ᠰᠢᠯᠲᠦᠭᠡᠨ

Wikibilig-с
ᠴᠣᠭᠲᠤ ᠬᠤᠩᠲᠠᠶᠢᠵᠢ ᠶ᠋ᠢᠨ
ᠴᠠᠭᠠᠨ ᠪᠠᠢᠢᠰᠢᠩ ᠦ᠋ᠨ ᠲᠤᠷ ‍ᠠ᠋᠂ XVII ᠵᠠᠭᠤᠨ


ᠰᠢᠯᠲᠦᠭᠡᠨ ᠭᠡᠵᠦ ᠳᠤᠮᠳᠠᠳᠤ ᠡᠷᠲᠡᠨ ᠦ ᠬᠠᠭᠠᠳ᠂ ᠨᠣᠶᠠᠳ᠂ ᠳᠡᠭᠡᠳᠦᠰ᠂ ᠢᠵᠠᠭᠤᠷᠲᠠᠨ ᠨᠤᠭᠤᠳ ᠤᠨ ᠣᠷᠣᠰᠢᠨ ᠰᠠᠭᠤᠬᠤ ᠪᠡᠬᠡᠯᠡᠭᠳᠡᠭᠰᠡᠨ ᠰᠠᠭᠤᠴᠠ᠂ ᠬᠠᠷᠰᠢ ᠶᠢ ᠬᠡᠯᠡᠨ᠎ᠡ᠃
ᠠᠯᠢ ᠴᠤ ᠲᠠᠯ᠎ᠠ ᠠᠴᠠ ᠨᠢ ᠬᠠᠯᠳᠠᠰᠢ ᠦᠭᠡᠢ ᠪᠠᠢᠢᠴᠠ ᠪᠡᠷᠬᠡ᠂ ᠥᠨᠳᠦᠷᠯᠢᠭ ᠭᠠᠵᠠᠷ ᠶᠡᠬᠡᠪᠴᠢᠯᠡᠨ ᠰᠣᠩᠭᠤᠵᠤ ᠪᠠᠷᠢᠬᠤ ᠪᠠ ᠬᠦᠴᠦᠷᠬᠡᠭ ᠬᠡᠷᠡᠮ ᠢᠶᠡᠷ ᠬᠦᠷᠢᠶᠡᠯᠡᠭᠦᠯᠦᠭᠰᠡᠨ ᠪᠠᠢᠢᠨ᠎ᠠ᠃
ᠭᠠᠳᠠᠭᠤᠷ ᠨᠢ ᠲᠣᠭᠣᠷᠢᠭᠤᠯᠤᠨ ᠭᠦᠨ ᠰᠤᠪᠠᠭ ᠱᠤᠤᠳᠤᠤ ᠤᠬᠤᠵᠤ᠂ ᠤᠰᠤ ᠪᠠᠷ ᠳᠡᠭᠦᠷᠭᠡᠭᠰᠡᠨ ᠪᠠᠢᠢᠨ᠎ᠠ᠃
ᠥᠨᠳᠦᠷ ᠴᠠᠮᠬᠠᠭ ᠰᠢᠯᠲᠦᠭᠡᠨ ᠦ ᠨᠢᠭᠡᠨ ᠴᠢᠬᠤᠯᠠ ᠪᠦᠷᠢᠯᠳᠦᠬᠦᠨ ᠬᠡᠰᠡᠭ ᠪᠠᠢᠢᠳᠠᠭ᠃
ᠹᠧᠣᠳᠠᠯ ᠤᠨ ᠪᠤᠲᠠᠷᠠᠯ ᠤᠨ ᠦᠶ᠎ᠡ᠎ ᠳ᠋ᠦ ᠥᠷᠢᠰᠦᠯᠳᠦᠭᠴᠢ ᠹᠧᠣᠳᠠᠯ ᠤᠨ ᠬᠠᠯᠳᠠᠯᠭ᠎ᠠ᠂ ᠲᠠᠷᠢᠶᠠᠴᠢᠳ ᠤᠨ ᠪᠣᠰᠤᠯᠭ᠎ᠠ ᠠᠴᠠ ᠬᠠᠮᠠᠭᠠᠯᠬᠤ᠂ ᠮᠥᠨ ᠬᠠᠷᠢ ᠭᠦᠷᠦᠨ  ᠬᠠᠯᠳᠠᠯᠭ᠎ᠠ ᠶᠢᠨ ᠦᠶᠡᠰ ᠲᠦ ᠬᠠᠷᠢᠶᠠᠲᠤ ᠲᠠᠷᠢᠶᠠᠴᠢᠨ ᠬᠦᠮᠦᠨ ᠠᠮ᠎ᠠ ᠶᠢ ᠬᠣᠷᠭᠤᠳᠠᠭᠤᠯᠬᠤ ᠵᠡᠷᠡᠭ ᠡᠭᠦᠷᠡᠭ ᠲᠠᠢ ᠪᠠᠢᠢᠵᠡᠢ᠃
ᠲᠡᠢᠢᠨᠬᠦ ᠰᠢᠯᠲᠦᠭᠡᠨ ᠨᠢ ᠲᠤᠬᠠᠢ ᠶᠢᠨ ᠡᠵᠡᠮᠰᠢᠯ ᠨᠤᠲᠤᠭ ᠤᠨ ᠤᠯᠤᠰ ᠲᠥᠷᠦ᠂ ᠨᠡᠢᠢᠭᠡᠮ ᠦᠨ ᠠᠮᠢᠳᠦᠷᠠᠯ ᠤᠨ ᠲᠥᠪ ᠪᠣᠯᠵᠤ ᠪᠠᠢᠢᠪᠠ᠃
ᠭᠠᠯᠲᠤ ᠵᠡᠪᠰᠡᠭ ᠬᠥᠭᠵᠢᠵᠦ᠂ ᠬᠡᠷᠡᠮ ᠴᠠᠢᠢᠵᠠ ᠶᠢ ᠡᠪᠳᠡᠨ ᠨᠤᠷᠠᠭᠠᠬᠤ ᠴᠢᠳᠠᠯ ᠲᠠᠢ ᠶᠡᠬᠡ ᠪᠤᠤ ᠪᠤᠢ ᠪᠣᠯᠣᠭᠰᠠᠨ᠂ ᠹᠧᠣᠳᠠᠯ ᠤᠨ ᠪᠤᠲᠠᠷᠠᠯ  ᠤᠨ ᠦᠶ᠎ᠡ ᠥᠩᠭᠡᠷᠡᠵᠦ ᠨᠢᠭᠡᠳᠦᠮᠡᠯ ᠤᠯᠤᠰ ᠤᠳ ᠪᠦᠷᠢᠯᠳᠡᠭᠰᠡᠨ ᠬᠣᠵᠢᠭᠤ ᠳᠤᠮᠳᠠᠳᠤ ᠡᠷᠲᠡᠨ ᠦ ᠦᠶ᠎ᠡ ᠳᠦ ᠪᠡᠬᠡᠯᠡᠯᠲᠡ᠂ ᠬᠡᠷᠡᠮ᠂ ᠴᠠᠢᠢᠵᠠ ᠪᠠᠷ ᠬᠦᠷᠢᠶᠡᠯᠡᠭᠦᠯᠦᠭᠰᠡᠨ ᠰᠢᠯᠲᠦᠭᠡᠨ ᠪᠠᠢᠢᠭᠤᠯᠬᠤ ᠶᠢᠨ ᠠᠴᠢ ᠬᠣᠯᠪᠤᠭᠳᠠᠯ ᠦᠭᠡᠢ ᠪᠣᠯᠵᠤ᠂ ᠭᠣᠶᠣᠮᠰᠥᠭ ᠸᠷᠳᠤ ᠬᠠᠷᠰᠢ ᠶᠢᠨ ᠬᠡᠪ ᠰᠢᠨᠵᠢ ᠲᠡᠢ ᠪᠣᠯᠤᠨ ᠬᠤᠪᠢᠰᠴᠤ᠂ ᠰᠡᠭᠦᠯ ᠳᠡᠭᠡᠨ ᠣᠷᠳᠤᠨ ᠤ ᠴᠣᠭᠴᠠᠠᠯᠪᠤᠷᠢ ᠪᠣᠯᠵᠤ ᠬᠥᠭᠵᠢᠵᠡᠢ᠃

ᠬᠠᠷ ‍ᠠ᠋ ᠪᠤᠬᠤ ‍ᠠ᠋ ᠶ᠋ᠢᠨ ᠪᠠᠯᠭᠠᠰᠤᠨ



ᠵᠢᠷᠤᠭ ᠦ᠋ᠨ ᠴᠣᠮᠤᠭ[засварлах | кодоор засварлах]







шилтгээн, castle, за́мок

ᠡᠬᠢ ᠰᠤᠷᠪᠤᠯᠵᠢ[засварлах | кодоор засварлах]

ᠲᠠᠨ ‍ᠤ ᠡᠬᠢ ᠰᠤᠷᠪᠤᠯᠵᠢ