ᠳᠠᠭᠢᠨᠢ

Wikibilig-с
ᠸᠴᠢᠷᠲᠤ ᠶᠤᠮ ᠳᠠᠭᠢᠨᠢ

ᠳᠠᠭᠢᠨᠢ ᠪᠤᠷᠬᠠᠨ ᠤ ᠱᠠᠰᠢᠨ ᠤ ᠸᠴᠢᠷᠲᠤ ᠬᠥᠯᠭᠡᠨ ᠦ ᠲᠣᠮᠢᠶᠠᠯᠠᠯ ᠳᠤ ᠠᠪᠤᠷᠠᠯᠲᠤ ᠭᠤᠷᠪᠠᠨ ᠡᠷᠳᠡᠨᠢ  ᠶᠢᠨ ᠣᠶᠢᠯᠠᠭᠠᠯᠲᠠ ᠳᠣ ᠭᠤᠷᠪᠠᠨ ᠦᠨᠳᠦᠰᠦ (རྩ་གསུམ) ᠪᠣᠯᠵᠤ ᠣᠷᠣᠳᠠᠭ᠃ ᠳᠠᠭᠢᠨᠢ ᠬᠥᠮᠥᠨ ᠳᠦᠷᠢ ᠪᠡᠷ ᠵᠠᠯᠠᠷᠠᠵᠤ ᠪᠠᠭᠰᠢ ᠯᠠᠮ᠎ᠠ ᠶᠢᠨ ᠶᠣᠰᠣ ᠪᠠᠷ ᠱᠠᠪᠢ ᠨᠠᠷ ᠲᠤ ᠪᠠᠨ ᠸᠴᠢᠷᠲᠤ ᠬᠥᠯᠭᠡᠨ ᠦ ᠨᠣᠮ ᠢ ᠳᠠᠮᠵᠢᠭᠤᠯᠤᠨ ᠰᠤᠷᠭᠠᠵᠤ᠂ ᠲᠠᠷᠨᠢ ᠶᠢᠨ ᠶᠣᠰᠣᠨ ᠤ ᠲᠠᠩᠭᠠᠷᠢᠭ ᠤᠨ (དམ་ཚིག) ᠪᠠᠷᠢᠯᠳᠤᠯᠭ᠎ᠠ ᠪᠠᠷ ᠬᠣᠯᠪᠣᠭᠳᠠᠵᠤ ᠪᠣᠯᠤᠨ᠎ᠠ᠃ ᠪᠢᠯᠢᠭ ᠦᠨ ᠳᠠᠭᠢᠨᠢ ᠨᠢ ᠢᠳᠠᠮ ᠪᠤᠶᠤ ᠪᠢᠰᠢᠯᠭᠠᠯ ᠤᠨ ᠣᠷᠣᠨ᠂ ᠳᠣᠷᠵᠢᠨᠠᠯᠵᠣᠷᠮ ᠠ ᠲᠡᠷᠢᠭᠦᠲᠡᠨ ᠪᠢᠰᠢᠯᠭᠠᠭᠠᠴᠢ ᠶᠥᠭᠡᠵᠡᠷᠢᠮ᠎ᠠ ᠥᠬᠢᠨ ᠲᠩᠷᠢᠰ ᠪᠠᠶᠢᠵᠤ ᠪᠣᠯᠤᠨ᠎ᠠ᠃ ᠡᠰᠡᠪᠡᠯ ᠨᠣᠮ ᠤᠨ ᠰᠠᠬᠢᠭᠤᠰᠤ ᠪᠠᠶᠢᠵᠤ ᠪᠣᠯᠬᠤ ᠪᠠ ᠪᠢᠯᠢᠭ  ᠦᠨ ᠳᠠᠭᠢᠨᠢᠰ ᠠᠮᠠᠨ ᠳᠠᠮᠵᠢᠯᠭ᠎ᠠ ᠶᠢᠨ ᠮᠠᠳᠠᠭ  ᠦᠭᠡᠢ ᠠᠷᠢᠭᠤᠨ ᠢ ᠬᠠᠳᠠᠭᠠᠯᠠᠨ ᠬᠠᠮᠠᠭᠠᠯᠠᠬᠤ ᠴᠢᠳᠠᠯ ᠲᠠᠢ᠂ ᠪᠠᠰᠠ ᠡᠭᠦᠷᠭᠡ ᠬᠦᠯᠢᠶᠡᠭᠰᠡᠨ ᠪᠠᠶᠢᠳᠠᠭ᠃ ᠳᠠᠭᠢᠨᠢ (डाकिनी) ᠭᠡᠳᠡᠭ ᠨᠢ ᠰᠠᠮᠭᠠᠷᠳᠢ ᠦᠭᠡ ᠪᠠ ᠲᠥᠪᠡᠳ ᠢᠶᠡᠷ ᠬᠠᠨ᠋ᠳ᠋ᠷᠣ᠂ ᠬᠠᠨ᠋ᠳ᠋ᠷᠤᠮ ᠠ (མཁའ་འགྲོ᠂མཁའ་འགྲོ་མ) ᠭᠡᠳᠡᠭ ᠪᠥᠭᠡᠳ ᠡᠨᠡ ᠨᠢ《ᠣᠭᠲᠠᠷᠭᠤᠢ ᠳᠤ ᠣᠳᠤᠭᠴᠢ》 ᠭᠡᠰᠡᠨ ᠤᠳᠬ᠎ᠠ ᠲᠠᠢ᠃ ᠡᠨᠡᠬᠦ 《ᠣᠭᠲᠠᠷᠭᠤᠢ ᠳᠤ ᠣᠳᠤᠭᠴᠢ》 ᠬᠡᠮᠡᠬᠦ ᠨᠡᠷᠡᠶᠢᠳᠬᠡᠯ ᠦᠨ 《ᠣᠭᠲᠠᠷᠭᠤᠢ》 ᠨᠢ ᠬᠣᠭᠣᠰᠣᠨ ᠴᠢᠨᠠᠷ ᠢ ᠲᠥᠯᠦᠭᠡᠯᠡᠵᠦ᠂ 《ᠣᠳᠬᠤ》 ᠬᠡᠮᠡᠬᠦ ᠨᠢ ᠬᠣᠭᠣᠰᠣᠨ ᠴᠢᠨᠠᠷ ᠢ ᠲᠡᠭᠦᠰ ᠣᠨᠣᠭᠰᠠᠨ ᠢ ᠪᠡᠯᠭᠡᠳᠡᠳᠡᠭ ᠪᠠᠶᠢᠨ᠎ᠠ᠃ ᠬᠣᠭᠣᠰᠣᠨ ᠴᠢᠨᠠᠷ ᠤᠨ ᠡᠭᠦᠳᠡᠨ ᠡᠴᠡ ᠠᠯᠢᠪᠠ ᠦᠵᠡᠭᠳᠡᠯ ᠥᠪᠡᠷ ᠦᠨ ᠮᠥᠨ ᠴᠢᠨᠠᠷ ᠢᠶᠠᠷ ᠣᠷᠣᠰᠢᠮᠠᠯ ᠦᠭᠡᠢ ᠲᠤᠯᠠ ᠶᠠᠮᠠᠷ ᠴᠤ ᠳᠦᠷᠢ ᠪᠡᠷ ᠤᠷᠤᠰᠢᠬᠤ ᠪᠦᠷᠢᠨ ᠪᠣᠯᠤᠮᠵᠢ ᠲᠠᠢ ᠠᠵᠢ᠃ ᠳᠠᠭᠢᠨᠢ ᠨᠤᠭᠤᠳ ᠪᠣᠯ ᠰᠢᠷᠦᠭᠦᠨ ᠳᠣᠭᠰᠢᠨ᠂ ᠬᠤᠶᠢᠰᠠᠭᠠᠨᠠᠭᠤᠷ ᠵᠠᠩ ᠠᠷᠠᠨᠰᠢᠨ ᠲᠠᠢ᠂ ᠡᠮ ᠡ ᠬᠦᠢᠰᠦ ᠲᠡᠢ ᠲᠥᠷᠥᠯᠲᠡᠨ ᠨᠦᠭᠦᠳ ᠪᠠᠶᠢᠳᠠᠭ ᠪᠠ ᠨᠣᠮ ᠤᠨ ᠪᠦᠲᠦᠭᠡᠯᠴᠢ᠂ ᠪᠢᠰᠢᠯᠭᠠᠭᠠᠴᠢᠳ ᠤᠨ ᠡᠷᠡᠮᠡᠯᠵᠡᠯ ᠲᠡᠮᠡᠦᠯᠡᠯ ᠢ ᠳᠡᠮᠵᠢᠳᠡᠭ᠃ ᠲᠡᠳᠡ ᠠᠮᠤᠭᠤᠯᠠᠩ᠂ ᠳᠣᠭᠰᠢᠨ᠂ ᠡᠰᠡᠪᠡᠯ ᠠᠮᠤᠭᠤᠯᠠᠩ ᠪᠠ ᠳᠣᠭᠰᠢᠨ ᠢ ᠬᠣᠣᠰᠯᠠᠭᠤᠯᠤᠭᠰᠠᠨ ᠳᠦᠷᠢ ᠪᠡᠷ ᠣᠷᠣᠰᠢᠵᠤ ᠪᠣᠯᠤᠨ᠎ᠠ᠃ ᠨᠣᠮ ᠤᠨ ᠮᠥᠷ ᠲᠦ ᠵᠣᠷᠢᠭᠵᠢᠭᠤᠯᠤᠨ ᠰᠡᠳᠦᠯᠵᠢᠭᠦᠯᠬᠦ ᠶᠢᠨ ᠰᠠᠴᠠᠭᠤ ᠪᠦᠲᠦᠭᠡᠯᠴᠢᠳ ᠦᠨ ᠨᠣᠮ ᠤᠨ ᠠᠬᠢᠴᠠ ᠳᠡᠪᠰᠢᠯ ᠢ ᠰᠢᠯᠭᠠᠳᠠᠭ᠃ ᠬᠠᠩᠳᠣ ᠳᠠᠭᠢᠨᠢᠰ ᠤᠨ ᠠᠷᠢᠭᠤᠨ ᠣᠷᠣᠨ ᠢ ᠻᠧᠴᠠᠷᠠ ᠭᠡᠨ᠎ᠡ᠃ ᠮᠥᠨ ᠳᠠᠭᠢᠨᠢᠰ ᠲᠠᠢ ᠠᠳᠠᠯᠢ ᠰᠠᠴᠠᠭᠤ ᠶᠠᠪᠤᠳᠠᠯ ᠦᠢᠯᠡ᠂ ᠭᠠᠵᠠᠷ ᠮᠥᠷ ᠦᠨ ᠠᠬᠢᠴᠠ᠂ ᠡᠷᠳᠡᠮ ᠴᠢᠳᠠᠯ ᠪᠦᠬᠦᠢ ᠡᠷᠡᠭᠲᠡᠢ ᠲᠥᠷᠥᠯᠲᠡᠨ ᠨᠦᠭᠦᠳ ᠢ ᠪᠠᠪᠤᠦᠤ ᠪᠤᠶᠤ ᠪᠠᠭᠠᠲᠤᠷᠰ ᠭᠡᠨ᠎ᠡ᠃

ᠪᠤᠷᠬᠠᠨ ‍ᠤ ᠱᠠᠰᠢᠨ ᠳᠤ[засварлах | кодоор засварлах]

ᠲᠥᠪᠡᠳ ᠦᠨ ᠪᠤᠷᠬᠠᠨ ᠤ ᠱᠠᠰᠢᠨ᠂ ᠰᠡᠳᠬᠢᠯ ᠲᠡᠳᠦᠶᠢᠲᠡᠨ ᠦ ᠲᠣᠭᠲᠠᠭᠰᠠᠨ ᠲᠠᠭᠠᠯᠠᠯ᠂ ᠸᠴᠢᠷᠲᠤ ᠬᠥᠯᠭᠡᠨ ᠳᠦ ᠣᠶᠢᠷ᠎ᠠ ᠬᠣᠯᠪᠣᠭ᠎ᠠ ᠲᠠᠢ ᠤᠯᠠᠮᠵᠢᠯᠠᠯ ᠤᠳ ᠲᠤ ᠳᠠᠭᠢᠨᠢ ᠶᠢ ᠪᠦᠲᠦᠭᠡᠯᠴᠢ᠂ ᠪᠢᠰᠢᠯᠭᠠᠭᠠᠴᠢᠳ ᠤᠨ ᠡᠷᠳᠡᠮ᠂ ᠦᠨᠡᠨ ᠵᠣᠷᠢᠭᠳᠠᠯ ᠢ ᠰᠣᠷᠢᠳᠠᠭ ᠡᠭᠡᠯ ᠶᠢᠷᠲᠢᠨᠴᠦ ᠶᠢᠨ ᠪᠤᠰᠤ᠂ ᠲᠩᠷᠢ ᠶᠢᠨ ᠲᠥᠷᠥᠯᠲᠡᠨ ᠭᠡᠵᠦ ᠳᠦᠷᠰᠦᠯᠡᠳᠡᠭ ᠪᠠᠶᠢᠨ᠎ᠠ᠃ ᠪᠦᠲᠦᠭᠡᠯᠴᠢ ᠳᠤ ᠳᠠᠭᠢᠨᠢ ᠵᠠᠯᠠᠷᠠᠨ ᠰᠣᠷᠢᠬᠤ ᠠᠭᠠᠳ ᠲᠡᠷᠡ ᠰᠣᠷᠢᠯ ᠢ ᠳᠠᠪᠠᠭᠰᠠᠨ ᠪᠦᠲᠦᠭᠡᠯᠴᠢᠳ ᠶᠡᠬᠡ ᠰᠢᠳᠢᠲᠡᠨ (Mahasiddha) ᠬᠡᠮᠡᠭᠳᠡᠵᠦ᠂ ᠲᠡᠳᠡᠨ ᠳᠦ ᠲᠡᠭᠦᠰ ᠪᠠᠶᠠᠰᠬᠤᠯᠠᠩ ᠬᠢᠭᠡᠳ ᠭᠡᠭᠡᠷᠡᠯ ᠦᠨ ᠣᠷᠣᠨ ᠳᠠᠭᠢᠨᠢᠰ ᠤᠨ ᠶᠢᠷᠲᠢᠨᠴᠦ ᠨᠡᠭᠡᠭᠡᠭᠳᠡᠭᠰᠡᠨ ᠲᠤᠬᠠᠢ ᠲᠡᠦᠬᠡ ᠱᠠᠰᠲᠢᠷ ᠲᠤ ᠣᠯᠠᠨᠲᠠ ᠭᠠᠷᠳᠠᠭ᠃ ᠳᠠᠭᠢᠨᠢᠰ ᠢ ᠭᠣᠸ᠎ᠠ ᠦᠵᠡᠰᠬᠦᠯᠡᠩᠲᠦ ᠯᠠᠭᠱᠠᠨ ᠢᠶᠠᠨ ᠢᠯᠡ ᠭᠠᠷᠭᠠᠭᠰᠠᠨ ᠢᠶᠠᠷ ᠣᠯᠠᠨᠲᠠ ᠳᠦᠷᠰᠦᠯᠡᠳᠡᠭ ᠨᠢ ᠦᠨᠡᠨ ᠦ ᠴᠢᠨᠠᠳᠤ ᠶᠢ ᠪᠡᠯᠭᠡᠳᠡᠬᠦ ᠪᠠ ᠬᠠᠷᠢᠨ ᠲᠠᠴᠢᠶᠠᠩᠭᠤᠢ ᠶᠢᠨ ᠢᠯᠡᠷᠬᠡᠶᠢᠯᠡᠯ ᠪᠤᠰᠤ ᠶᠤᠮ᠃ ᠳᠠᠭᠢᠨᠢᠰ ᠪᠦᠲᠦᠭᠡᠯᠴᠢ᠂ ᠪᠢᠰᠢᠯᠭᠠᠭᠠᠴᠢ ᠪᠡᠯᠭᠡᠰ ᠦᠨ ᠰᠢᠨᠤᠯ ᠲᠠᠴᠢᠶᠠᠯ ᠢᠶᠠᠨ ᠡᠷᠬᠡᠨ ᠳᠦ ᠪᠡᠨ ᠬᠤᠷᠢᠶᠠᠵᠤ ᠴᠢᠳᠠᠭᠰᠠᠨ ᠡᠰᠡᠬᠦ ᠶᠢ ᠰᠣᠷᠢᠭᠰᠠᠨ ᠲᠤᠬᠠᠢ ᠦᠭᠦᠯᠡᠭᠰᠡᠨ ᠪᠠᠶᠢᠳᠠᠭ ᠴᠤ ᠳᠠᠭᠢᠨᠢᠰ ᠥᠪᠡᠷᠰᠡᠳ ᠢᠶᠡᠨ ᠲᠠᠴᠢᠶᠠᠩᠭᠤᠢ ᠰᠡᠳᠬᠢᠯ ᠡᠴᠡ ᠠᠩᠭᠢᠳᠠ ᠪᠢᠯᠡ᠃

ᠬᠠᠨᠢᠴᠠᠰᠢ ᠦᠭᠡᠢ ᠳᠡᠭᠡᠳᠦ ᠶᠥᠭᠡᠵᠡᠷᠢ ᠊ᠦᠨ ᠳᠠᠨᠳᠠᠷ[засварлах | кодоор засварлах]

ᠠᠷᠭ᠎ ‍ᠠ᠋ ᠪᠢᠯᠢᠭ

ᠳᠠᠭᠢᠨᠢᠰ ᠬᠡᠢ ᠰᠤᠳᠠᠯ ᠤᠨ ᠲᠠᠮᠢᠷ ᠤᠨ ᠪᠦᠬᠦᠢ ᠯᠠ ᠢᠯᠡᠷᠡᠯ ᠲᠡᠢ ᠪᠠᠷᠢᠯᠳᠤᠯᠭ᠎ᠠ ᠲᠠᠢ ᠶᠢᠨ ᠤᠴᠢᠷ ᠬᠣᠣᠷᠲᠤ ᠨᠢᠰᠧᠠᠨᠨᠢᠰ ᠤᠨ ᠡᠷᠴᠢᠮ ᠢ ᠭᠡᠭᠡᠷᠡᠭᠰᠡᠨ ᠪᠢᠯᠢᠭᠦᠨ ᠦ ᠭᠡᠷᠡᠯᠲᠦ ᠡᠷᠴᠢᠮ ᠳᠦ ᠤᠷᠪᠠᠭᠤᠯᠵᠤ ᠭᠡᠭᠡᠨ ᠭᠡᠷᠡᠯ ᠢ ᠦᠵᠡᠬᠦ ᠮᠥᠷ ᠪᠣᠯᠬᠤ ᠬᠠᠨᠢᠴᠠᠰᠢ ᠦᠭᠡᠢ ᠳᠡᠭᠡᠳᠦ ᠶᠥᠭᠡᠵᠡᠷᠢ ᠦᠨ ᠳᠠᠨᠳᠠᠷ ᠲᠦ ᠬᠠᠨᠢᠰᠠᠳᠠᠭ᠃ ᠲᠦᠪᠳᠡᠨ ᠶᠡᠰᠢ ᠪᠠᠭᠰᠢ ᠡᠭᠦᠨ ᠢ ᠲᠠᠶᠢᠯᠪᠤᠷᠢᠯᠠᠭᠰᠠᠨ ᠨᠢ᠄ ᠲᠡᠭᠦᠰᠬᠡᠯ ᠦᠨ ᠵᠡᠷᠭᠡ ᠶᠢ ᠦᠢᠯᠡᠳᠴᠦ ᠰᠤᠷᠠᠭᠠᠳ ᠨᠠᠷᠢᠨ ᠪᠡᠶ᠎ᠡ ᠶᠢᠨ ᠬᠡᠢ ᠪᠡᠨ ᠵᠠᠯᠠᠬᠤ ᠴᠢᠳᠠᠪᠤᠷᠢ ᠲᠠᠢ ᠪᠣᠯᠤᠭᠰᠠᠨ ᠦᠶ᠎ᠡ ᠳᠦ ᠪᠠᠪᠤᠦᠦ᠂ ᠬᠠᠩᠳᠤ ᠨᠠᠷ ᠵᠠᠯᠠᠷᠠᠳᠠᠭ᠃ ᠲᠡᠷᠡᠬᠦ ᠬᠠᠨᠢᠰᠠᠭᠴᠢ ᠶᠢ ᠲᠡᠪᠡᠷᠢᠭᠰᠡᠨ ᠢᠶᠡᠷ ᠪᠦᠬᠦ ᠬᠡᠢ ᠶᠢ ᠲᠥᠪ ᠰᠤᠳᠠᠯ ᠳᠤ ᠪᠠᠨ ᠣᠷᠣᠭᠤᠯᠵᠤ᠂ ᠲᠡᠨᠳᠡ ᠡᠴᠡ ᠵᠢᠷᠦᠬᠡᠨ ᠬᠦᠷᠳ᠋ ᠨᠡᠭᠡᠭᠡᠭᠳᠡᠵᠦ ᠭᠡᠭᠡᠨ ᠭᠡᠷᠡᠯ ᠢ ᠬᠠᠮᠤᠭ ᠤᠨ ᠴᠢᠨᠠᠳᠤ ᠶᠢᠨ ᠲᠦᠪᠰᠢᠨ ᠳᠦ ᠮᠡᠳᠡᠷᠡᠨ᠎ᠡ᠃ ᠶᠠᠪ ᠶᠤᠮ ᠲᠠᠷᠨᠢ ᠶᠢᠨ ᠶᠣᠰᠣᠨ ᠤ ᠶᠠᠪ ᠶᠤᠮ ᠣᠷᠢᠶᠠᠯᠳᠤᠭᠰᠠᠨ ᠪᠢᠰᠢᠯᠭᠠᠯ ᠳᠤ ᠬᠦᠮᠦᠨ ᠦ ᠳᠦᠷᠢ ᠪᠡᠷ ᠣᠷᠣᠰᠢᠵᠤ ᠪᠠᠶᠢᠭ᠎ᠠ ᠳᠠᠭᠢᠨᠢ ᠬᠠᠮᠲᠤᠷᠠᠳᠠᠭ᠃ ᠬᠠᠮᠲᠤᠷᠠᠨ ᠪᠦᠲᠦᠭᠡᠯ ᠬᠢᠵᠦ ᠪᠠᠶᠢᠭ᠎ᠠ ᠬᠣᠣᠰ ᠨᠢ ᠨᠠᠷᠢᠨ ᠪᠡᠶ᠎ᠡ ᠶᠢᠨ ᠬᠡᠢ ᠶᠢᠨ ᠤᠷᠤᠰᠬᠠᠯ ᠤᠨ ᠲᠠᠮᠢᠷ ᠢ ᠡᠷᠴᠢᠮᠵᠢᠭᠦᠯᠡᠳᠡᠭ᠌᠃ ᠢᠩᠭᠢᠵᠦ ᠨᠡᠶᠢᠯᠡᠭᠰᠡᠨ ᠪᠠᠪᠤᠦ ᠪᠠ ᠬᠠᠩᠳᠦ ᠨᠢ ᠨᠣᠮ ᠤᠨ ᠪᠦᠲᠦᠭᠡᠯ ᠳᠦ ᠪᠡᠨ ᠲᠥᠪᠯᠡᠷᠡᠬᠦ ᠶᠢᠨ ᠰᠠᠴᠠᠭᠤ ᠡᠳᠦᠭᠡᠭᠳᠡᠵᠦ ᠣᠷᠭᠢᠯᠠᠭᠰᠠᠨ ᠡᠷᠴᠢᠮ ᠢᠶᠡᠨ ᠵᠣᠬᠢᠴᠠᠭᠤᠯᠳᠠᠭ᠃ ᠡᠶᠢᠨᠬᠦᠦ ᠪᠡᠯᠭᠡᠰ ᠦᠨ ᠲᠠᠭᠠᠰᠢᠶᠠᠯ ᠢ ᠳᠠᠨᠳᠠᠷ ᠤᠨ ᠮᠥᠷ ᠲᠦ ᠤᠷᠪᠠᠭᠤᠯᠳᠠᠭ ᠪᠠᠶᠢᠨ᠎ᠠ᠃ ᠲᠡᠶᠢᠮᠦ ᠡᠴᠡ ᠡᠳᠡᠭᠡᠷ ᠵᠠᠩ ᠦᠢᠯᠡ ᠶᠢ ᠸᠴᠢᠷᠲᠤ ᠬᠥᠯᠭᠡᠨ ᠦ ᠪᠦᠲᠦᠭᠡᠯ ᠦᠨ ᠮᠥᠷ ᠲᠡᠢ ᠬᠣᠯᠪᠣᠵᠤ ᠬᠤᠷᠠᠨ ᠮᠡᠳᠡᠬᠦ ᠪᠠ ᠳᠠᠩ ᠮᠢᠬᠠᠨ ᠪᠡᠶ᠎ᠡ ᠶᠢᠨ ᠲᠠᠭᠠᠰᠢᠶᠠᠯ ᠮᠡᠲᠦ ᠪᠡᠷ ᠣᠶᠢᠯᠠᠭᠠᠵᠤ ᠪᠣᠯᠬᠤ ᠦᠭᠡᠢ᠃ ᠡᠳᠡᠭᠡᠷ ᠪᠢᠰᠢᠯᠭᠠᠯ ᠤᠨ ᠠᠮᠠᠨ ᠳᠠᠮᠵᠢᠯᠭ᠎ᠠ᠂ ᠡᠷᠬᠡ ᠠᠪᠢᠰᠢᠭ ᠢ ᠳᠠᠨᠳᠠᠷ ᠤᠨ ᠶᠣᠰᠣᠨ ᠤ ᠪᠠᠭᠰᠢ ᠪᠯᠠᠮ ᠠ ᠠᠴᠠ ᠠᠪᠬᠤ ᠨᠢ ᠵᠠᠶᠢᠯᠠᠰᠢ ᠦᠭᠡᠢ ᠴᠢᠬᠤᠯᠠ᠂ ᠳᠤᠷ᠎ᠠ ᠵᠣᠷᠭᠣ ᠪᠠᠷ ᠨᠠᠷᠢᠨ ᠪᠡᠶ᠎ᠡ ᠶᠢᠨ ᠬᠡᠢ ᠪᠡᠷ ᠣᠷᠣᠯᠳᠤᠪᠠᠯ ᠨᠡᠩ ᠣᠰᠣᠯ ᠲᠠᠢ᠃

ᠳᠠᠭᠢᠨᠢᠰ ᠤᠨ ᠭᠤᠷᠪᠠᠨ ᠠᠩᠭᠢ[засварлах | кодоор засварлах]

ᠳᠠᠭᠢᠨᠢᠰ ᠢ ᠨᠣᠮ ᠤᠨ ᠮᠥᠷ ᠲᠦ ᠬᠦᠷᠦᠭᠰᠡᠨ ᠭᠠᠵᠠᠷ ᠢᠶᠠᠷ ᠨᠢ ᠭᠤᠷᠪᠠᠨ ᠥᠭᠡᠷ᠎ᠡ ᠠᠩᠭᠢ ᠳᠤ ᠬᠤᠪᠢᠶᠠᠵᠤ ᠦᠵᠡᠳᠡᠭ᠂ ᠡᠭᠦᠨ ᠳᠦ᠄ ᠳᠣᠣᠷᠠᠳᠤ ᠠᠩᠭᠢᠯᠠᠯ ᠳᠤ ᠨᠢ ᠭᠡᠭᠡᠷᠡᠯ ᠳᠦ ᠬᠦᠷᠦᠭᠡᠳᠦᠢ ᠲᠤᠯᠠ ᠬᠦᠮᠦᠰ ᠲᠦ ᠬᠣᠣᠷ ᠲᠠᠢ ᠡᠰᠡᠪᠡᠯ ᠲᠤᠰᠠ ᠲᠠᠢ ᠴᠤ ᠪᠠᠶᠢᠵᠤ ᠪᠣᠯᠬᠤ ᠳᠠᠭᠢᠨᠢᠰ ᠣᠷᠣᠨ᠎ᠠ᠃ ᠳᠤᠮᠳᠠ ᠠᠩᠭᠢᠯᠠᠯ ᠳᠤ ᠨᠢ ᠡᠨᠡᠳᠬᠡᠭ ᠲᠥᠪᠡᠳ ᠦᠨ 24 ᠳᠠᠭᠰᠢᠨ ᠭᠠᠵᠠᠷ ᠲᠠᠢ ᠪᠠᠷᠢᠯᠳᠤᠯᠭ᠎ᠠ ᠲᠠᠢ᠂ ᠨᠣᠮ ᠤᠨ ᠮᠥᠷ ᠦᠨ ᠥᠨᠳᠥᠷ ᠲᠦᠪᠰᠢᠨ ᠳᠦ ᠬᠦᠷᠦᠭᠰᠡᠨ ᠬᠦᠮᠦᠰ ᠲᠦ ᠯᠠ ᠦᠵᠡᠭᠳᠡᠬᠦ ᠳᠠᠭᠢᠨᠢᠰ ᠪᠠᠭᠲᠠᠨ᠎ᠠ᠃ ᠲᠡᠷᠡᠬᠦ 24 ᠳᠠᠭᠰᠢᠨ ᠣᠷᠣᠨ ᠨᠢ ᠨᠠᠷᠢᠨ ᠪᠡᠶ᠎ᠡ ᠶᠢᠨ ᠮᠥᠨ ᠴᠢᠨᠠᠷ ᠤᠳ ᠠᠭᠠᠳ ᠳᠠᠨᠳᠠᠷ ᠤᠨ ᠶᠣᠰᠣᠨ ᠤ ᠵᠠᠷᠢᠮ ᠪᠢᠰᠢᠯᠭᠠᠯ ᠤᠨ ᠦᠶ᠎ᠡ ᠳᠦ ᠦᠵᠡᠵᠦ ᠪᠣᠯᠳᠠᠭ ᠪᠠᠶᠢᠨ᠎ᠠ᠃ ᠳᠡᠭᠡᠳᠦ ᠠᠩᠭᠢᠯᠠᠯ ᠳᠤ ᠨᠢ ᠭᠡᠭᠡᠷᠡᠭᠰᠡᠨ ᠲᠥᠷᠥᠯᠬᠢᠲᠡᠨ᠂ ᠨᠣᠮ ᠤᠨ ᠯᠠᠭᠱᠠᠨ ᠤ ᠳᠦᠷᠢ ᠨᠦᠭᠦᠳ ᠪᠠᠭᠲᠠᠳᠠᠭ᠃ ᠲᠡᠭᠦᠨᠴᠢᠯᠡᠨ ᠳᠠᠭᠢᠨᠢᠰ ᠢ ᠪᠤᠷᠬᠠᠨ ᠤ ᠭᠤᠷᠪᠠᠨ ᠯᠠᠭᠱᠠᠨ ᠳᠤ ᠬᠠᠷᠠᠭᠠᠯᠵᠠᠭᠤᠯᠤᠨ ᠠᠩᠭᠢᠯᠠᠳᠠᠭ᠃ ᠨᠣᠮ ᠤᠨ ᠯᠠᠭᠱᠠᠨ ᠤ ᠳᠠᠭᠢᠨᠢ᠂ Samantabhadrī ᠪᠤᠶᠤ ᠭᠦᠨᠳᠦᠰᠠᠮᠮᠣ ᠬᠠᠮᠤᠭ ᠦᠵᠡᠭᠳᠡᠯ ᠭᠠᠷᠬᠤ ᠣᠷᠣᠨ ᠨᠣᠮ ᠤᠨ ᠲᠥᠪ ᠢ (ཆོས་ཀྱི་དབྱིངས) ᠲᠥᠯᠦᠭᠡᠯᠡᠳᠡᠭ᠃ ᠲᠡᠭᠦᠰ ᠪᠠᠶᠠᠰᠬᠤᠯᠠᠩ ᠤᠨ ᠯᠠᠭᠱᠠᠨ ᠤ ᠳᠠᠭᠢᠨᠢᠰ ᠨᠢ ᠳᠠᠨᠳᠠᠷ ᠤᠨ ᠪᠦᠲᠦᠭᠡᠯ ᠦᠨ ᠪᠢᠰᠢᠯᠭᠠᠯ ᠤᠨ ᠣᠷᠣᠨ ᠢᠳᠠᠮ ᠪᠤᠷᠬᠠᠳ ᠪᠠᠶᠢᠳᠠᠭ᠃ ᠬᠤᠪᠢᠯᠭᠠᠨ ᠯᠠᠭᠱᠠᠨ ᠤ ᠳᠠᠭᠢᠨᠢᠰ ᠣᠨᠴᠠᠭᠠᠢ ᠴᠢᠳᠠᠪᠤᠷᠢ ᠲᠠᠢ ᠲᠦᠷᠦᠭᠰᠡᠨ ᠪᠦᠰᠡᠭᠦᠢ ᠬᠦᠮᠦᠰ ᠪᠠᠶᠢᠬᠤ ᠠᠭᠠᠳ ᠥᠨᠳᠥᠷ ᠲᠦᠪᠰᠢᠨ ᠳᠦ ᠬᠦᠷᠦᠭᠰᠡᠨ ᠶᠥᠭᠡᠵᠡᠷᠢᠮ᠎ᠠ᠂ ᠪᠠᠭᠰᠢ ᠪᠯᠠᠮ ᠠ ᠨᠠᠷ ᠤᠨ ᠭᠡᠷᠭᠡᠢᠰ᠂ ᠡᠰᠡᠪᠡᠯ ᠶᠡᠷᠦ ᠡᠴᠡ ᠠᠯᠢᠪᠠ ᠪᠦᠰᠡᠭᠦᠢ ᠬᠦᠮᠦᠨ ᠢ ᠢᠵᠠᠭᠤᠷ ᠤᠨ ᠲᠠᠪᠤᠨ ᠪᠤᠷᠬᠠᠨ ᠤ ᠠᠯᠢ ᠨᠢᠭᠡᠨ ᠳᠦ ᠬᠠᠮᠢᠶᠠᠷᠤᠭᠤᠯᠵᠤ ᠪᠣᠯᠬᠤ ᠲᠤᠯᠠ ᠪᠦᠬᠦ ᠡᠮᠡᠭᠲᠡᠶᠢᠴᠦᠳ ᠢ ᠳᠠᠭᠢᠨᠢ ᠳᠤ ᠪᠠᠷᠢᠵᠤ ᠪᠣᠯᠤᠨ᠎ᠠ᠃

ᠳᠣᠲᠣᠭᠠᠳᠤ ᠰᠡᠳᠬᠢᠯ ᠦᠨ ᠳᠠᠭᠢᠨᠢ[засварлах | кодоор засварлах]

ᠳᠠᠭᠢᠨᠢ ᠶᠢ ᠳᠣᠮᠣᠭ ᠦᠯᠢᠭᠡᠷ ᠦᠨ ᠲᠥᠷᠥᠯᠲᠡᠨ ᠲᠡᠳᠦᠢ ᠪᠢᠰᠢ ᠪᠣᠳᠠᠭᠠᠯᠢ ᠶᠢᠨ ᠳᠣᠲᠣᠭᠠᠳᠤ ᠰᠡᠳᠬᠢᠯ ᠵᠦᠢ ᠶᠢᠨ ᠦᠢᠯᠡ ᠶᠠᠪᠤᠴᠠ ᠶᠢᠨ ᠪᠡᠯᠭᠡᠳᠡᠯ ᠭᠡᠵᠦ ᠦᠵᠡᠵᠦ ᠪᠣᠯᠤᠨ᠎ᠠ᠃ ᠲᠡᠶᠢᠮᠦ ᠡᠴᠡ ᠪᠤᠷᠬᠠᠨ ᠤ ᠨᠣᠮ ᠤᠨ ᠮᠥᠷ ᠲᠦ ᠵᠣᠷᠢᠭᠵᠢᠭᠤᠯᠵᠤ᠂ ᠠᠬᠢᠵᠤ ᠳᠡᠪᠰᠢᠬᠦ ᠳᠦ ᠲᠦᠯᠬᠢᠴᠡ ᠪᠣᠯᠤᠭᠰᠠᠨ ᠪᠦᠬᠦᠢ ᠯᠠ ᠰᠡᠳᠡᠯ ᠲᠡᠮᠡᠦᠯᠡᠯ ᠢ ᠳᠠᠭᠢᠨᠢᠰ ᠢᠶᠠᠷ ᠲᠥᠯᠦᠭᠡᠯᠡᠭᠦᠯᠳᠡᠭ᠌᠃ ᠲᠡᠷᠡᠬᠦ ᠰᠡᠳᠬᠢᠯ ᠵᠦᠢ ᠶᠢᠨ ᠦᠢᠯᠡ ᠬᠥᠳᠡᠯᠦᠯ ᠨᠢ ᠢᠮᠠᠭᠲᠠ ᠲᠤᠰᠠ ᠡᠷᠳᠡᠮ ᠲᠡᠢ ᠪᠠᠶᠢᠳᠠᠭ ᠦᠭᠡᠢ᠂ ᠶᠢᠷᠲᠢᠨᠴᠦ ᠶᠢ ᠦᠵᠡᠬᠦ ᠦᠵᠡᠯ ᠢ ᠣᠷᠪᠣᠩ ᠢᠶᠠᠷ ᠨᠢ ᠬᠥᠮᠦᠷᠢᠵᠢ᠂ ᠲᠡᠭᠦᠨ ᠢ ᠪᠡᠨ ᠬᠠᠮᠠᠭᠠᠯᠠᠨ ᠪᠠᠶᠢᠭᠰᠠᠨ ᠬᠠᠨ᠎ᠠ ᠬᠡᠷᠡᠮ ᠢ ᠨᠤᠷᠠᠭᠠᠳᠠᠭ᠃ ᠬᠦᠯᠢᠶᠡᠰᠦᠨ ᠡᠴᠡ ᠠᠩᠭᠢᠵᠢᠷᠠᠬᠤ ᠲᠡᠷᠡ ᠦᠢᠯᠡ ᠶᠠᠪᠤᠴᠠ ᠶᠢ ᠬᠡᠷᠬᠢᠨ ᠬᠤᠷᠠᠨ ᠮᠡᠳᠡᠬᠦ ᠨᠢ ᠲᠡᠭᠦᠨ ᠢ ᠬᠦᠯᠢᠶᠡᠨ ᠠᠪᠴᠤ᠂ ᠲᠡᠭᠦᠨ ᠳᠦ ᠠᠭᠤᠰᠬᠤ ᠶᠢ ᠬᠦᠰᠡᠬᠦ ᠡᠰᠡ ᠬᠦᠰᠡᠬᠦ ᠡᠴᠡ ᠰᠢᠯᠲᠠᠭᠠᠯᠠᠨ᠎ᠠ᠃ ᠳᠠᠭᠢᠨᠢᠰ ᠠᠯᠢᠪᠠ ᠶᠠᠭᠰᠢᠮᠠᠯ ᠦᠵᠡᠯ ᠡᠴᠡ ᠠᠩᠭᠢᠳᠠ ᠲᠤᠯᠠ ᠪᠦᠲᠦᠭᠡᠯᠴᠢᠳ ᠲᠦ ᠲᠤᠰᠯᠠᠬᠤ ᠳᠤ ᠪᠠᠨ ᠬᠠᠮᠤᠭ ᠤᠨ ᠶᠡᠷᠦ ᠪᠤᠰᠤ ᠠᠷᠭ᠎ᠠ ᠪᠠᠷ ᠴᠤ ᠢᠯᠡᠷᠡᠵᠦ ᠪᠣᠯᠳᠠᠭ ᠪᠠᠶᠢᠨ᠎ᠠ᠃ ᠳᠠᠨᠳᠠᠷ ᠤᠨ ᠶᠣᠰᠣᠨ ᠤ ᠵᠠᠷᠢᠮ ᠪᠦᠲᠦᠭᠡᠯ ᠦᠨ ᠨᠣᠮ ᠳᠤ (སྒྲུབ་ཐབས) ᠲᠤᠬᠠᠢ ᠶᠢᠨ ᠳᠠᠭᠢᠨᠢ ᠶᠢᠨ ᠢᠳᠡ ᠬᠦᠴᠦ ᠶᠢ ᠡᠭᠦᠰᠬᠡᠨ ᠪᠢᠰᠢᠯᠭᠠᠳᠠᠭ ᠪᠠᠶᠢᠨ᠎ᠠ᠃

ᠭᠠᠳᠠᠭᠠᠳᠤ ᠶᠠᠪᠤᠳᠠᠯ ᠊ᠤᠨ ᠳᠠᠭᠢᠨᠢ[засварлах | кодоор засварлах]

ᠳᠠᠭᠢᠨᠢ ᠲᠠᠢ ᠤᠴᠠᠷᠠᠬᠤ ᠶᠢᠨ ᠲᠤᠬᠠᠶᠢᠲᠤ ᠳᠤ ᠲᠡᠭᠦᠨ ᠦ ᠢᠯᠡᠷᠡᠬᠦ ᠳᠦᠷᠢ ᠶᠢ ᠬᠠᠶᠢᠬᠤ ᠬᠡᠷᠡᠭ ᠦᠭᠡᠢ᠃ ᠳᠠᠭᠢᠨᠢ ᠪᠢᠳᠡᠨ ᠦ ᠨᠣᠮ ᠤᠨ ᠮᠥᠷ ᠲᠦ ᠲᠤᠰᠠᠯᠠᠵᠤ᠂ ᠬᠥᠲᠥᠯᠡᠳᠡᠭ ᠯᠤᠭ᠎ᠠ ᠠᠳᠠᠯᠢ ᠡᠳᠦᠷ ᠲᠤᠲᠤᠮ ᠤᠨ ᠠᠮᠢᠳᠤᠷᠠᠯ ᠳᠤ ᠲᠤᠰᠠᠯᠠᠳᠠᠭ ᠠᠯᠢ ᠴᠤ ᠬᠦᠢᠰᠦ ᠦᠨ ᠬᠥᠮᠥᠨ ᠢ ᠲᠡᠷᠴᠢᠯᠡᠨ ᠬᠠᠷᠠᠵᠤ ᠪᠣᠯᠤᠨ᠎ᠠ᠃

ᠨᠡᠷ᠎ᠡ ᠪᠦᠬᠦᠢ ᠲᠡᠭᠦᠰ ᠪᠠᠶᠠᠰᠬᠤᠯᠠᠩ ᠤᠨ ᠯᠠᠭᠱᠠᠨ ᠤ ᠳᠠᠭᠢᠨᠢᠰ[засварлах | кодоор засварлах]

Vajrayogini ᠪᠤᠶᠤ ᠳᠣᠷᠵᠢᠬᠠᠩᠳᠣ ᠳᠤ (ᠳᠣᠷᠵᠢᠨᠠᠯᠵᠣᠷᠮ ᠠ᠂ ᠨᠠᠷᠣᠬᠠᠵᠣᠳ) ᠳᠠᠭᠢᠨᠢ ᠶᠢ ᠠᠩᠬᠠᠯᠠᠨ ᠰᠠᠵᠠ ᠶᠢᠨ ᠶᠣᠰᠣᠨ ᠳᠤ ᠰᠢᠲᠦᠵᠦ᠂ ᠬᠣᠵᠢᠮ ᠨᠢ ᠪᠤᠰᠤᠳ ᠤᠯᠠᠮᠵᠢᠯᠠᠯ ᠳᠤ ᠰᠢᠲᠦᠬᠦ ᠪᠣᠯᠤᠭᠰᠠᠨ ᠪᠠ ᠶᠡᠬᠡᠪᠴᠢᠯᠡᠨ ᠤᠯᠠᠭᠠᠨ ᠥᠩᠭᠡ ᠶᠢᠨ ᠯᠠᠭᠱᠠᠨ ᠲᠠᠢ᠂ ᠨᠢᠭᠡ ᠮᠤᠲᠤᠷ ᠲᠤ ᠪᠠᠨ ᠣᠴᠢᠷ ᠲᠤ ᠮᠡᠰᠡ᠂ ᠨᠥᠭᠥᠭᠡ ᠮᠤᠲᠤᠷ ᠲᠤ ᠪᠠᠨ ᠳᠦᠭᠦᠷᠡᠩ ᠴᠢᠰᠤ ᠪᠦᠬᠦᠢ ᠭᠠᠪᠠᠯᠠ ᠠᠶᠠᠭ᠎ᠠ ᠡᠷᠬᠡᠰᠢᠶᠡᠭᠰᠡᠨ᠂ ᠭᠠᠪᠠᠯᠠ ᠨᠤᠭᠤᠳ ᠢᠶᠠᠷ ᠴᠢᠮᠡᠭᠰᠡᠨ ᠲᠢᠲᠢᠮ ᠢ ᠲᠡᠷᠢᠭᠦᠨ ᠡ ᠠᠰᠠᠭᠠᠭᠰᠠᠨ᠂ ᠸᠴᠢᠷᠲᠤ ᠪᠡᠷᠢᠶ᠎ᠡ ᠲᠡᠢ ᠳᠦᠷᠰᠦᠯᠡᠳᠡᠭ᠃ Vajravarahi ᠪᠤᠶᠤ ᠳᠣᠷᠵᠢᠫᠠᠭᠮᠣ ᠳᠠᠭᠢᠨᠢ ᠳᠣᠷᠵᠢᠬᠠᠩᠳᠦ ᠶᠢᠨ ᠣᠨᠴᠠᠭᠠᠢ ᠳᠦᠷᠢ ᠪᠥᠭᠡᠳ ᠻᠠᠷᠵᠦ᠋ᠳ ᠶᠢᠨ ᠤᠯᠠᠮᠵᠢᠯᠠᠯ ᠳᠤ ᠶᠡᠬᠡᠬᠡᠨ ᠰᠢᠲᠦᠳᠡᠭ ᠠᠵᠤᠭᠤ᠃ ᠳᠣᠷᠵᠢᠬᠠᠩᠳᠦ ᠲᠠᠢ ᠠᠳᠠᠯᠢ ᠤᠯᠠᠭᠠᠨ ᠥᠩᠭᠡ ᠶᠢᠨ ᠯᠠᠭᠱᠠᠨ ᠲᠠᠢ᠂ ᠪᠤᠰᠤᠳ ᠪᠡᠯᠭᠡᠳᠡᠯ ᠨᠢ ᠮᠥᠨ ᠠᠳᠠᠯᠢ ᠪᠠᠶᠢᠨ᠎ᠠ᠃ ᠬᠠᠷᠢᠨ ᠭᠠᠪᠠᠯᠠ ᠪᠠᠷ ᠴᠢᠮᠡᠭᠰᠡᠨ ᠲᠢᠲᠢᠮ ᠦᠨ ᠣᠷᠣᠢ ᠳᠤ ᠮᠡᠭᠡᠵᠢ ᠶᠢᠨ ᠲᠣᠯᠣᠭᠠᠢ ᠪᠠᠶᠢᠷᠢᠯᠠᠭᠤᠯᠤᠭᠰᠠᠨ ᠨᠢ ᠠᠳᠬᠠᠭ᠂ ᠮᠤᠩᠬᠠᠭ ᠢ ᠠᠷᠢᠯᠭᠠᠭᠰᠠᠨ ᠢ ᠪᠡᠯᠭᠡᠳᠡᠬᠦ ᠠᠵᠡᠢ᠃ ᠲᠶᠢᠨ ᠬᠦ ᠢᠯᠠᠭᠤᠭᠰᠠᠨ ᠪᠢᠯᠢᠭ ᠪᠢᠯᠢᠭᠦᠨ ᠢ ᠲᠥᠯᠦᠭᠡᠯᠡᠳᠡᠭ ᠪᠠᠶᠢᠨ᠎ᠠ᠃ Simhamukha ᠪᠤᠶᠤ ᠰᠡᠩᠭᠡ ᠳᠤᠩᠮ᠎ᠠ ᠯᠣᠪᠣᠨ ᠪᠠᠳᠮᠠᠵᠦᠩᠨᠠᠢ ᠶᠢᠨ ᠬᠤᠪᠢᠯᠤᠭᠰᠠᠨ ᠳᠠᠭᠢᠨᠢ ᠳᠦᠷᠢ ᠪᠠ ᠨᠢᠩᠮᠠ ᠶᠣᠰᠣᠨ ᠤ ᠨᠢᠭᠤᠴᠠ ᠰᠠᠩ ᠤᠨ (གཏེར་མ) ᠤᠯᠠᠮᠵᠢᠯᠠᠯ ᠳᠤ ᠣᠨᠴᠠᠭᠠᠢ ᠪᠠᠶᠢᠷᠢ ᠡᠵᠡᠯᠡᠳᠡᠭ᠃ ᠮᠠᠵᠢᠭ ᠯᠠᠪᠳ᠋ᠷᠤᠨ ᠤ ᠤᠯᠠᠮᠵᠢᠯᠠᠯ ᠤᠨ ᠽᠣᠳ ᠤᠨ ᠶᠣᠰᠣᠨ ᠳᠤ ᠬᠠᠷ᠎ᠠ ᠯᠠᠭᠱᠠᠨ ᠪᠦᠬᠦᠢ ᠲᠣᠮᠠ ᠨᠠᠭᠮᠣ ᠳᠠᠭᠢᠨᠢ ᠶᠢ ᠰᠢᠲᠦᠳᠡᠭ᠃ ᠳᠠᠷᠠᠭᠠᠬᠢ ᠲᠠᠪᠤᠨ ᠳᠠᠭᠢᠨᠢ ᠢᠵᠠᠭᠤᠷ ᠤᠨ ᠲᠠᠪᠤᠨ ᠪᠤᠷᠬᠠᠨ ᠤ ᠬᠠᠮᠲᠤ ᠵᠠᠯᠠᠷᠠᠳᠠᠭ ᠪᠠ ᠲᠠᠪᠤᠨ ᠪᠢᠯᠢᠭᠲᠦ ᠬᠠᠷᠠᠭᠠᠯᠵᠠᠳᠠᠭ ᠪᠠᠶᠢᠨ᠎ᠠ᠃ ᠲᠡᠳᠡᠨ ᠢ ᠮᠠᠨᠳᠠᠯ ᠪᠣᠯᠤᠨ ᠰᠢᠲᠦᠭᠡᠨ ᠵᠢᠷᠤᠭ ᠤᠳ ᠲᠤ ᠳᠦᠷᠰᠦᠯᠡᠵᠦ᠂ ᠲᠤᠰ ᠪᠦᠷᠢ ᠶᠢᠨ ᠷᠢᠳᠢ ᠴᠢᠳᠠᠯ ᠢ ᠪᠡᠯᠭᠡᠳᠡᠳᠡᠭ᠃ ᠪᠤᠷᠬᠠᠨ ᠳᠠᠭᠢᠨᠢ – ᠬᠥᠬᠡᠮᠳᠦᠭ ᠯᠠᠭᠱᠠᠨ ᠲᠠᠢ᠂ ᠨᠠᠰᠤᠨ ᠤ ᠬᠤᠲᠤᠭ ᠬᠠᠶᠢᠷᠠᠯᠠᠵᠤ᠂ ᠳᠠᠭᠢᠨᠢᠰ ᠤᠨ ᠣᠷᠣᠨ ᠳᠤ ᠲᠥᠷᠥᠬᠦ ᠶᠢ ᠢᠷᠦᠭᠡᠳᠡᠭ᠃ ᠸᠴᠢᠷ ᠳᠠᠭᠢᠨᠢ – ᠤᠯᠠᠭᠠᠨ ᠥᠩᠭᠡ ᠶᠢᠨ ᠯᠠᠭᠱᠠᠨ ᠲᠠᠢ᠂ ᠮᠠᠭᠤ ᠵᠠᠶᠠᠭᠠᠨ ᠳᠤ ᠤᠨᠠᠬᠤ ᠠᠴᠠ ᠰᠡᠷᠭᠡᠶᠢᠯᠡᠳᠡᠭ᠌᠃ ᠡᠷᠳᠡᠨᠢ ᠳᠠᠭᠢᠨᠢ – ᠠᠯᠲᠠᠨ ᠰᠢᠷ᠎ᠠ ᠯᠠᠭᠱᠠᠨ ᠲᠠᠢ᠂ ᠣᠷᠴᠢᠯᠠᠩ ᠳᠤ ᠡᠳ᠋ ᠪᠠᠶᠠᠯᠢᠭ ᠡᠳ᠋ᠯᠡᠭᠦᠯᠵᠦ᠂ ᠲᠠᠮᠤ ᠶᠢᠨ ᠠᠶᠤᠯ ᠠᠴᠠ ᠰᠡᠷᠭᠡᠶᠢᠯᠡᠳᠡᠭ᠌᠃ ᠪᠠᠳᠮ᠎ᠠ ᠳᠠᠭᠢᠨᠢ – ᠶᠠᠭᠠᠨ ᠥᠩᠭᠡ ᠶᠢᠨ ᠯᠠᠭᠱᠠᠨ ᠲᠠᠢ᠂ ᠭᠤᠷᠪᠠᠨ ᠮᠠᠭᠤ ᠵᠠᠶᠠᠭᠠᠨ ᠳᠤ ᠦᠯᠦ ᠤᠨᠠᠬᠤ ᠶᠢ ᠳᠠᠭᠠᠭᠠᠨ᠎ᠠ᠃ ᠴᠠᠭᠠᠨ ᠳᠠᠭᠢᠨᠢ – ᠭᠡᠭᠡᠨ ᠴᠠᠭᠠᠨ ᠥᠩᠭᠡ ᠶᠢᠨ ᠯᠠᠭᠱᠠᠨ ᠲᠠᠢ᠂ ᠶᠢᠷᠲᠢᠨᠴᠦ ᠶᠢᠨ ᠠᠮᠵᠢᠯᠲᠠ ᠶᠢ ᠡᠳ᠋ᠯᠡᠭᠦᠯᠵᠦ᠂ ᠳᠠᠬᠢᠨ ᠬᠦᠮᠦᠨ ᠪᠣᠯᠵᠤ ᠲᠥᠷᠥᠬᠦ ᠶᠢ ᠳᠠᠭᠠᠭᠠᠨ᠎ᠠ᠃

ᠬᠤᠪᠢᠯᠭᠠᠨ ᠯᠠᠭᠱᠠᠨ ᠤ ᠳᠠᠭᠢᠨᠢᠰ[засварлах | кодоор засварлах]

ᠸᠴᠢᠷᠲᠤ ᠭᠦᠨ ᠪᠢᠰᠢᠯᠭᠠᠯ ᠦ᠋ᠨ ᠳᠠᠭᠢᠨᠢ

ᠵᠠᠬᠤᠷ ᠤᠨ ᠮᠠᠨᠳᠠᠷᠠᠤ᠎ᠠ ᠭᠦᠩᠵᠤ ᠯᠣᠪᠣᠨ ᠪᠠᠳᠮᠠᠵᠦᠩᠨᠠᠢ ᠶᠢᠨ ᠡᠨᠡᠳᠬᠡᠭ ᠭᠡᠷᠭᠡᠢ ᠪᠠᠶᠢᠭᠰᠠᠨ ᠪᠠ ᠬᠠᠮᠲᠤ ᠳᠤ ᠪᠠᠨ ᠦᠬᠦᠯ ᠦᠭᠡᠢ ᠶᠢᠨ ᠰᠢᠳᠢ ᠶᠢ ᠪᠦᠲᠦᠭᠡᠭᠰᠡᠨ ᠪᠠᠶᠢᠨ᠎ᠠ᠃ ᠶᠡᠰᠢ ᠴᠣᠣᠵᠠᠯ (8-9  ᠳᠦᠭᠡᠷ ᠵᠠᠭᠤᠨ) ᠯᠣᠪᠣᠨ ᠪᠠᠳᠮᠠᠵᠦᠩᠨᠠᠢ ᠶᠢᠨ ᠲᠥᠪᠡᠳ ᠱᠠᠪᠢ ᠪᠠᠶᠢᠭᠰᠠᠨ ᠪᠠ ᠲᠥᠪᠡᠳ ᠣᠷᠣᠨ ᠠ ᠪᠠᠳᠮᠠᠵᠦᠩᠨᠠᠢ ᠶᠢᠨ ᠨᠢᠭᠤᠴᠠ ᠰᠠᠩ ᠤᠨ ᠰᠤᠳᠤᠷ ᠤᠳ ᠢ ᠲᠦᠭᠡᠭᠡᠵᠡᠢ᠃ ᠨᠠᠷᠣᠫᠠ ᠭᠡᠭᠡᠨ ᠦ ᠳᠡᠭᠦᠦ ᠨᠢᠭᠤᠮᠠ (10-11  ᠳᠦᠭᠡᠷ ᠵᠠᠭᠤᠨ) ᠰᠢᠮᠪᠠ ᠻᠠᠷᠵᠦᠳ ᠦᠨ ᠳᠠᠮᠵᠢᠯᠭ᠎ᠠ ᠶᠢ ᠡᠭᠦᠰᠬᠡᠬᠦ ᠳᠦ ᠴᠢᠬᠤᠯᠠ ᠡᠭᠦᠷᠭᠡ ᠭᠦᠢᠴᠡᠳᠭᠡᠭᠰᠡᠨ᠃ ᠮᠠᠵᠢᠭ ᠯᠠᠪᠳᠷᠣᠨ (11  ᠳᠦᠭᠡᠷ ᠵᠠᠭᠤᠨ) ᠪᠢᠯᠢᠭ ᠦᠨ ᠴᠢᠨᠠᠳᠤ ᠳᠤ ᠬᠦᠷᠡᠬᠦᠢ ᠶᠢᠨ ᠰᠤᠳᠤᠷ ᠤᠳ ᠢ ᠬᠢᠴᠢᠶᠡᠩᠭᠦᠶᠢᠯᠡᠨ ᠤᠩᠰᠢᠵᠤ ᠲᠡᠭᠦᠰ ᠪᠢᠯᠢᠭ ᠢ ᠣᠨᠣᠭᠰᠠᠨ ᠭᠡᠳᠡᠭ᠃ ᠬᠣᠵᠢᠮ ᠨᠢ ᠪᠢ ᠬᠡᠮᠡᠬᠦ ᠦᠵᠡᠯ ᠢ ᠲᠠᠰᠤᠯᠬᠤ ᠽᠣᠳ ᠪᠢᠰᠢᠯᠭᠠᠯ ᠤᠨ ᠰᠢᠨ᠎ᠡ ᠬᠡᠯᠪᠡᠷᠢ ᠶᠢ ᠪᠤᠢ ᠪᠣᠯᠭᠠᠭᠰᠠᠨ ᠪᠢᠯᠡ᠃ ᠮᠠᠵᠢᠭ ᠣᠨᠭᠢᠶᠣ᠋ (12  ᠳᠦᠭᠠᠷ ᠵᠠᠭᠤᠨ) ᠳᠠᠨᠳᠠᠷ ᠤᠨ ᠶᠣᠰᠣᠨ ᠤ ᠷᠠᠶᠢᠵᠤᠩ ᠳᠣᠷᠵᠢᠳᠠᠭᠪᠠ ᠶᠢᠨ ᠳᠠᠮᠵᠢᠯᠭ᠎ᠠ ᠶᠢ ᠲᠥᠯᠦᠭᠡᠯᠡᠵᠦ ᠪᠠᠶᠢᠴᠠᠢ᠃ ᠵᠣᠮᠣ ᠮᠡᠩᠮᠣ ᠢᠢ (13  ᠳᠦᠭᠠᠷ ᠵᠠᠭᠤᠨ) ᠶᠡᠰᠢ ᠴᠣᠣᠵᠠᠯ ᠳᠠᠭᠢᠨᠢ ᠶᠢᠨ ᠬᠣᠶᠢᠳ ᠳᠦᠷᠢ ᠭᠡᠵᠦ ᠦᠵᠡᠳᠡᠭ᠃ ᠬᠤᠪᠢᠯᠭᠠᠨ ᠯᠠᠭᠱᠠᠨ ᠤ ᠳᠠᠭᠢᠨᠢᠰ ᠲᠡᠦᠬᠡᠨ ᠬᠦᠮᠦᠰ ᠲᠡᠳᠦᠢ ᠦᠭᠡᠢ ᠣᠳᠣ ᠴᠠᠭ ᠲᠤ ᠴᠤ ᠳᠠᠭᠢᠨᠢᠰ ᠤᠨ ᠬᠤᠪᠢᠯᠭᠠᠨ ᠬᠡᠮᠡᠨ ᠬᠦᠯᠢᠶᠡᠨ ᠵᠥᠪᠰᠢᠶᠡᠷᠡᠭᠰᠡᠨ ᠱᠠᠰᠢᠨ ᠤ ᠵᠢᠳᠬᠦᠯᠲᠡᠨ ᠨᠦᠭᠦᠳ ᠪᠠᠶᠢᠳᠠᠭ᠃ ᠡᠭᠦᠨ ᠳᠦ᠄ ᠻᠠᠷᠵᠦ᠋ᠳ ᠶᠣᠰᠣᠨ ᠤ ᠪᠠᠭᠰᠢ ᠬᠠᠩᠳ᠋ᠷᠣᠮ ᠠ ᠷ᠊ᠢ᠊‍ᠨ᠋‍ᠪᠤᠴ᠊ᠢ ᠰᠠᠵᠠ ᠶᠢᠨ ᠶᠣᠰᠣᠨ ᠤ ᠵᠢᠳᠬᠦᠯᠲᠡᠨ᠂ ᠪᠢᠯᠢᠭ ᠦᠨ ᠴᠢᠨᠠᠳᠤ ᠳᠤ ᠬᠦᠷᠦᠭᠰᠡᠨ ᠡᠬᠡ᠂ ᠳᠠᠷᠠ ᠡᠬᠡ ᠨᠤᠭᠦᠳ᠂ ᠨᠠᠷᠣᠬᠠᠵᠣᠳ ᠤᠨ ᠬᠤᠪᠢᠯᠭᠠᠨ ᠬᠡᠮᠡᠬᠦ ᠵᠢᠪᠵᠤᠨ ᠭᠦᠱᠤᠭ ᠴᠢᠮᠡᠳ ᠯᠦᠳᠢᠩ ᠳᠣᠯᠭᠠᠷ ᠰᠣᠳᠵᠠᠯ ᠷᠢᠨ᠋‍ᠪᠤᠴ᠊ᠢ᠂ ᠵᠣᠭᠴᠧᠨ ᠷᠢᠨ᠋‍ᠪᠤᠴ᠊ᠢ ᠨᠠᠷ ᠤᠨ ᠡᠬᠡ᠂ ᠵᠦᠭᠳᠣᠷᠨᠠᠮᠵᠠᠯᠮ᠎ᠠ ᠪᠤᠷᠬᠠᠨ ᠤ ᠬᠤᠪᠢᠯᠭᠠᠨ᠂ ᠶᠡᠬᠡ ᠳᠠᠭᠢᠨᠢ ᠬᠡᠮᠡᠨ ᠠᠯᠳᠠᠷᠰᠢᠭᠰᠠᠨ ᠮᠠᠶᠤᠮ ᠴᠡᠷᠢᠩ ᠸᠠᠩᠮᠣ - ᠡᠳᠡᠭᠡᠷ ᠲᠡᠷᠢᠭᠦᠲᠡᠨ ᠳᠠᠭᠢᠨᠢᠰ ᠢ ᠳᠤᠷᠠᠳᠴᠤ ᠪᠣᠯᠤᠨ᠎ᠠ᠃ ᠸᠴᠢᠷᠲᠤ ᠬᠥᠯᠭᠡᠨ ᠦ ᠱᠠᠰᠢᠨ ᠪᠦᠰᠡᠭᠦᠢ ᠬᠦᠮᠦᠨ ᠪᠣᠯᠵᠤ ᠲᠥᠷᠥᠬᠦ ᠨᠢ ᠨᠣᠮ ᠤᠨ ᠮᠥᠷ ᠲᠦ ᠣᠷᠣᠵᠤ᠂ ᠭᠡᠭᠡᠷᠡᠯ ᠳᠦ ᠬᠦᠷᠬᠦ ᠳᠦ ᠨᠡᠩ ᠲᠠᠭᠠᠲᠠᠢ ᠪᠣᠯᠬᠤ ᠶᠢ ᠳᠤᠷᠠᠳᠤᠳᠠᠭ ᠨᠢᠭᠡᠨ ᠳᠠᠪᠲᠠᠭᠳᠠᠰᠢ ᠦᠭᠡᠢ ᠣᠨᠴᠠᠯᠢᠭ ᠲᠠᠢ᠃ ᠲᠥᠪᠡᠳ ᠣᠷᠣᠨ ᠳᠤ ᠨᠠᠶᠮᠠ ᠳᠤᠭᠠᠷ ᠵᠠᠭᠤᠨ ᠳᠤ ᠠᠩᠬᠠᠯᠠᠨ ᠪᠤᠷᠬᠠᠨ ᠤ ᠱᠠᠰᠢᠨ ᠳᠡᠯᠭᠡᠷᠡᠭᠦᠯᠦᠭᠰᠡᠨ ᠯᠣᠪᠣᠨ ᠪᠠᠳᠮᠠᠵᠦᠩᠨᠠᠢ ᠪᠦᠰᠡᠭᠦᠶᠢᠴᠦᠳ ᠨᠣᠮ ᠰᠤᠷᠭᠠᠯ ᠤᠨ ᠪᠢᠯᠢᠭ ᠪᠢᠯᠢᠭᠦᠨ ᠢ ᠣᠨᠣᠬᠤ ᠳᠠᠪᠠᠭᠤ ᠪᠣᠯᠤᠮᠵᠢ ᠲᠠᠢ ᠶᠢ ᠨᠣᠲᠠᠯᠠᠨ ᠠᠶᠢᠯᠠᠳᠤᠭᠰᠠᠨ ᠪᠠᠶᠢᠳᠠᠭ᠃ ᠲᠡᠭᠦᠨᠴᠢᠯᠡᠨ ᠠᠨᠧ ᠳᠡᠨᠵᠢᠨ ᠫᠠᠯᠮᠣ ᠦᠭᠦᠯᠡᠭᠰᠡᠨ ᠨᠢ 《ᠪᠦᠰᠡᠭᠦᠶᠢᠴᠦᠳ ᠪᠢᠰᠢᠯᠭᠠᠯ ᠳᠤ ᠡᠷᠡᠴᠦᠳ ᠡᠴᠡ ᠢᠯᠡᠭᠦᠦ ᠬᠢᠯᠪᠠᠷᠬᠠᠨ ᠤᠮᠪᠠᠨ ᠤᠷᠤᠬᠤ ᠴᠢᠳᠠᠪᠤᠷᠢ ᠲᠠᠢ ᠲᠤᠯᠠ ᠬᠣᠣᠰ ᠦᠭᠡᠢ ᠰᠠᠶᠢᠨ ᠪᠦᠲᠦᠭᠡᠯᠴᠢᠳ ᠪᠣᠯᠳᠠᠭ᠃ ᠤᠴᠢᠷ ᠨᠢ ᠡᠷᠡᠭᠲᠡᠶᠢᠴᠦᠳ᠂ ᠢᠯᠠᠩᠭᠤᠶ᠎ᠠ ᠣᠯᠠᠨ ᠵᠢᠯ ᠲᠣᠭᠲᠠᠭᠰᠠᠨ ᠲᠠᠭᠠᠯᠠᠯ ᠦᠵᠡᠭᠰᠡᠨ ᠬᠤᠸᠠᠷᠠᠭ ᠤᠳ ᠣᠶᠤᠨᠯᠢᠭ ᠴᠢᠳᠠᠪᠤᠷᠢ ᠪᠠᠨ ᠪᠠᠭᠤᠷᠠᠬᠤ ᠠᠴᠠ ᠡᠮᠢᠶᠡᠳᠡᠭ᠃ ᠲᠡᠳᠡ ᠪᠦᠬᠦᠨ ᠢ ᠵᠥᠩ ᠳᠦ ᠨᠢ ᠣᠷᠬᠢᠵᠤ᠂ ᠪᠢᠰᠢᠯᠭᠠᠯ ᠤᠨ ᠶᠢᠷᠲᠢᠨᠴᠦ ᠳᠦ ᠪᠠᠷᠢᠴᠠ ᠦᠭᠡᠢ ᠣᠷᠣᠬᠤ ᠠᠴᠠ ᠠᠶᠤᠵᠤ ᠪᠠᠶᠢᠬᠤ ᠳᠤ ᠬᠠᠷᠢᠨ ᠡᠮᠡᠭᠲᠡᠶᠢᠴᠦᠳ ᠲᠡᠷᠡ ᠪᠦᠬᠦᠨ ᠳᠦ ᠠᠶᠠᠨᠳᠠᠭᠠᠨ ᠵᠣᠬᠢᠴᠠᠵᠤ ᠴᠢᠳᠠᠳᠠᠭ》 ᠭᠡᠵᠦ ᠠᠶᠢᠯᠠᠳᠤᠭᠰᠠᠨ ᠪᠠᠶᠢᠳᠠᠭ᠃ ᠭᠡᠭᠡᠷᠡᠯ ᠦᠨ ᠪᠦᠰᠡᠭᠦᠢ ᠳᠦᠷᠢ ᠶᠢᠨ ᠪᠡᠶᠡᠯᠡᠯ ᠢ ᠳᠠᠭᠢᠨᠢ ᠭᠡᠬᠦ ᠠᠪᠴᠤ ᠲᠤᠬᠠᠢ ᠶᠢᠨ ᠣᠶᠢᠯᠠᠭᠠᠯᠲᠠ ᠨᠢ ᠪᠡᠯᠭᠡ ᠴᠢᠨᠠᠷ ᠢᠶᠠᠷ ᠢᠶᠠᠨ ᠪᠠᠷᠢᠴᠠ ᠦᠭᠡᠢ᠂ ᠶᠣᠭᠲᠠ ᠤᠳᠬ᠎ᠠ ᠲᠠᠢ᠂ ᠢᠪᠴᠤᠤ ᠶᠠᠭᠰᠢᠮᠠᠯ ᠦᠵᠡᠯ ᠢ ᠳᠠᠪᠠᠬᠤ ᠨᠢ ᠳᠠᠭᠢᠨᠢᠰ ᠤᠨ ᠪᠢᠯᠢᠭᠦᠨ ᠲᠣᠭᠯᠠᠭᠠᠮ ᠤᠨ ᠵᠢᠷᠦᠬᠡᠨ ᠲᠣᠯᠲᠠ ᠪᠣᠯᠳᠠᠭ ᠲᠤᠯᠠ ᠶᠠᠭᠰᠢᠲᠠᠯ᠎ᠠ ᠣᠨᠣᠭᠰᠠᠨ ᠲᠣᠳᠣᠷᠬᠠᠶᠢᠯᠠᠯᠲᠠ ᠥᠭᠬᠦ ᠨᠢ ᠥᠪᠡᠷ ᠢᠶᠡᠨ ᠰᠣᠯᠣᠩᠭ᠎ᠠ ᠬᠥᠭᠡᠭᠡᠭᠰᠡᠨ ᠲᠡᠢ ᠠᠳᠠᠯᠢ ᠦᠷ᠎ᠡ ᠦᠭᠡᠢ ᠶᠤᠮ᠃ ᠳᠡᠨᠵᠢᠨ ᠫᠠᠯᠮᠣ ᠪᠦᠰᠡᠭᠦᠢ ᠳᠦᠷᠢ ᠪᠡᠷ ᠭᠡᠭᠡᠷᠡᠯ ᠳᠦ ᠬᠦᠷᠡᠬᠦ ᠪᠡᠷ ᠲᠠᠩᠭᠠᠷᠢᠭ ᠲᠠᠯᠪᠢᠭᠰᠠᠨ ᠪᠢᠯᠡ᠃ ᠲᠡᠷᠡ ᠪᠡᠷ ᠥᠭᠭᠦᠭᠦᠯᠬᠦ ᠳᠦ ᠪᠡᠨ᠄ 《ᠪᠦᠰᠡᠭᠦᠢ ᠬᠦᠮᠦᠨ ᠦ ᠣᠨᠴᠠᠭᠠᠢ ᠴᠢᠨᠠᠷ ᠬᠤᠷᠴᠠ᠂ ᠲᠤᠩᠭᠠᠯᠠᠭ ᠤᠬᠠᠭᠠᠨ ᠭᠡᠵᠦ ᠪᠢ ᠪᠣᠳᠣᠳᠠᠭ᠃ ᠵᠠᠷᠢᠮ ᠡᠷᠡᠭᠲᠡᠢ ᠬᠦᠮᠦᠰ ᠲᠦ ᠴᠤ ᠡᠶᠢᠮᠦ ᠴᠢᠨᠠᠷ ᠪᠠᠶᠢᠳᠠᠭ ᠯᠠ ᠳ᠋ᠠ᠃ ᠲᠡᠶᠢᠮᠦ ᠡᠴᠡ ᠣᠶᠤᠨ ᠤ ᠬᠥᠰᠢᠩᠭᠢ ᠶᠢ ᠪᠦᠰᠡᠭᠦᠢ ᠬᠦᠮᠦᠨ ᠦ ᠤᠬᠠᠭᠠᠨ ᠬᠥᠨᠳᠡᠯᠡᠨ ᠵᠦᠰᠦᠭᠡᠳ ᠭᠠᠷᠳᠠᠭ᠂ ᠲᠡᠭᠡᠭᠡᠳ ᠠᠨᠢᠰᠤᠲᠠᠢ ᠣᠨᠣᠳᠠᠭ᠃ ᠳᠠᠭᠢᠨᠢ ᠪᠣᠯ ᠵᠥᠩ ᠮᠡᠳᠡᠷᠡᠮᠵᠢ ᠶᠢᠨ ᠬᠦᠴᠦ ᠭᠡᠵᠦ ᠪᠢ ᠪᠣᠳᠣᠳᠠᠭ᠃ ᠡᠮᠡᠭᠲᠡᠢ ᠬᠦᠮᠦᠨ ᠠᠯᠢᠪᠠ ᠶᠢ ᠭᠢᠯᠪᠢᠯᠭᠡᠨ ᠭᠢᠯᠪᠠᠭ᠎ᠠ ᠲᠤᠰᠤᠬᠤ ᠠᠳᠠᠯᠢ ᠰᠡᠳᠬᠢᠯ ᠳᠦ ᠪᠡᠨ ᠲᠤᠰᠬᠠᠵᠤ ᠠᠪᠳᠠᠭ᠂ ᠬᠠᠷᠢᠨ ᠣᠶᠤᠨᠯᠢᠭ ᠶᠠᠷᠢᠶ᠎ᠠ ᠬᠡᠯᠡᠯᠴᠡᠭᠡ ᠡᠮᠡᠭᠲᠡᠢ ᠬᠦᠮᠦᠨ ᠳᠦ ᠬᠠᠭᠤᠷᠠᠢ᠂ ᠬᠥᠨᠳᠡᠢ ᠬᠦᠢᠲᠡᠨ᠂ ᠰᠡᠳᠬᠢᠯ ᠲᠠᠲᠠᠬᠤ ᠬᠦᠴᠦ ᠰᠤᠯᠠ ᠲᠠᠢ ᠰᠠᠨᠠᠭᠳᠠᠳᠠᠭ᠂ ᠲᠡᠳᠦᠶᠢᠯᠡᠨ ᠰᠣᠨᠢᠷᠬᠠᠯ ᠢ ᠨᠢ ᠲᠥᠷᠦᠭᠦᠯᠳᠡᠭ ᠦᠭᠡᠢ》ᠭᠡᠰᠡᠨ ᠪᠠᠶᠢᠨ᠎ᠠ᠃ ᠳᠠᠭᠢᠨᠢ ᠡᠷᠳᠡᠨᠢ ᠭᠡᠰᠡᠨ ᠤᠳᠬ᠎ᠠ ᠪᠦᠬᠦᠢ ᠨᠡᠷ᠎ᠡ ᠠᠯᠳᠠᠷ ᠲᠠᠢ ᠬᠠᠩᠳᠷᠣ ᠷᠢᠨ᠋‍ᠪᠤᠴᠢ ᠣᠨᠣᠵᠤ ᠬᠡᠯᠡᠭᠰᠡᠨ ᠨᠢ᠄ 《ᠤᠯᠠᠮᠵᠢᠯᠠᠯ ᠢᠶᠠᠷ ᠢᠶᠠᠨ ᠪᠦᠲᠦᠭᠡᠯᠴᠢ᠂ ᠪᠢᠰᠢᠯᠭᠠᠭᠠᠴᠢ ᠡᠮᠡᠭᠲᠡᠢ᠂ ᠶᠡᠬᠡ ᠪᠠᠭᠰᠢ ᠪᠯᠠᠮ ᠠ ᠨᠠᠷ ᠤᠨ ᠭᠡᠷᠭᠡᠢ ᠨᠠᠷ ᠢ ᠳᠠᠭᠢᠨᠢ ᠬᠡᠮᠡᠨ ᠨᠡᠷᠡᠶᠢᠳᠳᠡᠭ᠃ ᠮᠥᠨ ᠡᠷ᠎ᠡ ᠡᠮ᠎ᠡ ᠬᠦᠢᠰᠦ ᠦᠨ ᠦᠵᠡᠯ ᠦᠨ ᠴᠢᠨᠠᠳᠤ ᠳᠤ ᠬᠠᠯᠢᠭᠰᠠᠨ ᠬᠣᠶᠠᠷ ᠦᠭᠡᠢ ᠦᠵᠡᠯ ᠢ ᠢᠯᠡᠳᠬᠡᠳᠡᠭ》ᠭᠡᠵᠡᠢ᠃ ᠦᠨᠡᠨᠬᠦᠦ ᠳᠠᠭᠢᠨᠢ ᠶᠢᠨ ᠮᠥᠨ ᠴᠢᠨᠠᠷ ᠨᠢ ᠬᠤᠪᠢᠷᠠᠰᠢ ᠦᠭᠡᠢ᠂ ᠴᠢᠩ ᠰᠢᠳᠤᠷᠭᠤ᠂ ᠪᠠᠰᠠ ᠴᠤ ᠪᠠᠭ᠎ᠠ ᠵᠡᠷᠭᠡ ᠳᠣᠭᠰᠢᠨ ᠴᠢᠨᠠᠷᠲᠠᠢ ᠨᠡᠩ ᠣᠨᠣᠴᠢ ᠬᠤᠷᠴᠠ᠂ ᠲᠣᠳᠣ ᠭᠡᠷᠡᠯᠲᠦ ᠪᠢᠯᠢᠭᠦᠨ ᠰᠡᠳᠬᠢᠯ ᠭᠡᠵᠦ ᠬᠠᠩᠳᠷᠣ ᠷᠢᠨ᠋‍ᠪᠤᠴᠢ ᠲᠣᠳᠣᠷᠬᠠᠶᠢᠯᠠᠭᠰᠠᠨ ᠪᠠᠶᠢᠳᠠᠭ᠃ ᠳᠠᠭᠢᠨᠢ ᠶᠢᠨ ᠤᠬᠠᠭᠳᠠᠬᠤᠨ ᠣᠯᠠᠨ ᠲᠦᠪᠰᠢᠨ ᠦ ᠤᠳᠬ᠎ᠠ ᠠᠭᠤᠯᠠᠳᠠᠭ ᠲᠤᠯᠠ ᠬᠡᠲᠦ ᠬᠢᠯᠪᠠᠷᠰᠢᠭᠤᠯᠵᠤ ᠤᠶᠢᠯᠠᠭᠠᠬᠤ ᠨᠢ ᠵᠣᠬᠢᠰ ᠦᠭᠡᠢ᠃ ᠢᠨᠠᠭᠤᠬᠢ ᠤᠳᠬ᠎ᠠ ᠪᠠᠷ ᠢᠶᠠᠨ ᠭᠠᠵᠠᠷ ᠮᠥᠷ ᠠᠬᠢᠭᠰᠠᠨ ᠪᠦᠲᠦᠭᠡᠯᠴᠢ᠂ ᠪᠢᠰᠢᠯᠭᠠᠭᠠᠴᠢ ᠡᠮᠡᠭᠲᠡᠶᠢᠴᠦᠳ ᠢ ᠳᠠᠭᠢᠨᠢ ᠭᠡᠳᠡᠭ᠃ ᠬᠠᠷᠢᠨ ᠴᠢᠨᠠᠭᠤᠬᠢ ᠤᠳᠬ᠎ᠠ ᠳᠤ ᠪᠠᠨ ᠳᠠᠭᠢᠨᠢ ᠪᠦᠰᠡᠭᠦᠢ ᠬᠦᠮᠦᠨ ᠦ ᠳᠦᠷᠢ ᠪᠡᠷ ᠢᠯᠡᠷᠡᠬᠦ ᠴᠤ ᠮᠥᠨ ᠴᠢᠨᠠᠷᠲᠤ ᠪᠠᠨ ᠬᠦᠢᠰᠦ ᠦᠨ ᠣᠶᠢᠯᠠᠭᠠᠯᠲᠠ ᠠᠴᠠ ᠠᠩᠭᠢᠳᠠ ᠣᠷᠣᠰᠢᠳᠠᠭ᠃ 《ᠦᠨᠡᠬᠡᠷ ᠳᠠᠭᠢᠨᠢ ᠲᠠᠢ ᠤᠴᠠᠷᠠᠶ᠎ᠠ ᠭᠡᠪᠡᠯ ᠬᠣᠶᠠᠷ ᠲᠤᠶᠢᠯ ᠳᠤ ᠦᠵᠡᠯ ᠦᠨ ᠴᠢᠨᠠᠳᠤ ᠳᠤ ᠬᠠᠯᠢᠬᠤ ᠬᠡᠷᠡᠭᠲᠡᠢ》 ᠬᠡᠮᠡᠨ ᠬᠠᠩᠳᠷᠣ ᠷᠢᠨ᠋‍ᠪᠤᠴᠢ ᠰᠤᠷᠭᠠᠳᠠᠭ ᠪᠠ ᠴᠢᠨᠠᠭᠤᠬᠢ ᠦᠨᠡᠨ ᠢ ᠳᠠᠩ ᠮᠡᠳᠡᠯᠭᠡ ᠤᠬᠠᠭᠠᠨ ᠢᠶᠠᠷ ᠣᠨᠣᠵᠤ ᠪᠣᠯᠬᠤ ᠦᠭᠡᠢ ᠭᠡᠰᠡᠨ ᠸᠴᠢᠷᠲᠤ ᠬᠥᠯᠭᠡᠨ ᠦ ᠠᠮᠢᠨ ᠴᠢᠬᠤᠯᠠ ᠵᠠᠷᠴᠢᠮ ᠤᠨ ᠨᠢᠭᠡ ᠶᠢ ᠪᠠᠷᠢᠮᠲᠠᠯᠠᠳᠠᠭ ᠪᠢᠯᠡ᠃ ᠪᠦᠲᠦᠭᠡᠯᠴᠢ᠂ ᠰᠤᠳᠤᠯᠤᠭᠠᠴᠢ ᠵᠦ᠋ᠳᠢᠲ᠋ᠾ ᠰᠢᠮᠮᠧᠷ-ᠪᠷᠠᠦ᠋ᠨ ᠳᠠᠭᠢᠨᠢ ᠶᠢᠨ ᠤᠳᠬ᠎ᠠ ᠶᠢ ᠳᠥᠷᠪᠡᠨ ᠲᠦᠪᠰᠢᠨ ᠳᠦ ᠬᠤᠪᠢᠶᠠᠴᠠᠢ᠃ ᠡᠭᠦᠨ ᠳᠦ᠄ 《ᠳᠠᠭᠢᠨᠢ ᠨᠢᠭᠤᠴᠠ ᠲᠦᠪᠰᠢᠨ ᠳᠦ ᠪᠡᠨ ᠦᠵᠡᠭᠳᠡᠯ ᠪᠠ ᠰᠡᠳᠬᠢᠯ ᠦᠨ ᠦᠨᠳᠦᠰᠦᠨ ᠴᠢᠨᠠᠷ ᠤᠨ ᠢᠯᠡᠷᠡᠯ ᠪᠥᠭᠡᠳ ᠳᠠᠭᠢᠨᠢ ᠶᠢᠨ ᠷᠢᠳᠢ ᠴᠢᠳᠠᠯ ᠨᠢ ᠸᠴᠢᠷᠲᠤ ᠬᠥᠯᠭᠡᠨ ᠦ ᠪᠢᠰᠢᠯᠭᠠᠯ ᠤᠨ ᠮᠠᠰᠢᠳᠠ ᠭᠦᠨ ᠦᠵᠡᠯ ᠲᠡᠢ ᠳᠣᠲᠣᠭᠠᠳᠤ ᠴᠢᠨᠠᠷ ᠢᠶᠠᠷ ᠢᠶᠠᠨ ᠤᠶᠠᠯᠳᠤᠳᠠᠭ᠃ ᠡᠨᠡ ᠪᠣᠯ ᠳᠠᠭᠢᠨᠢ ᠶᠢᠨ ᠬᠠᠮᠤᠭ ᠤᠨ ᠴᠢᠬᠤᠯᠠ ᠴᠠᠨᠢᠳ ᠤᠴᠢᠷ ᠰᠡᠳᠬᠢᠯ ᠦᠨ ᠳᠦᠷᠰᠦ ᠦᠭᠡᠢ ᠪᠢᠯᠢᠭ ᠦᠨ ᠤᠭ ᠴᠢᠨᠠᠷ ᠭᠡᠵᠦ ᠦᠵᠡᠳᠡᠭ᠃ ᠳᠣᠲᠣᠭᠠᠳᠤ ᠲᠦᠪᠰᠢᠨ ᠪᠤᠶᠤ ᠵᠠᠩ ᠦᠢᠯᠡ ᠶᠢᠨ ᠲᠦᠪᠰᠢᠨ ᠳᠦ ᠳᠠᠭᠢᠨᠢ ᠪᠢᠰᠢᠯᠭᠠᠯ ᠤᠨ ᠢᠳᠠᠮ ᠪᠣᠯᠬᠤ ᠪᠠ ᠪᠤᠷᠬᠠᠨ ᠤ ᠪᠦᠬᠦᠢ ᠯᠠ ᠴᠢᠨᠠᠷ ᠢ ᠳᠠᠭᠢᠨᠢ ᠶᠢᠨ ᠳᠦᠷᠢ ᠳᠦ ᠳᠦᠷᠰᠦᠯᠡᠵᠦ ᠪᠢᠰᠢᠯᠭᠠᠳᠠᠭ ᠪᠠᠶᠢᠨ᠎ᠠ᠃ ᠭᠠᠳᠠᠭᠠᠳᠤ ᠪᠤᠶᠤ ᠨᠠᠷᠢᠨ ᠪᠡᠶ᠎ᠡ ᠶᠢᠨ ᠲᠦᠪᠰᠢᠨ ᠳᠦ ᠳᠠᠭᠢᠨᠢ ᠨᠢ ᠨᠠᠷᠢᠨ ᠰᠤᠳᠠᠯ ᠳᠤ ᠭᠦᠶᠦᠬᠦ ᠪᠡᠶᠡᠵᠢᠭᠰᠡᠨ ᠰᠡᠳᠬᠢᠯ ᠦᠨ ᠡᠷᠴᠢᠮ ᠦᠨ ᠰᠦᠯᠵᠢᠶ᠎ᠡ᠂ ᠳᠠᠨᠳᠠᠷ ᠤᠨ ᠶᠥᠭᠡᠵᠡᠷᠢ ᠦᠨ ᠠᠮᠢᠨ ᠠᠮᠢᠰᠬᠤᠯ ᠶᠤᠮ᠃ ᠭᠠᠳᠠᠭᠠᠳᠤ ᠭᠠᠳᠠᠭᠠᠳᠤ ᠲᠦᠪᠰᠢᠨ ᠳᠦ ᠳᠠᠭᠢᠨᠢ ᠨᠢ ᠪᠦᠰᠡᠭᠦᠢ ᠬᠥᠮᠥᠨ ᠪᠠᠶᠢᠬᠤ ᠪᠠ ᠲᠤᠬᠠᠶᠢᠯᠠᠪᠠᠯ ᠰᠡᠩᠲᠡᠢ ᠳᠦ ᠵᠠᠯᠠᠷᠠᠭᠰᠠᠨ ᠪᠠᠭᠰᠢ ᠪᠯᠠᠮ ᠠ᠂ ᠬᠦᠷᠦᠰᠢ ᠦᠭᠡᠢ ᠠᠯᠤᠰ ᠠᠭᠤᠯᠠ ᠶᠢᠨ ᠠᠭᠤᠢ ᠳᠤ ᠪᠢᠰᠢᠯᠭᠠᠨ ᠰᠠᠭᠤᠬᠤ ᠪᠦᠰᠡᠭᠦᠢ ᠪᠦᠲᠦᠭᠡᠯᠴᠢ᠂ ᠪᠢᠰᠢᠯᠭᠠᠯ ᠤᠨ ᠶᠡᠬᠡ ᠪᠠᠭᠰᠢ᠂ ᠡᠰᠡᠪᠡᠯ ᠪᠯᠠᠮ ᠠ ᠪᠠᠭᠰᠢ ᠶᠢᠨ ᠭᠡᠷᠭᠡᠢ ᠶᠢᠨ ᠳᠦᠷᠢ ᠪᠡᠷ ᠵᠠᠯᠠᠷᠠᠵᠤ᠂ ᠥᠪᠡᠷ ᠦᠨ ᠠᠮᠢᠳᠤᠷᠠᠯ ᠵᠠᠮᠨᠠᠯ ᠢᠶᠠᠷ ᠮᠥᠷ ᠢ ᠦᠵᠡᠭᠦᠯᠵᠦ ᠨᠣᠮᠯᠠᠳᠠᠭ᠃ ᠲᠡᠭᠦᠨᠴᠢᠯᠡᠨ᠂ ᠶᠡᠷᠦ ᠨᠢ ᠪᠦᠬᠦ ᠡᠮᠡᠭᠲᠡᠶᠢᠴᠦᠳ ᠬᠤᠪᠢᠯᠤᠭᠰᠠᠨ ᠳᠠᠭᠢᠨᠢ ᠶᠢᠨ ᠳᠦᠷᠢ ᠶᠤᠮ᠃ ᠡᠶᠢᠨᠬᠦᠦ ᠳᠠᠭᠢᠨᠢᠰ ᠶᠠᠩᠵᠤ ᠪᠦᠷᠢ ᠶᠢᠨ ᠳᠦᠷᠢ ᠪᠡᠷ ᠢᠯᠡᠷᠡᠬᠦ ᠠᠵᠤᠭᠤ. 《ᠸᠴᠢᠷᠲᠤ ᠬᠥᠯᠭᠡᠨ ᠳᠦ ᠳᠠᠭᠢᠨᠢ ᠪᠦᠰᠡᠭᠦᠢ ᠭᠡᠭᠡᠷᠡᠯ ᠦᠨ ᠨᠡᠩ ᠴᠢᠬᠤᠯᠠ ᠬᠡᠰᠡᠭ ᠪᠣᠯᠳᠠᠭ᠃ ᠳᠠᠭᠢᠨᠢ ᠪᠣᠯ ᠥᠪᠡᠷ ᠡᠴᠡ ᠪᠡᠨ ᠭᠡᠷᠡᠯᠲᠦᠬᠦ ᠨᠠᠷᠢᠨ ᠬᠡᠢ᠂ ᠯᠦᠩ ᠦᠨ ᠡᠷᠴᠢᠮ᠂ ᠶᠠᠭᠰᠢᠮᠠᠯ ᠪᠠᠷᠢᠮᠲᠠᠯᠠᠯ ᠠᠴᠠ ᠠᠩᠭᠢᠵᠢᠷᠠᠬᠤ ᠶᠢᠨ ᠲᠦᠯᠬᠢᠭᠦᠷ᠂ ᠰᠠᠬᠢᠭᠤᠰᠤ᠂ ᠬᠠᠮᠠᠭᠠᠯᠠᠭᠴᠢ ᠪᠢᠯᠡ᠃ ᠳᠠᠭᠢᠨᠢ ᠶᠢ ᠠᠮᠢᠳᠤᠷᠠᠯ ᠳᠤ ᠪᠠᠨ ᠤᠷᠢᠨ ᠦᠯᠦ ᠵᠠᠯᠠᠪᠠᠰᠤ ᠰᠡᠳᠬᠢᠯ ᠦᠨ ᠨᠠᠷᠢᠨ ᠲᠥᠯᠥᠪ ᠲᠦ ᠨᠡᠪᠲᠡᠷᠡᠴᠢ ᠦᠯᠦ ᠴᠢᠳᠠᠨ᠎ᠠ》 ᠬᠡᠮᠡᠨ ᠴᠦᠯᠲᠡᠮ ᠠᠯᠯᠢᠣᠨ ᠪᠠᠭᠰᠢ ᠦᠭᠦᠯᠡᠭᠰᠡᠨ ᠪᠠᠶᠢᠨ᠎ᠠ᠃ ᠭᠢᠮᠠᠯᠠᠢ ᠶᠢᠨ ᠨᠢᠷᠤᠭᠤ ᠢᠮᠠᠭᠲᠠ ᠭᠠᠵᠠᠷ ᠮᠥᠷ ᠠᠬᠢᠭᠰᠠᠨ ᠪᠦᠰᠡᠭᠦᠢ ᠪᠦᠲᠦᠭᠡᠯᠴᠢᠳ ᠦᠨ ᠥᠯᠥᠭᠡᠢ ᠪᠠᠶᠢᠭᠰᠠᠭᠠᠷ ᠢᠷᠡᠭᠰᠡᠨ᠃ ᠪᠢᠰᠢᠯᠭᠠᠭᠠᠴᠢ ᠪᠦᠰᠡᠭᠦᠶᠢᠴᠦᠳ ᠠᠯᠤᠰ ᠬᠥᠳᠡᠭᠡ ᠶᠢᠨ ᠬᠡᠶᠢᠳ ᠣᠷᠣᠨ ᠳᠤ ᠱᠠᠪᠢᠯᠠᠨ ᠰᠠᠭᠤᠵᠤ ᠪᠠᠶᠢᠵᠤ ᠴᠤ ᠪᠣᠯᠤᠨ᠎ᠠ᠂ ᠨᠡᠷ᠎ᠡ ᠠᠯᠳᠠᠷᠲᠤ ᠪᠠᠭᠰᠢ ᠪᠯᠠᠮ ᠠ ᠨᠠᠷ ᠤᠨ ᠡᠬᠡ᠂ ᠡᠬᠡᠨᠡᠷ᠂ ᠡᠰᠡᠪᠡᠯ ᠥᠬᠢᠨ ᠨᠢ ᠪᠠᠶᠢᠵᠤ ᠴᠤ ᠪᠣᠯᠤᠨ᠎ᠠ᠃ ᠱᠠᠪᠢ ᠨᠠᠷ ᠲᠡᠳᠡᠨ ᠡᠴᠡ ᠦᠯᠦ ᠶᠣᠰᠣᠷᠬᠠᠭᠰᠠᠨ ᠪᠠᠶᠢᠳᠠᠯ ᠢᠶᠠᠷ ᠵᠥᠪᠯᠡᠭᠡ ᠠᠪᠤᠨ᠎ᠠ᠂ ᠭᠡᠪᠡᠴᠦ ᠪᠦᠰᠡᠭᠦᠶᠢᠴᠦᠳ ᠲᠡᠷᠡ ᠪᠦᠷᠢ ᠨᠣᠮ ᠬᠡᠪᠯᠡᠭᠦᠯᠵᠦ᠂ ᠰᠡᠩᠲᠡᠢ ᠳᠦ ᠵᠠᠯᠠᠷᠠᠵᠤ᠂ ᠥᠨᠳᠥᠷ ᠬᠡᠷᠭᠡᠮ ᠵᠡᠭᠦᠳᠡᠭ ᠦᠭᠡᠢ᠃ 《ᠴᠠᠰᠤᠲᠤ ᠶᠢᠨ ᠣᠷᠣᠨ ᠳᠤ ᠶᠡᠬᠡ ᠪᠢᠰᠢᠯᠭᠠᠭᠠᠴᠢ ᠪᠦᠰᠡᠭᠦᠶᠢᠴᠦᠳ ᠣᠯᠠᠨ ᠪᠠᠶᠢᠭᠰᠠᠨ ᠨᠢ ᠳᠠᠮᠵᠢᠭ ᠦᠭᠡᠢ᠃ ᠭᠡᠪᠡᠴᠦ ᠲᠡᠳᠡ ᠲᠣᠭᠲᠠᠭᠰᠠᠨ ᠲᠠᠭᠠᠯᠠᠯ ᠤᠨ ᠰᠠᠭᠤᠷᠢ ᠨᠣᠮᠯᠠᠯ ᠬᠦᠷᠢᠲᠦᠭᠡ ᠦᠭᠡᠢ ᠲᠤᠯᠠ ᠰᠤᠳᠤᠷ ᠪᠢᠴᠢᠬᠦ᠂ ᠱᠠᠪᠢ ᠨᠠᠷ ᠴᠤᠭᠯᠠᠭᠤᠯᠬᠤ᠂ ᠠᠶᠠᠯᠠᠨ ᠶᠠᠪᠤᠵᠤ ᠨᠣᠮ ᠲᠠᠯᠪᠢᠬᠤ ᠰᠡᠳᠡᠯ ᠲᠥᠷᠦᠳᠡᠭ ᠦᠭᠡᠢ᠃ ᠱᠠᠰᠢᠨ ᠤ ᠲᠡᠦᠬᠡ ᠶᠢ ᠰᠡᠬᠦᠨ ᠦᠵᠡᠪᠡᠯ ᠰᠢᠮᠨᠠᠴᠠ ᠨᠠᠷ ᠦᠭᠡᠶᠢᠯᠡᠭᠳᠡᠨ᠎ᠡ᠃ ᠭᠡᠪᠡᠴᠦ ᠲᠡᠳᠡ ᠪᠠᠶᠢᠭ᠎ᠠ ᠦᠭᠡᠢ ᠭᠡᠰᠡᠨ ᠦᠭᠡ ᠪᠢᠰᠢ》 ᠭᠡᠵᠦ ᠳᠡᠨᠵᠢᠨ ᠫᠠᠯᠮᠣ ᠠᠶᠢᠯᠠᠳᠳᠠᠭ᠃

ᠰᠢᠲᠦᠭᠡᠨ ᠵᠢᠷᠤᠭ ᠲᠤ[засварлах | кодоор засварлах]

ᠰᠢᠲᠦᠭᠡᠨ ᠵᠢᠷᠤᠭ᠂ ᠳᠦᠷᠰᠦᠯᠡᠬᠦ ᠤᠷᠠᠯᠢᠭ ᠲᠤ ᠳᠠᠭᠢᠨᠢᠰ ᠢ ᠴᠡᠯ ᠵᠠᠯᠠᠭᠤ᠂ ᠨᠢᠴᠦᠭᠦᠨ ᠪᠡᠶ᠎ᠡ ᠶᠢ ᠭᠠᠶᠢᠬᠠᠭᠤᠯᠤᠨ ᠪᠦᠵᠢᠭᠯᠡᠵᠦ ᠪᠤᠢ ᠪᠠᠷ᠂ ᠵᠠᠷᠢᠮ ᠳᠤ ᠪᠠᠨ ᠨᠢᠭᠡ ᠮᠤᠲᠤᠷ ᠲᠤ ᠪᠠᠨ ᠪᠡᠶ ᠡ ᠢᠢᠨ ᠶᠠᠭᠤᠮ ᠠ ᠢᠷᠡᠭᠰᠡᠨ ᠦ ᠴᠢᠰᠤ᠂ ᠡᠰᠡᠪᠡᠯ ᠠᠮᠢᠳᠤᠷᠠᠯ ᠲᠡᠳᠬᠦᠭᠴᠢ ᠷᠠᠰᠢᠶᠠᠨ ᠳᠦᠭᠦᠷᠡᠩ ᠭᠠᠪᠠᠯᠠ ᠠᠶᠠᠭ᠎ᠠ᠂ ᠨᠥᠭᠥᠭᠡ ᠮᠤᠲᠤᠷ ᠲᠤ ᠪᠠᠨ ᠪᠥᠭᠲᠥᠷ ᠮᠡᠰᠡ ᠡᠷᠬᠡᠰᠢᠶᠡᠭᠰᠡᠨ ᠢᠶᠡᠷ ᠳᠦᠷᠰᠦᠯᠡᠳᠡᠭ᠃ ᠲᠡᠷᠡᠴᠢᠯᠡᠨ ᠳᠠᠮᠠᠷᠦ ᠬᠢᠭᠡᠳ ᠸᠴᠢᠷ ᠠᠳᠬᠤᠭᠰᠠᠨ ᠪᠠᠶᠢᠳᠠᠯ ᠢᠶᠠᠷ ᠳᠦᠷᠰᠦᠯᠡᠳᠡᠭ᠃ ᠲᠡᠭᠦᠨᠴᠢᠯᠡᠨ ᠬᠦᠵᠦᠭᠦᠨ ᠳᠦ ᠪᠡᠨ ᠬᠦᠮᠦᠨ ᠦ ᠭᠠᠪᠠᠯᠠ ᠬᠡᠯᠬᠢᠭᠰᠡᠨ ᠡᠷᠢᠬᠡ ᠵᠡᠭᠦᠭᠰᠡᠨ᠂ ᠮᠥᠷᠦᠨ ᠳᠦ ᠪᠡᠨ ᠭᠤᠷᠪᠠᠨ ᠰᠢᠳᠦᠲᠦ ᠰᠡᠷᠡᠭᠡ ᠲᠣᠬᠣᠭᠰᠠᠨ ᠪᠠᠶᠢᠨ᠎ᠠ᠃ ᠦᠰᠦ ᠨᠢ ᠤᠷᠲᠤ᠂ ᠵᠠᠳᠠᠭᠠᠢ᠂ ᠨᠢᠷᠤᠭᠤ ᠤᠷᠤᠭᠤ ᠨᠢ ᠤᠨᠵᠢᠭᠰᠠᠨ᠂ ᠨᠢᠭᠤᠷ ᠨᠢ ᠬᠢᠯᠢᠩ ᠠᠭᠤᠷᠤᠯᠲᠠ ᠶᠢ ᠦᠵᠡᠭᠦᠯᠦᠭᠰᠡᠨ᠂ ᠥᠯᠮᠡᠢ ᠳᠣᠣᠷ ᠠ ᠪᠡᠨ ᠬᠦᠮᠦᠨ ᠦ ᠪᠡᠶ᠎ᠡ ᠶᠢ ᠭᠠᠵᠠᠷ ᠲᠤ ᠳᠡᠪᠰᠡᠯᠡᠨ ᠪᠤᠢ ᠨᠢ ᠮᠤᠩᠬᠠᠭ᠂ ᠰᠢᠨᠤᠯ᠂ ᠠᠭᠤᠷ ᠤᠨ ᠨᠢᠰᠧᠠᠨᠨᠢᠰ ᠢ ᠳᠠᠷᠤᠭᠰᠠᠨ ᠢ ᠪᠡᠯᠭᠡᠳᠡᠨ᠎ᠡ᠃ ᠮᠠᠩᠨᠠᠢ ᠳᠤ ᠤᠷᠤᠰᠢᠬᠤ ᠭᠤᠷᠪᠠ ᠳᠠᠬᠢ ᠮᠡᠯᠮᠡᠢ ᠨᠢ ᠳᠡᠭᠡᠳᠦ ᠴᠢᠨᠠᠭᠤᠬᠢ ᠦᠨᠡᠨ ᠢ ᠲᠠᠨᠢᠬᠤ ᠡᠷᠳᠡᠮᠲᠡᠢ ᠶᠢ ᠢᠯᠡᠳᠬᠡᠨ᠎ᠡ᠃ ᠯᠠᠭᠱᠠᠨ ᠢ ᠲᠣᠭᠣᠷᠢᠭᠰᠠᠨ ᠳᠥᠯ ᠨᠢ ᠣᠷᠭᠢᠯᠠᠨ ᠪᠤᠢ ᠶᠡᠬᠡ ᠡᠷᠴᠢᠮ ᠢ ᠨᠢ ᠲᠥᠯᠦᠭᠡᠯᠡᠨ᠎ᠡ᠃ ᠳᠠᠭᠢᠨᠢᠰ ᠬᠥᠭᠡᠷᠦᠯ ᠪᠠᠶᠠᠰᠤᠯ ᠢᠶᠠᠷ ᠪᠦᠵᠢᠬᠦᠢ ᠳᠦ ᠶᠠᠰᠤᠨ ᠰᠤᠨᠳᠤᠷ ᠤᠨ ᠬᠠᠷᠰᠢᠯᠳᠤᠬᠤ ᠱᠠᠷᠭᠢᠶᠠ ᠰᠣᠨᠣᠰᠤᠭᠳᠠᠳᠠᠭ ᠬᠡᠮᠡᠨ ᠪᠦᠲᠦᠭᠡᠯᠴᠢ ᠪᠢᠰᠢᠯᠭᠠᠭᠠᠴᠢᠳ ᠣᠯᠠᠨᠲᠠ ᠳᠤᠷᠠᠳᠤᠭᠰᠠᠨ ᠪᠠᠶᠢᠳᠠᠭ᠃ ᠳᠠᠷᠠᠭ᠎ᠠ ᠨᠢ ᠬᠦᠯᠢᠶᠡᠰᠦᠨ ᠡᠴᠡ ᠠᠩᠭᠢᠵᠢᠷᠠᠭᠰᠠᠨ ᠲᠡᠳᠡᠭᠡᠷ ᠪᠦᠰᠡᠭᠦᠢ ᠲᠥᠷᠥᠯᠲᠡᠨ ᠨᠦᠭᠦᠳ ᠶᠠᠭᠤᠮᠠᠰ ᠦᠵᠡᠭᠳᠡᠯ ᠦᠨ ᠲᠡᠭᠦᠰ ᠬᠣᠭᠣᠰᠣᠨ ᠴᠢᠨᠠᠷ ᠢ ᠪᠠᠬᠠᠷᠬᠠᠨ ᠪᠠᠶᠠᠰᠳᠠᠭ ᠭᠡᠳᠡᠭ᠃

ᠡᠬᠢ ᠰᠤᠷᠪᠤᠯᠵᠢ[засварлах | кодоор засварлах]

ᠪᠤᠷᠬᠠᠨ ‍ᠤ ᠱᠠᠰᠢᠨᠲᠤ ᠡᠮᠡᠭᠲᠡᠢᠢᠴᠦᠳ ᠦ᠋ᠨ ᠪᠤᠮᠠᠨ ᠬᠠᠨᠳᠣ ᠬᠣᠯᠪᠤᠭᠠᠨ ‍ᠤ ᠸᠧᠪ ᠲᠠᠯᠠᠪᠤᠷ