ᠲᠠᠢᠢᠭ ᠊ᠠ᠋

Wikibilig-с
ᠬᠠᠩᠭᠠᠢ ᠨᠤᠲᠤᠭ ᠦ᠋ᠨ ᠭᠦᠨ ᠲᠠᠢᠢᠭ᠎ ‍ᠠ᠋
᠎᠎

ᠲᠠᠢᠢᠭ᠎ᠠ ᠨᠢ ᠰᠢᠯᠮᠦᠦᠰᠦᠲᠦ ᠣᠢ ᠵᠣᠩᠬᠢᠯᠠᠭᠰᠠᠨ ᠪᠢᠣᠮ ᠪᠥᠭᠡᠳ ᠰᠢᠨᠡᠰᠦ᠂ ᠨᠠᠷᠠᠰᠤ᠂ ᠭᠠᠴᠤᠤᠷ᠂ ᠵᠣᠳᠣᠭ᠎ᠠ ᠵᠡᠷᠭᠡ ᠰᠢᠯᠮᠦᠦᠰᠦ ᠳᠦ ᠬᠢᠭᠡᠳ ᠮᠥᠩᠬᠡ ᠨᠣᠭᠣᠭᠠᠨ ᠮᠣᠳᠣᠳ ᠠᠴᠠ ᠪᠥᠷᠢᠳᠦᠨ᠎ᠡ. ᠠᠷᠻᠲᠢᠻ ᠦᠨ ᠪᠥᠰᠡ ᠶᠢᠨ ᠣᠢ ᠮᠣᠳᠣ ᠴᠤ ᠭᠡᠳᠡᠭ ᠲᠠᠶᠢᠭ᠎ᠠ ᠨᠢ ᠤᠮᠠᠷᠠᠳᠤ ᠠᠮᠧᠷᠢᠺᠠ᠂ ᠧᠦ᠋ᠷᠠᠽᠢ ᠶᠢᠨ ᠰᠦᠪᠠᠷᠺᠲ᠋ᠢᠺ ᠤᠨ ᠪᠥᠰᠡ ᠶᠢᠨ ᠪᠠᠷᠤᠭ ᠲᠠᠰᠤᠷᠠᠯᠲᠠ ᠦᠭᠡᠢ ᠦᠷᠭᠦᠯᠵᠢᠯᠡᠭᠰᠡᠨ ᠰᠢᠯᠮᠦᠦᠰᠦᠲᠦ ᠣᠢ ᠮᠣᠳᠣ ᠶᠢ ᠪᠦᠷᠢᠳᠦᠭᠦᠯᠳᠡᠭ ᠳᠡᠯᠡᠬᠡᠢ ᠶᠢᠨ ᠬᠠᠮᠤᠭ ᠤᠨ ᠲᠣᠮᠣ ᠪᠢᠣᠮ ᠶᠤᠮ᠃

ᠮᠣᠩᠭᠣᠯ ᠤᠨ ᠲᠠᠶᠢᠭ᠎ᠠ ᠧᠦ᠋ᠷᠠᠽᠢ ᠶᠢᠨ ᠪᠢᠣᠮ ᠤᠨ ᠡᠮᠦᠨᠡᠲᠦ ᠵᠠᠬ᠎ᠠ ᠳᠤ ᠪᠠᠶᠢᠷᠢᠯᠠᠳᠠᠭ᠃

ᠤᠷᠭᠤᠮᠠᠯᠵᠢᠯᠲᠠ ᠶᠢᠨ ᠭᠤᠷᠪᠠᠨ ᠦᠨᠳᠦᠰᠦᠨ ᠪᠥᠰᠡ ᠵᠣᠩᠬᠢᠯᠠᠭᠰᠠᠨ᠃

ᠲᠤᠬᠠᠶᠢᠯᠠᠪᠠᠯ ᠬᠠᠭ ᠪᠣᠯᠤᠨ ᠨᠠᠮᠬᠠᠨ ᠪᠤᠲᠠ ᠰᠥᠭᠡᠭ ᠢᠶᠡᠷ ᠪᠠᠶᠠᠯᠢᠭ ᠲᠦᠨᠳ᠋ᠷ᠂ ᠣᠶᠢᠲᠤ ᠬᠡᠭᠡᠷ᠎ᠡ ᠪᠣᠯᠤᠨ ᠰᠢᠪᠢᠷᠢ ᠶᠢᠨ ᠰᠢᠨᠡᠰᠦ (Larix sibirica)᠂ ᠰᠢᠪᠢᠷᠢ ᠶᠢᠨ ᠨᠠᠷᠠᠰᠤ (Pinus sibirica) ᠪᠣᠯᠤᠨ ᠦᠨᠳᠦᠰᠦᠨ ᠦ ᠬᠡᠮᠵᠢᠶᠡᠨ ᠳᠦ ᠬᠣᠪᠣᠷᠳᠠᠭᠰᠠᠨ ᠰᠢᠪᠢᠷᠢ ᠶᠢᠨ ᠵᠣᠳᠣᠭ᠎ᠠ (Abies sibirica) ᠬᠡᠮᠡᠬᠦ ᠭᠤᠷᠪᠠᠨ ᠵᠦᠢᠯ ᠦᠨ ᠮᠣᠳᠣ ᠵᠣᠩᠬᠢᠯᠠᠭᠰᠠᠨ ᠲᠠᠶᠢᠭ᠎ᠠ ᠶᠢᠨ ᠪᠦᠰ ᠪᠠᠶᠢᠳᠠᠭ᠃ [1]

ᠵᠤᠨ ᠴᠠᠭ ᠦ᠋ᠨ ᠲᠠᠢᠢᠭ᠎ ‍ᠠ᠋

ᠤᠰᠤᠨ ᠤ ᠬᠠᠭᠠᠯᠪᠤᠷᠢ ᠨᠢ ᠮᠥᠨ ᠮᠣᠩᠭᠣᠯ ᠪᠣᠯᠤᠨ ᠳᠡᠯᠡᠬᠡᠢ ᠶᠢᠨ ᠬᠡᠮᠵᠢᠶᠡᠨ ᠳᠦ ᠬᠣᠪᠣᠷᠳᠠᠭᠰᠠᠨ ᠪᠤᠶᠤ ᠤᠰᠠᠳᠴᠤ ᠪᠣᠯᠵᠣᠰᠢ ᠦᠭᠡᠢ ᠣᠯᠠᠨ ᠵᠦᠢᠯ ᠦᠨ ᠠᠮᠢᠲᠠᠨ ᠤ ᠬᠣᠷᠭᠣ ᠳᠤ ᠬᠢ ᠭᠠᠵᠠᠷ ᠪᠣᠯᠤᠭᠰᠠᠨ ᠤ ᠳᠣᠲᠣᠷ᠎ᠠ ᠮᠣᠩᠭᠣᠯ ᠳᠤ ᠮᠠᠰᠢ ᠬᠣᠪᠣᠷᠳᠠᠭᠰᠠᠨ ᠵᠦᠢᠯ ᠳᠦ ᠲᠣᠭᠠᠴᠠᠭᠳᠠᠳᠠᠭ ᠳᠠᠷᠬᠠᠨ ᠴᠠᠭᠠᠵᠠ ᠲᠠᠢ ᠵᠦᠢᠯ ᠪᠣᠯᠬᠤ ᠵᠡᠷᠯᠢᠭ ᠴᠠ ᠪᠤᠭᠤ (Rangifer tarandus valentinae)᠂ ᠳᠡᠯᠡᠬᠡᠢ ᠶᠢᠨ ᠬᠡᠮᠵᠢᠶᠡᠨ ᠳᠦ ᠤᠰᠠᠳᠴᠤ ᠪᠣᠯᠵᠣᠰᠢ ᠦᠭᠡᠢ ᠵᠦᠢᠯ ᠳᠦ ᠲᠣᠭᠠᠴᠠᠭᠳᠠᠳᠠᠭ ᠢᠷᠪᠢᠰ (Panthera uncia)᠂ ᠳᠡᠯᠡᠬᠡᠢ ᠶᠢᠨ ᠬᠡᠮᠵᠢᠶᠡᠨ ᠳᠦ ᠡᠮᠵᠡᠭ ᠵᠦᠢᠯ ᠳᠦ ᠲᠣᠭᠠᠴᠠᠭᠳᠠᠳᠠᠭ ᠬᠥᠳᠡᠷᠢ (Moschus moschiferus)᠂ ᠲᠡᠭᠦᠨᠴᠢᠯᠡᠨ ᠬᠦᠷᠡᠩ ᠪᠠᠭᠠᠪᠠᠭᠠᠢ (Ursus arctos)᠂ ᠮᠠᠷᠠᠯ ᠪᠤᠭᠤ (Cervus elaphus)᠂ ᠬᠠᠨᠳᠠᠭᠠᠢ (Alces alces)᠂ ᠨᠣᠬᠠᠢ ᠵᠢᠭᠡᠬᠡ (Gulo gulo)᠂ ᠣᠢ ᠶᠢᠨ ᠪᠤᠯᠠᠭ᠎ᠠ (Martes zibellina) ᠨᠤᠲᠤᠭᠯᠠᠳᠠᠭ [2]

2011 ᠣᠨ ᠤ 4 ᠍ ᠳᠦᠭᠡᠷ ᠰᠠᠷ᠎ᠠ ᠳᠤ ᠮᠣᠩᠭᠣᠯ ᠤᠯᠤᠰ ᠤᠨ ᠶᠡᠬᠡ ᠬᠤᠷᠠᠯ ᠬᠥᠪᠰᠥᠭᠥᠯ ᠠᠶᠢᠮᠠᠭ ᠤᠨ ᠴᠠᠭᠠᠨᠨᠠᠭᠤᠷ᠂ ᠷᠧᠨ᠋ᠴᠢᠩᠯᠬᠦᠮᠪᠦ᠂ ᠤᠯᠠᠭᠠᠨ-ᠠᠭᠤᠯᠠ ᠰᠤᠮᠤᠳ ᠤᠨ ᠨᠤᠲᠤᠭ ᠤᠨ ᠵᠠᠷᠢᠮ ᠬᠡᠰᠡᠭ ᠢ ᠬᠠᠮᠤᠷᠤᠭᠰᠠᠨ ᠲᠡᠩᠭᠢᠰ-ᠰᠢᠰᠢᠭᠡᠳ ᠭᠣᠣᠯ ᠤᠨ ᠠᠢ ᠰᠠᠪᠠ ᠶᠢ ᠪᠠᠶᠢᠭᠠᠯ ᠤᠨ ᠴᠣᠭᠴᠠᠯᠠᠪᠤᠷᠢ ᠳᠤ ᠭᠠᠵᠠᠷ (ᠣᠯᠠᠨ ᠤᠯᠤᠰ ᠤᠨ ᠪᠠᠶᠢᠭᠠᠯᠢ ᠬᠠᠮᠠᠭᠠᠯᠠᠬᠤ ᠬᠣᠯᠪᠣᠭ᠎ᠠ (IUCN)  ᠤ ᠠᠩᠭᠢᠯᠠᠯ II) ᠪᠣᠯᠭᠠᠭᠰᠠᠨ [3]

ᠵᠢᠷᠤᠭ ᠦ᠋ᠨ ᠴᠣᠮᠤᠭ[засварлах | кодоор засварлах]



boreal forest; snow forest; taiga ᠰᠡᠷᠡᠭᠦᠨ ᠪᠦᠰᠡ ᠶᠢᠨ ᠣᠢ тайга, шилмүүст ой, шугуй, сэрүүн бүсийн ой

ᠡᠬᠢ ᠰᠤᠷᠪᠤᠯᠵᠢ[засварлах | кодоор засварлах]

  1. K.I.Johnsen᠂ B.Alfthan᠂ ᠫ ∙ ᠴᠣᠭᠲᠤᠰᠠᠶᠢᠬᠠᠨ᠂ S.S.Mathiesen 2012᠃ ᠥᠭᠡᠷᠡᠴᠢᠯᠡᠭᠳᠡᠨ ᠪᠤᠢ ᠲᠠᠶᠢᠭ᠎ᠠ᠄ ᠮᠣᠩᠭᠣᠯ ᠤᠨ ᠴᠠᠲᠠᠨ ᠨᠤᠭᠤᠳ ᠲᠤ ᠲᠤᠯᠭᠠᠷᠴᠢ ᠪᠤᠢ ᠠᠰᠠᠭᠤᠳᠠᠯ ᠤᠳ (ᠲᠠᠶᠢᠯᠤᠨ) ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠪᠠᠶᠢᠭᠠᠯᠢ ᠣᠷᠴᠢᠨ ᠤ ᠬᠥᠲᠥᠯᠪᠦᠷᠢ
  2. WWF᠂ 2010
  3. WWF Mongolia 2011