯᠠᠵᠤ ᠬᠠᠪᠤᠩᠨᠠᠬᠤ ᠶᠢ ᠠᠨᠠᠰᠠᠷᠻᠠ ᠭᠡᠳᠡᠭ᠃ ᠲᠡᠭᠦᠨᠴᠢᠯᠡᠨ ᠴᠡᠭᠡᠵᠢᠨ ᠦ (ᠬᠢᠳ᠋ᠷᠣᠲ᠋ᠣᠷᠠᠺᠰ)᠂ ᠦᠩᠬᠦᠯᠴᠡᠭ ᠦᠨ (ᠬᠢᠳ᠋ᠷᠦᠫᠧᠷᠢᠻᠠᠷᠳ᠋)᠂ ᠬᠡᠪᠡᠯᠢ ᠶᠢᠨ (ᠠᠰᠼᠢᠲ᠋) ᠬᠥᠨᠳᠡᠢ ᠨᠦᠭᠦᠳ ᠲᠦ ᠰᠢᠩᠭᠡᠨ ᠴᠤᠭᠯᠠᠷᠢ ᠪᠣᠯᠤᠨ᠎ᠠ᠃ ᠰᠢᠩᠭᠡᠨ ᠦ ᠤᠷᠤᠰᠬᠠᠯ ᠤᠨ ᠠᠯᠳᠠᠷᠠᠯ ᠡᠴᠠ ᠡᠰ ᠬᠣᠭᠣᠷᠣᠨᠳᠣ ᠶᠢᠨ ᠰᠢᠩᠭᠡᠨ ᠶᠡᠬᠡᠰᠬᠦ ᠶᠢ ᠲᠷᠠᠨᠰᠰᠤᠳᠠᠲᠤ ᠭᠡᠬᠦ ᠪᠠ ᠤᠭᠤᠷᠠᠭ᠂ ᠺᠣᠯᠯᠣᠶᠢᠳ᠋ ᠪᠠᠭᠠᠲᠠᠢ (1% ᠬᠦᠷᠲᠡᠯ᠎ᠡ)᠂ ᠬᠤᠪᠢ ᠶᠢᠨ ᠵᠢᠩ ᠨᠢ 1012 ᠍ ᠠᠴᠠ ᠳᠣᠭᠣᠭᠰᠢ ᠪᠠᠶᠢᠨ᠎ᠠ᠃ ᠬᠠᠷᠢᠨ ᠦᠷᠪᠢᠰᠦᠯ ᠦᠨ ᠭᠠᠷᠤᠯᠲᠠᠢ ᠰᠢᠩᠭᠡᠨ ᠤᠭᠤᠷᠠᠭ᠂ ᠶᠡᠬᠡ ᠲᠡᠢ᠂ ᠬᠤᠪᠢ ᠶᠢᠨ ᠵᠢᠩ ᠨᠢ 1020 ᠍ ᠠᠴᠠ ᠳᠡᠭᠡᠭᠰᠢ ᠪᠠᠶᠢᠳᠠᠭ᠃ ᠬᠠᠪᠤᠩ ᠡᠭᠦᠰᠬᠦ ᠮᠧᠬᠠᠨᠢᠰᠮ ᠨᠢ:
- ᠰᠤᠳᠠᠰᠤ ᠳᠣᠲᠣᠷᠠᠬᠢ ᠬᠢᠳ᠋ᠷᠣᠰᠲ᠋ᠠᠲ᠋ᠢᠺ ᠳᠠᠷᠤᠯᠲᠠ ᠶᠡᠬᠡᠰᠬᠦ
- ᠰᠡᠶᠢᠪᠦᠩ ᠦᠨ ᠺᠣᠯᠯᠣᠶᠢᠳ᠋ ᠣᠰᠮᠣᠰᠤ ᠶᠢᠨ ᠳᠠᠷᠤᠯᠲᠠ ᠪᠠᠭᠠᠰᠬᠤ
- ᠲᠤᠩᠭᠠᠯᠠᠭ ᠤᠨ ᠤᠷᠤᠰᠬᠠᠯ ᠤᠨ ᠡᠮᠭᠡᠭ ᠵᠡᠷᠭᠡ ᠡᠴᠡ ᠬᠠᠮᠢᠶᠠᠷᠤᠯᠲᠠᠢ.ᠬᠠᠪᠤᠩ ᠤᠨ ᠡᠮᠭᠡᠭ ᠹᠢᠽᠢᠣᠯᠣᠭ ᠤᠨ ᠪᠦᠯᠦᠭᠯᠡᠯ᠃
1. ᠶᠡᠬᠡᠰᠰᠦᠨ ᠬᠢᠳ᠋ᠷᠣᠰᠲ᠋ᠠᠲ᠋ᠢᠺ ᠳᠠᠷᠤᠯᠲᠠ
A. ᠸᠧᠨᠠ ᠶᠢᠨ ᠪᠤᠴᠠᠯᠲᠠ ᠪᠤᠰᠨᠢᠬᠤ
I. ᠵᠢᠷᠦᠬᠡᠨ ᠦ ᠵᠣᠭᠰᠤᠨᠭᠢᠰᠢᠯᠲᠠ ᠳᠤᠲᠠᠮᠠᠭᠰᠢᠯ
II. ᠦᠩᠬᠦᠯᠴᠡᠭ ᠦᠨ ᠨᠠᠭᠠᠯᠳᠤᠴᠠ
III. ᠠᠰᠼᠢᠲ᠋ ( ᠡᠯᠢᠭᠡ ᠬᠠᠲᠠᠭᠤᠷᠠᠯ)
IV. ᠸᠧᠨᠠ ᠶᠢᠨ ᠪᠢᠲᠡᠭᠦᠷᠡᠯ ᠪᠤᠶᠤ ᠳᠠᠷᠤᠭᠳᠠᠯ
a. ᠲᠷᠣᠮᠪᠦᠽ
b. ᠭᠠᠳᠠᠨ ᠤ ᠳᠠᠷᠤᠯᠲᠠ
c. ᠳᠣᠭᠣᠳᠤ ᠮᠥᠴᠢᠨ ᠦ ᠬᠥᠳᠡᠯᠭᠡᠭᠡᠨ ᠦᠭᠡᠢ ᠪᠠᠶᠢᠳᠠᠯ
B. ᠠᠷᠲ᠋ᠡᠷᠢᠣᠯ ᠤᠨ ᠥᠷᠭᠡᠰᠦᠯ
I. ᠳᠤᠯᠠᠭᠠᠨ
II. ᠮᠡᠳᠡᠷᠡᠯ ᠰᠢᠩᠭᠡᠨ ᠵᠣᠬᠢᠴᠠᠭᠤᠯᠤᠯᠲᠠᠭᠦᠢᠲᠦᠯ
2. ᠰᠡᠶᠢᠪᠦᠩ ᠦᠨ ᠣᠰᠮᠣᠰ ᠳᠠᠷᠤᠯᠲᠠ ᠶᠢᠨ ᠪᠠᠭᠠᠰᠤᠯ (ᠬᠢᠫᠣᠫᠷᠣᠲ᠋ᠡᠢᠨᠡᠮᠢ)
A. ᠤᠭᠤᠷᠠᠭ ᠠᠯᠠᠳᠠᠭᠴᠢ ᠪᠠᠮᠡᠷᠦᠢᠯᠦᠫᠠᠲ (ᠨᠡᠹᠷᠣᠵ ᠶᠢᠨ ᠬᠠᠮ ᠰᠢᠨᠵᠢ)
B. ᠡᠯᠢᠭᠡᠨ ᠦ ᠬᠠᠲᠠᠭᠤᠷᠠᠯ (ᠠᠰᠼᠢᠲ᠋)
c. ᠲᠡᠵᠢᠭᠡᠯ ᠬᠣᠮᠰᠠᠳᠠᠯ
d. ᠤᠭᠤᠷᠠᠭ ᠠᠯᠠᠳᠠᠭᠴᠢ ᠭᠠᠰᠲᠷᠣᠭᠡᠨᠲ᠋ᠡᠷᠣᠫᠠᠲ
3. ᠲᠤᠩᠭᠠᠯᠠᠭ ᠤᠨ ᠪᠢᠲᠡᠭᠦᠷᠡᠯ
a. ᠦᠷᠪᠢᠰᠦᠯ ᠳᠦ
b. ᠬᠠᠪᠤᠳᠠᠷ ᠤᠨ
c. ᠮᠡᠰᠡ ᠵᠠᠰᠠᠯ ᠤᠨ ᠳᠠᠷᠠᠭᠠᠬᠢ
d. ᠲᠤᠶᠠᠭ᠎ᠠ ᠰᠠᠴᠤᠷᠠᠭ ᠲᠤ ᠥᠷᠢᠲᠥᠬᠦ
4. ᠨᠠᠲᠷᠢ ᠶᠢᠨ ᠲᠦᠳᠡᠯ
a. ᠪᠥᠭᠡᠷᠡᠨ ᠦ ᠳᠤᠲᠠᠮᠠᠭᠰᠢᠯ ᠲᠠᠢ ᠬᠠᠮᠲᠤᠷᠠᠭᠰᠠᠨ ᠳᠠᠪᠤᠰᠤᠨ ᠤ ᠣᠷᠣᠯᠲᠠ ᠶᠡᠬᠡᠰᠦᠯ
b. ᠰᠤᠪᠤᠭᠠᠨᠴᠢᠷ ᠶᠢᠨ ᠨᠠᠲᠷᠢ ᠶᠢᠨ ᠪᠤᠴᠠᠨ ᠰᠢᠮᠡᠭᠳᠡᠯ ᠶᠡᠬᠡᠰᠬᠦ
I. ᠪᠥᠭᠡᠷᠡᠨ ᠦ ᠾᠢᠫᠣ
II. ᠷᠡᠨᠢᠨ ᠠᠨᠭᠢᠶᠠᠲᠡᠨ᠋ᠽᠢᠨ ᠠᠯᠢᠳᠣᠰᠲ᠋ᠡᠷᠢᠨ ᠤ ᠱᠦᠭᠦᠷᠡᠯ ᠶᠡᠬᠡᠰᠬᠦ
5. ᠦᠷᠪᠢᠰᠦᠯ
a. ᠴᠣᠴᠢᠮᠠᠭ ᠦᠷᠪᠢᠰᠦᠯ
b.ᠠᠷᠬᠠᠭ ᠦᠷᠪᠢᠰᠦᠯ
c. ᠠᠨᠭᠢᠶᠣᠭᠡᠨ᠋ᠡᠵᠠᠬᠠᠣᠠᠨᠬᠢ ᠶᠢᠨ ᠲᠥᠷᠥᠯ ᠦᠳ ᠠᠭᠤᠰᠬᠢᠨ ᠤ ᠬᠠᠪᠤᠩ᠃ ᠬᠠᠪᠤᠩ ᠤᠨ ᠰᠢᠩᠭᠡᠨ ᠴᠤᠯᠴᠠᠩ ᠤᠨ ᠬᠥᠨᠳᠡᠢ ᠳᠦ ᠴᠤᠭᠯᠠᠷᠢ ᠬᠢᠨ ᠰᠣᠯᠢᠯᠴᠠᠭ᠎ᠠ ᠶᠢ ᠰᠠᠭᠠᠲᠠᠭᠤᠯᠤᠨ᠎ᠠ᠃ ᠴᠤᠯᠴᠠᠩ ᠤᠨ ᠬᠥᠨᠳᠡᠢ ᠲᠡᠯᠡᠭᠳᠡᠵᠦ ᠲᠠᠰᠤᠯᠤᠪᠴᠤᠳ ᠨᠢ ᠡᠷᠭᠦᠭᠰᠡᠨ᠂ ᠴᠤᠯᠴᠠᠩ ᠤᠨ ᠬᠠᠨ᠎ᠠ ᠶᠢᠨ ᠬᠢᠯᠭᠠᠰᠤᠨ ᠰᠤᠳᠠᠰᠤ ᠨᠤᠭᠤᠳ ᠲᠤ ᠵᠣᠭᠰᠤᠨᠭᠢᠰᠯ ᠤᠨ ᠴᠢᠰᠤ ᠶᠡᠬᠡᠰᠦᠯ ᠠᠵᠢᠭᠯᠠᠭᠳᠠᠨ᠎ᠠ᠃ ᠬᠠᠪᠤᠩᠨᠠᠭᠰᠠᠨ ᠠᠭᠤᠰᠬᠢ ᠲᠣᠮᠣ᠂ ᠬᠦᠨᠳᠦ᠂ ᠨᠢᠭᠲᠠ᠂ ᠴᠢᠭᠢᠭᠯᠢᠭ᠂ ᠳᠠᠭᠠᠮᠵᠢᠷᠠᠬᠤ ᠲᠤᠰᠤᠮ ᠢᠶᠠᠨ ᠤᠯᠠᠭᠠᠨ ᠡᠰ ᠦᠳ ᠴᠤᠯᠴᠠᠩ ᠤᠨ ᠬᠠᠨ ᠬᠥᠨᠳᠡᠢᠷᠡᠦ ᠨᠡᠪᠴᠢᠨ ᠣᠷᠣᠨ᠎ᠠ᠃ ᠴᠤᠯᠴᠠᠩ ᠤᠨ ᠴᠢᠰᠤ ᠬᠠᠷᠪᠤᠯᠲᠠ ᠠᠴᠠ ᠲᠡᠮᠦᠷ ᠠᠭᠤᠯᠰᠤᠨ ᠮᠠᠺᠷᠣᠹᠠᠭ ᠪᠤᠶᠤ 《ᠵᠢᠷᠦᠬᠡᠨ ᠦ ᠭᠠᠵᠢᠭ ᠤᠨ ᠡᠰ》 ᠍ ᠦ᠋ᠳ ᠣᠯᠠᠨ ᠢᠶᠠᠷ ᠡᠭᠦᠰᠦᠨ᠎ᠡ᠃
ᠠᠭᠤᠰᠬᠢᠨ ᠤ ᠬᠠᠪᠤᠩ ᠨᠢ ᠳᠠᠪᠠᠮᠠᠭᠠᠶᠢᠯᠠᠵᠤ ᠵᠡᠭᠦᠨ ᠬᠣᠪᠳᠣᠯ ᠤᠨ ᠳᠤᠲᠠᠮᠠᠭᠰᠢᠯ᠂ ᠪᠥᠭᠡᠷᠡᠨ ᠦ ᠳᠤᠲᠠᠮᠠᠭᠰᠢᠯ᠂ ᠨᠠᠰᠤᠨ ᠳᠤ ᠬᠦᠷᠭᠡᠴᠢᠳ ᠦᠨ ᠠᠮᠢᠰᠬᠤᠯ ᠤᠨ ᠭᠠᠴᠢᠶᠠᠯ ᠳᠤ ᠬᠠᠮ ᠰᠢᠨᠵᠢ᠂ ᠠᠭᠤᠰᠬᠢᠨ ᠤ ᠬᠠᠪᠤᠳᠠᠷ᠂ ᠬᠡᠲᠦ ᠮᠡᠳᠡᠷᠡᠨᠵᠢᠯ ᠤᠨ ᠤᠷᠪᠠᠯ ᠤᠨ ᠦᠶ᠎ᠡ ᠳᠦ ᠡᠭᠦᠰᠦᠨ᠎ᠡ.ᠵᠢᠷᠦᠬᠡᠨ ᠦ ᠬᠠᠪᠤᠩ ᠨᠢ ᠵᠢᠷᠦᠬᠡᠨ ᠦ ᠳᠤᠲᠠᠮᠠᠭᠰᠢᠯ ᠤᠨ ᠢᠯᠡᠷᠡᠯ ᠪᠣᠯᠵᠤ ᠳᠣᠭᠣᠳᠤ ᠮᠥᠴᠢᠨ ᠡᠴᠡ ᠡᠬᠢᠯᠡᠵᠦ ᠴᠢᠨᠠᠭᠰᠢ ᠬᠡᠪᠡᠯᠢ᠂ ᠴᠡᠭᠡᠵᠢ᠂ ᠪᠦᠬᠦ ᠪᠡᠶᠡᠷ ᠲᠠᠷᠬᠠᠨ᠎ᠠ (ᠠᠨᠠᠭᠰᠠᠷᠺᠠ)᠃
ᠪᠥᠭᠡᠷᠡᠨ ᠦ ᠬᠠᠪᠤᠩ ᠰᠤᠳᠠᠰᠤ ᠭᠠᠷᠤᠯᠲᠠ ᠪᠠ ᠡᠰ ᠬᠣᠣᠷᠳᠠᠯᠭ᠎ᠠ ᠳᠤ ᠭᠡᠰᠡᠨ ᠬᠣᠶᠠᠷ ᠲᠥᠷᠥᠯ ᠲᠡᠢ᠃ ᠰᠤᠳᠠᠰᠤ ᠭᠠᠷᠤᠯᠲᠠ ᠬᠠᠪᠤᠩ ᠤᠨ ᠦᠶ᠎ᠡ ᠳ᠋ᠦ ᠲᠠᠷᠢᠬᠢᠨ ᠤ ᠴᠠᠭᠠᠨ ᠪᠣᠳᠠᠰ ᠳᠣᠲᠣᠷ᠎ᠠ ᠡᠰ ᠦᠨ ᠭᠠᠳᠠᠨ᠎ᠠ ᠰᠢᠩᠭᠡᠨ ᠴᠤᠭᠯᠠᠷᠠᠨ᠎ᠠ᠂ ᠡᠰ ᠬᠣᠣᠷᠳᠠᠯᠭ᠎ᠠ ᠳᠤ ᠬᠠᠪᠤᠩ ᠨᠢ ᠡᠰ ᠦᠨ ᠳᠣᠲᠣᠷᠠᠬᠢ ᠰᠢᠩᠭᠡᠨ ᠶᠡᠬᠡᠰᠡᠬᠡᠲᠡᠢ ᠬᠣᠯᠪᠣᠭ᠎ᠠ ᠲᠠᠢ ᠡᠭᠦᠰᠦᠨ᠎ᠡ.ᠥᠯᠥᠰᠬᠦᠯᠡᠩ ᠦᠨ ᠬᠠᠪᠤᠩ᠃ ᠥᠯᠥᠰᠬᠦ ᠳᠦ ᠤᠭᠤᠷᠠᠭ ᠤᠨ ᠪᠦᠲᠦᠭᠡᠭᠳᠡᠬᠦᠨ᠂ ᠲᠤᠬᠠᠶᠢᠯᠠᠪᠠᠯ ᠠᠮᠢᠨ ᠬᠦᠴᠢᠯ ᠦᠨ ᠳᠤᠲᠠᠮᠠᠭᠰᠢᠯ ᠪᠣᠯᠤᠨ᠎ᠠ᠃ ᠤᠭᠤᠷᠠᠭ ᠤᠨ ᠨᠥᠭᠡᠴᠡ ᠠᠯᠳᠠᠭᠳᠠᠵᠤ ᠰᠡᠶᠢᠪᠦᠩ ᠦᠨ ᠤᠭᠤᠷᠠᠭ ᠴᠢᠰᠤᠨ ᠤ ᠣᠰᠮᠣᠰ ᠳᠠᠷᠤᠯᠲᠠ ᠶᠢ ᠪᠠᠷᠢᠵᠤ ᠴᠢᠳᠠᠬᠤ ᠦᠭᠡᠢ ᠪᠣᠯᠲᠠᠯ᠎ᠠ ᠪᠠᠨ ᠪᠠᠭᠠᠰᠠᠨ᠎ᠠ᠃ ᠡᠭᠦᠨ ᠡᠴᠡ ᠰᠢᠯᠲᠠᠭᠠᠯᠠᠨ ᠰᠢᠩᠭᠡᠨ ᠭᠠᠳᠠᠭᠰᠢᠯᠠᠵᠤ ᠬᠠᠪᠤᠩ ᠡᠭᠦᠰᠦᠨ᠎ᠡ᠃
ᠦᠷᠪᠢᠰᠦᠯ ᠦᠨ ᠬᠠᠪᠤᠩ᠃ ᠬᠢᠯᠭᠠᠰᠤᠨ ᠰᠤᠳᠠᠰᠤᠨ ᠤ ᠨᠡᠪᠴᠢᠯᠲᠡ ᠶᠡᠬᠡᠰᠴᠢ ᠦᠷᠪᠢᠰᠦᠯ ᠦᠨ ᠤᠷᠴᠢᠨ ᠳᠤ ᠰᠢᠩᠭᠡᠨ ᠬᠤᠷᠠᠮᠲᠤᠯᠠᠨ᠎ᠠ᠃
ᠬᠠᠪᠤᠩ ᠤᠨ ᠡᠮᠨᠡᠯ ᠵᠦᠢ ᠶᠢᠨ ᠶᠠᠪᠤᠴᠠ ᠨᠢ ᠲᠡᠭᠦᠨ ᠦ ᠰᠢᠯᠲᠠᠭᠠᠨ᠂ ᠪᠠᠶᠢᠷᠢᠰᠢᠯ᠂ ᠲᠠᠷᠬᠠᠯ ᠠᠴᠠ ᠬᠠᠮᠢᠶᠠᠷᠤᠨ᠎ᠠ᠃ ᠬᠠᠷᠰᠢᠯ ᠤᠨ ᠬᠠᠪᠤᠩ ᠲᠦᠷᠭᠡᠨ ᠵᠠᠭᠤᠷ᠎ᠠ ᠬᠠᠷᠢᠨ᠎ᠠ᠃ ᠵᠢᠷᠦᠬᠡ᠂ ᠪᠥᠭᠡᠷᠡᠨ ᠦ ᠬᠠᠪᠤᠩ ᠡᠪᠡᠳᠴᠢᠨ ᠦ ᠪᠡᠨ ᠶᠠᠪᠤᠴᠠ᠂ ᠲᠡᠭᠦᠰᠦᠯᠲᠡ ᠡᠴᠡ ᠬᠠᠮᠢᠶᠠᠷᠤᠨ᠎ᠠ᠃ ᠲᠠᠷᠢᠬᠢ᠂ ᠠᠭᠤᠰᠬᠢᠨ ᠤ ᠬᠠᠪᠤᠩ ᠦᠬᠦᠯ ᠳᠦ ᠬᠦᠷᠭᠡᠵᠦ ᠪᠣᠯᠤᠨ᠎ᠠ᠃ ᠪᠡᠶ᠎ᠡ ᠶᠢᠨ ᠬᠥᠨᠳᠡᠢ ᠳᠦ ᠬᠤᠷᠠᠯᠳᠤᠭᠰᠠᠨ ᠰᠢᠩᠭᠡᠨ ᠡᠷᠬᠡᠲᠡᠨ ᠨᠦᠭᠦᠳ ᠦᠨ ᠦᠢᠯᠡ ᠠᠵᠢᠯᠯᠠᠭ᠎ᠠ ᠶᠢ ᠪᠤᠰᠠᠨᠢᠭᠤᠯᠤᠨ᠎ᠠ᠃

ᠡᠬᠢ ᠰᠤᠷᠪᠤᠯᠵᠢ[засварлах | кодоор засварлах]

ᠡᠷᠡᠭᠦᠯ ᠮᠡᠨᠳᠦ ᠶᠢᠨ ᠦᠨᠳᠦᠰᠦᠨ ᠦ ᠫᠣᠷᠲ᠋ᠠᠯ