ᠲᠣᠰᠤᠲᠤ ᠶ᠋ᠢᠨ ᠨᠢᠷᠤᠭᠤ

Wikibilig-с

ᠡᠮᠦᠨᠡᠭᠣᠪᠢ ᠠᠶᠢᠮᠠᠭ ᠤᠨ ᠭᠤᠷᠪᠠᠨᠲᠡᠰ ᠰᠤᠮᠤ ᠶᠢᠨ ᠨᠤᠲᠤᠭ ᠳ᠋ᠠᠬᠢ ᠲᠣᠰᠣᠲᠤ ᠶᠢᠨ ᠨᠢᠷᠤᠭᠤ ᠠᠶᠢᠮᠠᠭ ᠤᠨ ᠲᠥᠪ ᠳᠠᠯᠠᠨᠵᠠᠳᠠᠭᠠᠲᠤ ᠬᠣᠲᠠ ᠠᠴᠠ ᠪᠠᠷᠠᠭᠤᠨ ᠵᠦᠭ ᠲᠦ 308 ᠻᠢᠯᠣᠮᠧᠲ᠋ᠷ ᠵᠠᠢ ᠳᠤ᠂ ᠭᠤᠷᠪᠠᠨᠲᠡᠰ ᠰᠤᠮᠤ ᠠᠴᠠ ᠪᠠᠷᠠᠭᠤᠨ ᠲᠡᠰᠢ 40 ᠻᠢᠯᠣᠮᠧᠲ᠋ᠷ ᠵᠠᠢ ᠳᠤ᠂ ᠭᠤᠷᠪᠠᠨᠰᠠᠶᠢᠬᠠᠨ ᠤ ᠪᠠᠶᠢᠭᠠᠯ ᠤᠨ ᠴᠣᠭᠴᠠᠯᠠᠪᠤᠷᠢ ᠳᠤ ᠭᠠᠵᠠᠷ ᠤᠨ ᠬᠢᠯᠢ ᠡᠴᠡ 25 ᠻᠢᠯᠣᠮᠧᠲ᠋ᠷ ᠵᠠᠢ ᠳᠤ᠂ ᠡᠮᠦᠨ᠎ᠡ ᠲᠠᠯ᠎ᠠ ᠪᠠᠷ ᠢᠶᠠᠨ ᠤᠯᠤᠰ ᠤᠨ ᠬᠢᠯᠢ ᠳᠦ ᠲᠤᠯᠵᠤ᠂ ᠬᠣᠶᠢᠳ ᠲᠠᠯ᠎ᠠ ᠪᠠᠷ ᠢᠶᠠᠨ ᠨᠡᠮᠡᠭᠲᠦ ᠶᠢᠨ ᠨᠢᠷᠤᠭᠤ ᠪᠣᠯᠤᠨ ᠠᠯᠲᠠᠨ ᠠᠭᠤᠯᠠ ᠵᠡᠷᠭᠡ ᠡᠴᠡ ᠥᠷᠭᠡᠨ ᠬᠥᠨᠳᠡᠢ᠂ ᠬᠣᠭᠣᠯᠠᠢ ᠪᠠᠷ ᠲᠤᠰᠠᠭᠠᠷᠯᠠᠭᠳᠠᠨ ᠣᠷᠣᠰᠢᠳᠠᠭ᠃

ᠲᠣᠰᠤᠨ ᠪᠤᠮᠪᠠ ᠨᠢᠷᠤᠭᠤ ᠪᠡᠷ ᠲᠣᠰᠤᠲᠤ ᠶ᠋ᠢᠨ
ᠨᠢᠷᠤᠭᠤᠨ ᠳ᠋ᠤ ᠬᠥᠷᠰᠢ ᠰᠢᠳᠠᠷ ᠣᠷᠤᠰᠢᠮᠤᠢ

ᠪᠢᠣᠯᠣᠭᠢ ᠶᠢᠨ ᠣᠯᠠᠨ ᠶᠠᠩᠵᠤ ᠪᠠᠶᠢᠳᠠᠯ[засварлах | кодоор засварлах]

ᠲᠣᠰᠣᠲᠤ ᠶᠢᠨ ᠨᠢᠷᠤᠭᠤ ᠨᠢ ᠮᠣᠩᠭᠣᠯ ᠣᠷᠣᠨ ᠳᠤ ᠲᠡᠳᠦᠢ ᠦᠭᠡᠢ ᠳᠡᠯᠡᠬᠡᠢ ᠳᠦ ᠬᠣᠪᠣᠷᠳᠠᠵᠤ ᠤᠯᠠᠭᠠᠨ ᠳᠠᠩᠰᠠᠨ ᠳᠤ ᠣᠷᠣᠭᠰᠠᠨ ᠴᠣᠬᠣᠷ ᠢᠷᠪᠢᠰ ᠦᠨ ᠥᠨᠳᠦᠷ ᠨᠢᠭᠲᠠᠰᠢᠯᠲᠠᠢ᠂ ᠢᠳᠡᠭᠡᠰᠢᠨ ᠠᠮᠢᠳᠤᠷᠠᠳᠠᠭ ᠴᠥᠭᠡᠨ ᠨᠤᠲᠤᠭ ᠤᠨ ᠨᠢᠭᠡ ᠶᠠᠭᠤᠮ᠎ᠠ᠃ ᠮᠣᠩᠭᠣᠯ ᠣᠷᠣᠨ ᠤ ᠤᠯᠠᠭᠠᠨ ᠳᠠᠩᠰᠠᠨ ᠳᠤ ᠪᠦᠷᠢᠳᠬᠡᠭᠳᠡᠭᠰᠡᠨ 15 ᠵᠦᠢᠯ ᠦᠨ ᠲᠣᠮᠣ ᠰᠦᠨ ᠲᠡᠵᠢᠭᠡᠯᠲᠡᠨ᠂ 26 ᠵᠦᠢᠯ ᠦᠨ ᠵᠢᠵᠢᠭ ᠬᠥᠬᠦᠲᠡᠨ᠂ 7 ᠵᠦᠢᠯ ᠦᠨ ᠰᠢᠪᠠᠭᠤᠳ᠂ 10 ᠵᠦᠢᠯ ᠦᠨ ᠤᠷᠭᠤᠮᠠᠯ ᠲᠠᠢ ᠨᠤᠲᠤᠭ᠃

ᠧᠻᠣᠯᠣᠭᠢ ᠶᠢᠨ ᠣᠨᠴᠠᠯᠢᠭ[засварлах | кодоор засварлах]

ᠲᠣᠰᠣᠲᠤ ᠶᠢᠨ ᠨᠢᠷᠤᠭᠤᠨ ᠳᠤ ᠤᠰᠤᠨ ᠬᠠᠭᠠᠯᠪᠤᠷᠢ ᠵᠡᠷᠭᠡᠯᠡᠯᠳᠦᠭᠡᠬᠢ ᠠᠭᠤᠯᠠ ᠬᠣᠭᠣᠷᠣᠨᠳᠣ ᠶᠢᠨ ᠬᠥᠨᠳᠡᠢ ᠶᠢᠨ ᠭᠠᠵᠠᠷ ᠳᠣᠣᠷᠠᠬᠢ ᠤᠰᠤᠨ ᠤ ᠲᠡᠵᠢᠭᠡᠯ ᠦᠨ ᠭᠠᠳᠠᠭᠠᠳᠤ ᠮᠤᠵᠢ ᠳᠠᠪᠬᠤᠴᠠᠨ ᠣᠷᠣᠰᠢᠳᠠᠭ᠃ ᠡᠶᠢᠮᠦ ᠡᠴᠡ ᠡᠨᠡ ᠨᠢᠷᠤᠭᠤᠨ ᠳᠤ ᠪᠦᠷᠢᠯᠳᠦᠵᠦ ᠪᠠᠶᠢᠭ᠎ᠠ ᠤᠷᠤᠰᠠᠴᠠ ᠬᠥᠪᠳᠦ ᠣᠷᠴᠢᠮ ᠤᠨ ᠪᠤᠯᠠᠭ ᠱᠠᠩᠳᠠ᠂ ᠪᠠᠶᠠᠨ ᠪᠦᠷᠢ ᠳᠦ ᠨᠦᠭᠦᠳ ᠴᠢᠨᠠᠭᠰᠢᠯᠠᠭᠠᠳ ᠬᠤᠷᠰᠢᠭᠤᠲᠤ ᠶᠢᠨ ᠭᠣᠣᠯ᠂ ᠨᠠᠷᠢᠨ ᠰᠤᠬᠠᠢ ᠳᠤ ᠣᠷᠴᠢᠮ ᠤᠨ ᠣᠯᠠᠨ ᠲᠣᠭᠠᠨ ᠤ ᠬᠤᠳᠳᠤᠭ ᠤᠰᠤ ᠪᠤᠯᠠᠭ ᠱᠠᠩᠳᠠ ᠶᠢ ᠲᠡᠵᠢᠭᠡᠵᠦ ᠪᠠᠶᠢᠳᠠᠭ ᠤᠴᠢᠷ ᠠᠭᠤᠯᠠ ᠠᠭᠤᠷᠬᠠᠢ ᠶᠢᠨ ᠠᠰᠢᠭᠯᠠᠯᠲᠠ ᠶᠢᠨ ᠶᠠᠪᠤᠴᠠ ᠳᠤ ᠬᠠᠳᠴᠤ ᠰᠢᠷᠭᠢᠬᠦ᠂ ᠤᠰᠠᠳᠴᠤ ᠦᠭᠡᠢ ᠪᠣᠯᠬᠤ ᠠᠶᠤᠯᠲᠠᠢ᠃

ᠠᠭᠤᠯᠠ ᠠᠭᠤᠷᠬᠠᠢ[засварлах | кодоор засварлах]

ᠲᠣᠰᠣᠲᠤ ᠶᠢᠨ ᠨᠢᠷᠤᠭᠤᠨ ᠳᠤ ᠠᠭᠤᠯᠠ ᠠᠭᠤᠷᠬᠠᠢ ᠶᠢᠨ ᠬᠠᠶᠢᠭᠤᠯ᠂ ᠠᠰᠢᠭᠯᠠᠯᠲᠠ ᠶᠢᠨ 21 ᠲᠤᠰᠬᠠᠢ ᠵᠥᠪᠰᠢᠶᠡᠷᠡᠯ ᠣᠯᠭᠤᠭᠰᠠᠨ ᠠᠴᠠ 5 ᠲᠤᠰᠬᠠᠢ ᠵᠥᠪᠰᠢᠶᠡᠷᠡᠯ ᠨᠢ ᠴᠤᠴᠠᠯᠠᠭᠳᠠᠵᠤ ᠦᠯᠡᠳᠡᠭᠰᠡᠨ 13 ᠬᠠᠶᠢᠭᠤᠯ᠂ 3 ᠠᠰᠢᠭᠯᠠᠯᠲᠠ ᠶᠢᠨ ᠲᠤᠰᠬᠠᠢ ᠵᠥᠪᠰᠢᠶᠡᠷᠡᠯ ᠦᠨ ᠳᠠᠭᠠᠤ 12 ᠠᠵᠤ ᠠᠬᠤᠢ ᠶᠢᠨ ᠨᠢᠭᠡᠴᠡ ᠪᠠᠶᠢᠭᠤᠯᠤᠯᠭ᠎ᠠ ᠦᠢᠯᠡ ᠠᠵᠢᠯᠯᠠᠭ᠎ᠠ ᠪᠠᠨ ᠶᠠᠪᠤᠭᠤᠯᠵᠤ ᠪᠠᠶᠢᠭ᠎ᠠ᠃ ᠡᠭᠦᠨ ᠳᠦ ᠄ • ᠠᠰᠢᠭᠯᠠᠯᠲᠠ ᠶᠢᠨ 43153.96 ᠭᠠ ᠲᠠᠯᠠᠪᠠᠢ ᠶᠢ South Gobi Coal Trans ᠬᠢ᠊᠂ ᠬᠠ᠊᠂ ᠻᠣ᠂ • ᠨᠡᠭᠦᠷᠡᠰᠦᠨ ᠦ ᠬᠠᠶᠢᠭᠤᠯ ᠤᠨ 10 ᠲᠠᠯᠠᠪᠠᠢ ᠶᠢᠨ 112681᠂08 ᠭᠠ ᠲᠠᠯᠠᠪᠠᠢ ᠶᠢ 7 ᠠᠵᠤ ᠠᠬᠤᠢ ᠶᠢᠨ ᠨᠢᠭᠡᠴᠡ • ᠠᠯᠲᠠᠨ ᠤ ᠬᠠᠶᠢᠭᠤᠯ ᠤᠨ 3 ᠲᠤᠰᠬᠠᠢ ᠵᠥᠪᠰᠢᠶᠡᠷᠡᠯ ᠦᠨ 6511᠂71 ᠭᠠ ᠲᠠᠯᠠᠪᠠᠢ ᠶᠢ 3 ᠠᠵᠤ ᠠᠬᠤᠢ ᠶᠢᠨ ᠨᠢᠭᠡᠴᠡ • ᠬᠣᠪᠣᠷ ᠮᠧᠲ᠋ᠠᠯ ᠤᠨ 1 ᠲᠤᠰᠬᠠᠢ ᠵᠥᠪᠰᠢᠶᠡᠷᠡᠯ ᠦᠨ 19᠂35 ᠭᠠ ᠲᠠᠯᠠᠪᠠᠢ ᠶᠢ 1 ᠠᠵᠤ ᠠᠬᠤᠢ ᠶᠢᠨ ᠨᠢᠭᠡᠴᠡ • ᠠᠰᠢᠭᠯᠠᠯᠲᠠ ᠶᠢᠨ 2 ᠲᠤᠰᠬᠠᠢ ᠵᠥᠪᠰᠢᠶᠡᠷᠡᠯ ᠦᠨ ᠲᠠᠯᠠᠪᠠᠢ ᠶᠢᠨ 16361᠂72 ᠭᠠ᠂ ᠬᠠᠶᠢᠭᠤᠯ ᠤᠨ ᠲᠤᠰᠬᠠᠢ ᠵᠥᠪᠰᠢᠶᠡᠷᠡᠯ ᠦᠨ 8010᠂74 ᠭᠠ ᠨᠡᠶᠢᠲᠡ 24372 ᠭᠠ ᠲᠠᠯᠠᠪᠠᠢ ᠶᠢ ᠰᠣᠯᠣᠩᠭᠣᠰ ᠤᠨ ᠬᠥᠷᠥᠩᠭᠡ ᠣᠷᠣᠭᠤᠯᠤᠯᠲᠠ ᠲᠠᠢ AGM Mining ᠬᠢ᠊᠂ ᠬᠠ᠊᠂ ᠻᠣ᠂ ᠲᠤᠰ ᠲᠤᠰ ᠡᠵᠡᠮᠰᠢᠵᠦ ᠪᠤᠢ ᠶᠤᠮ ᠪᠠᠶᠢᠨ᠎ᠠ᠃ ᠠᠭᠤᠯᠠ ᠠᠭᠤᠷᠬᠠᠢ ᠶᠢᠨ ᠬᠠᠶᠢᠭᠤᠯ᠂ ᠠᠰᠢᠭᠯᠠᠯᠲᠠ ᠶᠢᠨ ᠦᠢᠯᠡ ᠠᠵᠢᠯᠯᠠᠭ᠎ᠠ ᠪᠠᠨ ᠶᠠᠪᠤᠭᠤᠯᠵᠤ ᠪᠠᠶᠢᠭ᠎ᠠ ᠲᠠᠯᠠᠪᠠᠢ ᠳᠤ 75 ᠡᠷᠦᠬᠡ ᠶᠢᠨ 22847 ᠲᠣᠯᠣᠭᠠᠢ ᠮᠠᠯ᠂ 20 ᠭᠠᠷᠤᠢ ᠪᠤᠯᠠᠭ ᠱᠠᠩᠳᠠ ᠪᠠᠶᠢᠨ᠎ᠠ᠃ ᠮᠥᠨ ᠭᠤᠷᠪᠠᠨᠲᠡᠰ ᠰᠤᠮᠤ ᠶᠢᠨ 9 ᠭᠠᠶᠢᠬᠠᠮᠰᠢᠭᠲᠤ ᠣᠷᠣᠳᠠᠭ 《ᠬᠦᠷᠢᠨ ᠬᠠᠨ᠎ᠠ ᠶᠢᠨ ᠬᠡᠴᠡ》 ᠨᠡᠷ᠎ᠡ ᠲᠡᠢ ᠪᠠᠶᠢᠭᠠᠯ ᠤᠨ ᠥᠪᠡᠷᠮᠢᠴᠡ ᠲᠣᠭᠲᠠᠴᠠ ᠪᠦᠬᠦᠢ ᠦᠵᠡᠰᠬᠦᠯᠡᠩᠲᠦ ᠭᠠᠵᠠᠷ ᠪᠠᠭᠲᠠᠵᠠᠢ᠃

ᠡᠬᠡ ᠰᠤᠷᠪᠤᠯᠵᠢ[засварлах | кодоор засварлах]

ᠲᠷᠧᠨ᠍ᠲᠰ