ᠰᠣᠷᠢᠨᠵᠢᠨ ᠢᠨ᠍ᠳᠦ᠋ᠭ᠌ᠼ

Wikibilig-с

ᠰᠣᠷᠢᠨᠵᠢᠨ ᠢᠨ᠍ᠳᠦ᠋ᠭ᠌ᠼ[засварлах | кодоор засварлах]

ᠢᠨ᠍ᠳᠦ᠋ᠭ᠌ᠼ B ᠲᠡᠢ
ᠫᠧᠷᠫᠧᠨ᠍ᠳᠢᠻᠦ᠋ᠯᠠᠷ
(perpendicular)
ᠰᠣᠷᠢᠨᠵᠢᠨ
ᠣᠷᠤᠨ ᠳ᠋ᠤ
v
ᠬᠤᠷᠳᠤ ᠲᠠᠢ
ᠡᠶᠡᠷᠭᠦ ᠴᠡᠨᠡᠭ ᠲᠡᠢ
ᠪᠥᠭᠡᠮ (ᠵᠡᠭᠦᠨ)
ᠪᠤᠶᠤ
l
ᠤᠷᠲᠤ ᠲᠠᠢ
l
ᠭᠦᠶᠦᠳᠡᠯ ᠲᠡᠢ
ᠳᠠᠮᠵᠢᠭᠤᠯᠤᠭᠴᠢ ᠳ᠋ᠤ
(ᠪᠠᠷᠠᠭᠤᠨ)
ᠦᠢᠯᠡᠴᠢᠯᠡᠬᠦ
ᠯᠣᠷᠧᠨ᠍ᠽ
(Lorentz) ᠦ᠋ᠨ ᠬᠦᠴᠦ


ᠰᠣᠷᠢᠨᠵᠢᠨ ᠢᠨ᠍ᠳᠦ᠋ᠭ᠌ᠼ B ᠨᠢ ᠣᠷᠤᠨ ᠵᠠᠢ ᠶ᠋ᠢᠨ ᠲᠤᠬᠠᠢ ᠶ᠋ᠢᠨ ᠴᠡᠭ ᠳ᠋ᠡᠬᠢ ᠰᠣᠷᠢᠨᠵᠢᠨ ᠣᠷᠤᠨ ‍ᠣ ᠬᠦᠴᠦᠨ ‍ᠣ ᠥᠢᠯᠡᠴᠢᠯᠡᠯ ‍ᠢ ᠲᠣᠳᠤᠷᠬᠠᠢᠢᠯᠠᠭᠴᠢ ᠸᠧᠻᠲ᠋ᠣᠷ[1] ᠬᠡᠮᠵᠢᠭᠳᠡᠬᠦᠨ ᠶᠤᠮ᠃
ᠡᠨᠡ ᠨᠢ ᠲᠤᠬᠠᠢ ᠶ᠋ᠢᠨ ᠰᠣᠷᠢᠨᠵᠢᠨ ᠣᠷᠤᠨ ᠲᠠᠢ ᠬᠠᠷᠢᠴᠠᠩᠭᠤᠶ ᠪᠠᠷ ᠬᠥᠳᠡᠯᠵᠦ ᠪᠤᠢ ᠰᠣᠷᠢᠨᠵᠢᠨ ᠮᠣᠮᠧᠨ᠍ᠲ ᠪᠦᠬᠦᠢ ᠴᠡᠨᠡᠭᠲᠦ ᠴᠡᠭ᠂ ᠪᠡᠶᠡᠲᠦ ᠨᠣᠭᠦᠳ ᠲᠦ ᠲᠡᠷᠡᠬᠦᠦ ᠰᠣᠷᠢᠨᠵᠢᠨ ᠣᠷᠤᠨ ᠬᠡᠷᠬᠢᠨ ᠦᠢᠯᠡᠴᠢᠯᠡᠬᠦ ᠰᠢᠨᠵᠢ ᠪᠠᠢᠢᠳᠠᠯ ‍ᠣᠨ ᠬᠡᠮᠵᠢᠳᠡᠬᠦᠨ ᠪᠢᠯᠡ᠃ [2]
ᠰᠣᠷᠢᠨᠵᠢᠨ ᠢᠨ᠍ᠳᠦ᠋ᠭ᠌ᠼ ᠨᠢ v ᠬᠤᠷᠳᠤ ᠲᠠᠢ ᠬᠥᠳᠡᠯᠵᠦ ᠪᠠᠢᠢᠭ᠎ ‍ᠠ᠋ q ᠴᠡᠨᠡᠭ ᠲᠦ ᠰᠣᠷᠢᠨᠵᠢᠨ ᠣᠷᠤᠨ ᠶᠠᠮᠪᠠᠷ ᠬᠦᠴᠦ F ᠶ᠋ᠢᠡᠷ ᠦᠢᠯᠡᠴᠢᠯᠡᠬᠦ ᠶ᠋ᠢ ᠲᠣᠳᠤᠷᠬᠠᠢᠢᠯᠠᠳᠠᠭ᠃
ᠲᠣᠳᠤᠷᠠᠭᠤᠯᠪᠠᠯ᠂ v ᠬᠤᠷᠳᠤ ᠲᠠᠢ ᠬᠥᠳᠡᠯᠵᠦ ᠪᠠᠢᠢᠭ᠎ ‍ᠠ᠋ q ᠴᠡᠨᠡᠭ ᠲᠦ ᠰᠣᠷᠢᠨᠵᠢᠨ ᠣᠷᠤᠨ ‍ᠣ ᠵᠦᠭ ᠡᠴᠡ ᠦᠢᠯᠡᠴᠢᠯᠡᠬᠦ ᠯᠣᠷᠧᠨ᠍ᠽ ᠦ᠋ᠨ ᠬᠦᠴᠦ F ᠨᠢ ᠰᠣᠷᠢᠨᠵᠢᠨ ᠢᠨ᠍ᠳᠦ᠋ᠭ᠌ᠼ B ᠲᠡᠢ ᠳᠠᠷᠠᠭᠠᠬᠢ ᠬᠠᠮᠢᠶᠠᠷᠠᠯ ᠲᠠᠢ ᠪᠠᠢᠢᠨ᠎ ‍ᠠ᠋:






F = q[v • B]

F = qvBsinα


ᠡᠭᠦᠨ ᠳ᠋ᠦ α ᠨᠢ ᠬᠤᠷᠳᠤ ᠶ᠋ᠢᠨ ᠪᠣᠯᠤᠨ ᠰᠣᠷᠢᠨᠵᠢᠨ ᠢᠨ᠍ᠳᠦ᠋ᠭ᠌ᠼ ᠦ᠋ᠨ ᠸᠧᠻᠲ᠋ᠸᠷ ᠦ᠋ᠨ ᠬᠣᠭᠣᠷᠤᠨᠳᠤ ᠶ᠋ᠢᠨ ᠥᠨᠴᠦᠭ᠂ ᠬᠠᠷᠢᠨ F ᠸᠧᠻᠲ᠋ᠸᠷ ᠦ᠋ᠨ ᠴᠢᠭᠯᠡᠯ ᠨᠢ ᠡᠨᠡ ᠬᠣᠶᠠᠷ ᠸᠧᠻᠲ᠋ᠸᠷ ᠲᠦ ᠫᠧᠷᠫᠧᠨ᠍ᠳᠢᠻᠦ᠋ᠯᠠᠷ[3] ᠪᠠᠢᠢᠬᠤ ᠠᠭᠠᠳ ᠪᠠᠷᠠᠭᠤᠨ ᠭᠠᠷ ᠦ᠋ᠨ ᠳᠦᠷᠢᠮ ᠳ᠋ᠦ ᠵᠠᠬᠢᠷᠤᠭᠳᠠᠨ᠎ ‍ᠠ᠋᠃
ᠰᠣᠷᠢᠨᠵᠢᠨ ᠢᠨ᠍ᠳᠦ᠋ᠭ᠌ᠼ ‍ᠢ ᠪᠠᠰᠠ ᠵᠢᠭᠳᠡ ᠣᠷᠤᠨ ᠳ᠋ᠤ ᠪᠠᠢᠢᠷᠢᠯᠠᠭᠰᠠᠨ ᠭᠦᠶᠦᠳᠡᠯ ᠲᠡᠢ ᠬᠦᠷᠢᠶᠡᠨ ᠳ᠋ᠦ ᠦᠢᠯᠡᠴᠢᠯᠡᠬᠦ ᠬᠦᠴᠦᠨ ᠨᠣᠭᠦᠳ ᠦ᠋ᠨ ᠮᠧᠻᠠᠨᠢᠭ ᠮᠣᠮᠧᠨ᠍ᠲ ᠦ᠋ᠨ ᠳᠡᠭᠡᠳᠦ ᠤᠳᠬ ‍ᠠ᠋ ᠶ᠋ᠢ ᠬᠦᠷᠢᠶᠡᠨ ᠳ᠋ᠡᠬᠢ ᠭᠦᠶᠦᠳᠡᠯ ᠦ᠋ᠨ ᠬᠦᠴᠦ ᠪᠠ ᠬᠦᠷᠢᠶᠡᠨ᠎ ‍ᠦ ᠲᠠᠯᠠᠪᠠᠢ ᠶ᠋ᠢᠨ ᠦᠷᠡᠵᠢᠪᠦᠷᠢ ᠦ᠋ᠨ ᠬᠠᠷᠢᠴᠠᠭ᠎᠎ ‍ᠠ᠋ ᠪᠠᠷ ᠲᠣᠳᠤᠷᠠᠬᠠᠢᠢᠯᠠᠵᠤ ᠪᠣᠯᠤᠮᠤᠢ᠃
ᠰᠣᠷᠢᠨᠵᠢᠨ ᠢᠨ᠍ᠳᠦ᠋ᠭ᠌ᠼ ᠨᠢ ᠴᠠᠬᠢᠯᠭᠠᠨ ᠣᠷᠤᠨ᠎ ‍ᠤ ᠬᠦᠴᠦᠯᠢᠭ ᠦ᠋ᠨ ᠸᠧᠻᠲ᠋ᠣᠷ ᠦ᠋ᠨ ᠠᠳᠠᠯᠢ ᠰᠣᠷᠢᠨᠵᠢᠨ ᠣᠷᠤᠨ ‍ᠤ ᠦᠨᠳᠦᠰᠦᠨ ᠲᠣᠳᠤᠷᠠᠬᠠᠢᠯᠠᠭᠴᠢ ᠪᠣᠯᠳᠠᠭ᠃
ᠬᠡᠮᠵᠢᠬᠦ ᠨᠢᠭᠡᠵᠢ ᠨᠢ SI ᠰᠢᠰᠲ᠋ᠧᠮ ᠳ᠋ᠦ ᠲᠧᠰᠯᠠ (ᠲ᠂ T) ᠪᠠᠢᠢᠳᠠᠭ᠃
ᠰᠣᠷᠢᠨᠵᠢᠨ ᠢᠨ᠍ᠳᠦ᠋ᠭ᠌ᠼ ‍ᠢ ᠬᠡᠮᠵᠢᠳᠡᠭ ᠪᠠᠭᠠᠵᠢ ᠶ᠋ᠢ ᠲᠧᠰᠯᠠᠮᠧᠲ᠋ᠧᠷ[4] ᠬᠡᠮᠡᠮᠦᠢ᠃

ᠤᠶᠠᠯᠳᠤᠭ ‍ᠠ᠋ ᠲᠠᠢ ᠰᠡᠳᠦᠪ᠎[засварлах | кодоор засварлах]

ᠴᠠᠬᠢᠯᠭᠠᠨ ᠰᠣᠷᠢᠨᠵᠢᠨ ᠢᠨ᠍ᠳᠦ᠋ᠭ᠌ᠼ
ᠴᠠᠬᠢᠯᠭᠠᠨ ᠰᠣᠷᠢᠨᠵᠢᠨ ᠳᠣᠯᠭᠢᠶᠠᠨ ᠊ᠤ ᠬᠤᠪᠢᠶᠠᠷᠢ

ᠲᠦᠯᠬᠢᠭᠦᠷ ᠦᠭᠡᠰ[засварлах | кодоор засварлах]

соронзон индукц
соронзон орон
хүчлэг
Лоренцын хүч
баруун гарын дүрэм
Тесла
magnetic induction
magnetic flux density
The B-field
intensity
Lorentz force
right hand rule
Tesla
магнитная индукция
магнитное поле
напряженность
сила Лоренца
правило буравчика

ᠵᠡᠭᠦᠯᠲᠡ ᠪᠠ ᠡᠬᠢ ᠰᠤᠷᠪᠤᠯᠵᠢ[засварлах | кодоор засварлах]