Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
ᠳᠠᠭᠢᠨᠢ
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
=ᠬᠤᠪᠢᠯᠭᠠᠨ ᠯᠠᠭᠱᠠᠨ ᠤ ᠳᠠᠭᠢᠨᠢᠰ= {{Image |Filename=Sarva Buddha Dakini 05.jpg |text=ᠸᠴᠢᠷᠲᠤ ᠭᠦᠨ ᠪᠢᠰᠢᠯᠭᠠᠯ ᠦ᠋ᠨ ᠳᠠᠭᠢᠨᠢ }} ᠵᠠᠬᠤᠷ ᠤᠨ ᠮᠠᠨᠳᠠᠷᠠᠤ᠎ᠠ ᠭᠦᠩᠵᠤ ᠯᠣᠪᠣᠨ ᠪᠠᠳᠮᠠᠵᠦᠩᠨᠠᠢ ᠶᠢᠨ ᠡᠨᠡᠳᠬᠡᠭ ᠭᠡᠷᠭᠡᠢ ᠪᠠᠶᠢᠭᠰᠠᠨ ᠪᠠ ᠬᠠᠮᠲᠤ ᠳᠤ ᠪᠠᠨ ᠦᠬᠦᠯ ᠦᠭᠡᠢ ᠶᠢᠨ ᠰᠢᠳᠢ ᠶᠢ ᠪᠦᠲᠦᠭᠡᠭᠰᠡᠨ ᠪᠠᠶᠢᠨ᠎ᠠ᠃ ᠶᠡᠰᠢ ᠴᠣᠣᠵᠠᠯ (8-9 ᠳᠦᠭᠡᠷ ᠵᠠᠭᠤᠨ) ᠯᠣᠪᠣᠨ ᠪᠠᠳᠮᠠᠵᠦᠩᠨᠠᠢ ᠶᠢᠨ ᠲᠥᠪᠡᠳ ᠱᠠᠪᠢ ᠪᠠᠶᠢᠭᠰᠠᠨ ᠪᠠ ᠲᠥᠪᠡᠳ ᠣᠷᠣᠨ ᠠ ᠪᠠᠳᠮᠠᠵᠦᠩᠨᠠᠢ ᠶᠢᠨ ᠨᠢᠭᠤᠴᠠ ᠰᠠᠩ ᠤᠨ ᠰᠤᠳᠤᠷ ᠤᠳ ᠢ ᠲᠦᠭᠡᠭᠡᠵᠡᠢ᠃ ᠨᠠᠷᠣᠫᠠ ᠭᠡᠭᠡᠨ ᠦ ᠳᠡᠭᠦᠦ ᠨᠢᠭᠤᠮᠠ (10-11 ᠳᠦᠭᠡᠷ ᠵᠠᠭᠤᠨ) ᠰᠢᠮᠪᠠ ᠻᠠᠷᠵᠦᠳ ᠦᠨ ᠳᠠᠮᠵᠢᠯᠭ᠎ᠠ ᠶᠢ ᠡᠭᠦᠰᠬᠡᠬᠦ ᠳᠦ ᠴᠢᠬᠤᠯᠠ ᠡᠭᠦᠷᠭᠡ ᠭᠦᠢᠴᠡᠳᠭᠡᠭᠰᠡᠨ᠃ ᠮᠠᠵᠢᠭ ᠯᠠᠪᠳᠷᠣᠨ (11 ᠳᠦᠭᠡᠷ ᠵᠠᠭᠤᠨ) ᠪᠢᠯᠢᠭ ᠦᠨ ᠴᠢᠨᠠᠳᠤ ᠳᠤ ᠬᠦᠷᠡᠬᠦᠢ ᠶᠢᠨ ᠰᠤᠳᠤᠷ ᠤᠳ ᠢ ᠬᠢᠴᠢᠶᠡᠩᠭᠦᠶᠢᠯᠡᠨ ᠤᠩᠰᠢᠵᠤ ᠲᠡᠭᠦᠰ ᠪᠢᠯᠢᠭ ᠢ ᠣᠨᠣᠭᠰᠠᠨ ᠭᠡᠳᠡᠭ᠃ ᠬᠣᠵᠢᠮ ᠨᠢ ᠪᠢ ᠬᠡᠮᠡᠬᠦ ᠦᠵᠡᠯ ᠢ ᠲᠠᠰᠤᠯᠬᠤ ᠽᠣᠳ ᠪᠢᠰᠢᠯᠭᠠᠯ ᠤᠨ ᠰᠢᠨ᠎ᠡ ᠬᠡᠯᠪᠡᠷᠢ ᠶᠢ ᠪᠤᠢ ᠪᠣᠯᠭᠠᠭᠰᠠᠨ ᠪᠢᠯᠡ᠃ ᠮᠠᠵᠢᠭ ᠣᠨᠭᠢᠶᠣ᠋ (12 ᠳᠦᠭᠠᠷ ᠵᠠᠭᠤᠨ) ᠳᠠᠨᠳᠠᠷ ᠤᠨ ᠶᠣᠰᠣᠨ ᠤ ᠷᠠᠶᠢᠵᠤᠩ ᠳᠣᠷᠵᠢᠳᠠᠭᠪᠠ ᠶᠢᠨ ᠳᠠᠮᠵᠢᠯᠭ᠎ᠠ ᠶᠢ ᠲᠥᠯᠦᠭᠡᠯᠡᠵᠦ ᠪᠠᠶᠢᠴᠠᠢ᠃ ᠵᠣᠮᠣ ᠮᠡᠩᠮᠣ ᠢᠢ (13 ᠳᠦᠭᠠᠷ ᠵᠠᠭᠤᠨ) ᠶᠡᠰᠢ ᠴᠣᠣᠵᠠᠯ ᠳᠠᠭᠢᠨᠢ ᠶᠢᠨ ᠬᠣᠶᠢᠳ ᠳᠦᠷᠢ ᠭᠡᠵᠦ ᠦᠵᠡᠳᠡᠭ᠃ ᠬᠤᠪᠢᠯᠭᠠᠨ ᠯᠠᠭᠱᠠᠨ ᠤ ᠳᠠᠭᠢᠨᠢᠰ ᠲᠡᠦᠬᠡᠨ ᠬᠦᠮᠦᠰ ᠲᠡᠳᠦᠢ ᠦᠭᠡᠢ ᠣᠳᠣ ᠴᠠᠭ ᠲᠤ ᠴᠤ ᠳᠠᠭᠢᠨᠢᠰ ᠤᠨ ᠬᠤᠪᠢᠯᠭᠠᠨ ᠬᠡᠮᠡᠨ ᠬᠦᠯᠢᠶᠡᠨ ᠵᠥᠪᠰᠢᠶᠡᠷᠡᠭᠰᠡᠨ ᠱᠠᠰᠢᠨ ᠤ ᠵᠢᠳᠬᠦᠯᠲᠡᠨ ᠨᠦᠭᠦᠳ ᠪᠠᠶᠢᠳᠠᠭ᠃ ᠡᠭᠦᠨ ᠳᠦ᠄ ᠻᠠᠷᠵᠦ᠋ᠳ ᠶᠣᠰᠣᠨ ᠤ ᠪᠠᠭᠰᠢ ᠬᠠᠩᠳ᠋ᠷᠣᠮ ᠠ ᠷ᠊ᠢ᠊ᠨ᠋ᠪᠤᠴ᠊ᠢ ᠰᠠᠵᠠ ᠶᠢᠨ ᠶᠣᠰᠣᠨ ᠤ ᠵᠢᠳᠬᠦᠯᠲᠡᠨ᠂ ᠪᠢᠯᠢᠭ ᠦᠨ ᠴᠢᠨᠠᠳᠤ ᠳᠤ ᠬᠦᠷᠦᠭᠰᠡᠨ ᠡᠬᠡ᠂ ᠳᠠᠷᠠ ᠡᠬᠡ ᠨᠤᠭᠦᠳ᠂ ᠨᠠᠷᠣᠬᠠᠵᠣᠳ ᠤᠨ ᠬᠤᠪᠢᠯᠭᠠᠨ ᠬᠡᠮᠡᠬᠦ ᠵᠢᠪᠵᠤᠨ ᠭᠦᠱᠤᠭ ᠴᠢᠮᠡᠳ ᠯᠦᠳᠢᠩ ᠳᠣᠯᠭᠠᠷ ᠰᠣᠳᠵᠠᠯ ᠷᠢᠨ᠋ᠪᠤᠴ᠊ᠢ᠂ ᠵᠣᠭᠴᠧᠨ ᠷᠢᠨ᠋ᠪᠤᠴ᠊ᠢ ᠨᠠᠷ ᠤᠨ ᠡᠬᠡ᠂ ᠵᠦᠭᠳᠣᠷᠨᠠᠮᠵᠠᠯᠮᠠ ᠪᠤᠷᠬᠠᠨ ᠤ ᠬᠤᠪᠢᠯᠭᠠᠨ᠂ ᠶᠡᠬᠡ ᠳᠠᠭᠢᠨᠢ ᠬᠡᠮᠡᠨ ᠠᠯᠳᠠᠷᠰᠢᠭᠰᠠᠨ ᠮᠠᠶᠤᠮ ᠴᠡᠷᠢᠩ ᠸᠠᠩᠮᠣ - ᠡᠳᠡᠭᠡᠷ ᠲᠡᠷᠢᠭᠦᠲᠡᠨ ᠳᠠᠭᠢᠨᠢᠰ ᠢ ᠳᠤᠷᠠᠳᠴᠤ ᠪᠣᠯᠤᠨ᠎ᠠ᠃ ᠸᠴᠢᠷᠲᠤ ᠬᠥᠯᠭᠡᠨ ᠦ ᠱᠠᠰᠢᠨ ᠪᠦᠰᠡᠭᠦᠢ ᠬᠦᠮᠦᠨ ᠪᠣᠯᠵᠤ ᠲᠥᠷᠥᠬᠦ ᠨᠢ ᠨᠣᠮ ᠤᠨ ᠮᠥᠷ ᠲᠦ ᠣᠷᠣᠵᠤ᠂ ᠭᠡᠭᠡᠷᠡᠯ ᠳᠦ ᠬᠦᠷᠬᠦ ᠳᠦ ᠨᠡᠩ ᠲᠠᠭᠠᠲᠠᠢ ᠪᠣᠯᠬᠤ ᠶᠢ ᠳᠤᠷᠠᠳᠤᠳᠠᠭ ᠨᠢᠭᠡᠨ ᠳᠠᠪᠲᠠᠭᠳᠠᠰᠢ ᠦᠭᠡᠢ ᠣᠨᠴᠠᠯᠢᠭ ᠲᠠᠢ᠃ ᠲᠥᠪᠡᠳ ᠣᠷᠣᠨ ᠳᠤ ᠨᠠᠶᠮᠠ ᠳᠤᠭᠠᠷ ᠵᠠᠭᠤᠨ ᠳᠤ ᠠᠩᠬᠠᠯᠠᠨ ᠪᠤᠷᠬᠠᠨ ᠤ ᠱᠠᠰᠢᠨ ᠳᠡᠯᠭᠡᠷᠡᠭᠦᠯᠦᠭᠰᠡᠨ ᠯᠣᠪᠣᠨ ᠪᠠᠳᠮᠠᠵᠦᠩᠨᠠᠢ ᠪᠦᠰᠡᠭᠦᠶᠢᠴᠦᠳ ᠨᠣᠮ ᠰᠤᠷᠭᠠᠯ ᠤᠨ ᠪᠢᠯᠢᠭ ᠪᠢᠯᠢᠭᠦᠨ ᠢ ᠣᠨᠣᠬᠤ ᠳᠠᠪᠠᠭᠤ ᠪᠣᠯᠤᠮᠵᠢ ᠲᠠᠢ ᠶᠢ ᠨᠣᠲᠠᠯᠠᠨ ᠠᠶᠢᠯᠠᠳᠤᠭᠰᠠᠨ ᠪᠠᠶᠢᠳᠠᠭ᠃ ᠲᠡᠭᠦᠨᠴᠢᠯᠡᠨ ᠠᠨᠧ ᠳᠡᠨᠵᠢᠨ ᠫᠠᠯᠮᠣ ᠦᠭᠦᠯᠡᠭᠰᠡᠨ ᠨᠢ 《ᠪᠦᠰᠡᠭᠦᠶᠢᠴᠦᠳ ᠪᠢᠰᠢᠯᠭᠠᠯ ᠳᠤ ᠡᠷᠡᠴᠦᠳ ᠡᠴᠡ ᠢᠯᠡᠭᠦᠦ ᠬᠢᠯᠪᠠᠷᠬᠠᠨ ᠤᠮᠪᠠᠨ ᠤᠷᠤᠬᠤ ᠴᠢᠳᠠᠪᠤᠷᠢ ᠲᠠᠢ ᠲᠤᠯᠠ ᠬᠣᠣᠰ ᠦᠭᠡᠢ ᠰᠠᠶᠢᠨ ᠪᠦᠲᠦᠭᠡᠯᠴᠢᠳ ᠪᠣᠯᠳᠠᠭ᠃ ᠤᠴᠢᠷ ᠨᠢ ᠡᠷᠡᠭᠲᠡᠶᠢᠴᠦᠳ᠂ ᠢᠯᠠᠩᠭᠤᠶ᠎ᠠ ᠣᠯᠠᠨ ᠵᠢᠯ ᠲᠣᠭᠲᠠᠭᠰᠠᠨ ᠲᠠᠭᠠᠯᠠᠯ ᠦᠵᠡᠭᠰᠡᠨ ᠬᠤᠸᠠᠷᠠᠭ ᠤᠳ ᠣᠶᠤᠨᠯᠢᠭ ᠴᠢᠳᠠᠪᠤᠷᠢ ᠪᠠᠨ ᠪᠠᠭᠤᠷᠠᠬᠤ ᠠᠴᠠ ᠡᠮᠢᠶᠡᠳᠡᠭ᠃ ᠲᠡᠳᠡ ᠪᠦᠬᠦᠨ ᠢ ᠵᠥᠩ ᠳᠦ ᠨᠢ ᠣᠷᠬᠢᠵᠤ᠂ ᠪᠢᠰᠢᠯᠭᠠᠯ ᠤᠨ ᠶᠢᠷᠲᠢᠨᠴᠦ ᠳᠦ ᠪᠠᠷᠢᠴᠠ ᠦᠭᠡᠢ ᠣᠷᠣᠬᠤ ᠠᠴᠠ ᠠᠶᠤᠵᠤ ᠪᠠᠶᠢᠬᠤ ᠳᠤ ᠬᠠᠷᠢᠨ ᠡᠮᠡᠭᠲᠡᠶᠢᠴᠦᠳ ᠲᠡᠷᠡ ᠪᠦᠬᠦᠨ ᠳᠦ ᠠᠶᠠᠨᠳᠠᠭᠠᠨ ᠵᠣᠬᠢᠴᠠᠵᠤ ᠴᠢᠳᠠᠳᠠᠭ》 ᠭᠡᠵᠦ ᠠᠶᠢᠯᠠᠳᠤᠭᠰᠠᠨ ᠪᠠᠶᠢᠳᠠᠭ᠃ ᠭᠡᠭᠡᠷᠡᠯ ᠦᠨ ᠪᠦᠰᠡᠭᠦᠢ ᠳᠦᠷᠢ ᠶᠢᠨ ᠪᠡᠶᠡᠯᠡᠯ ᠢ ᠳᠠᠭᠢᠨᠢ ᠭᠡᠬᠦ ᠠᠪᠴᠤ ᠲᠤᠬᠠᠢ ᠶᠢᠨ ᠣᠶᠢᠯᠠᠭᠠᠯᠲᠠ ᠨᠢ ᠪᠡᠯᠭᠡ ᠴᠢᠨᠠᠷ ᠢᠶᠠᠷ ᠢᠶᠠᠨ ᠪᠠᠷᠢᠴᠠ ᠦᠭᠡᠢ᠂ ᠶᠣᠭᠲᠠ ᠤᠳᠬ᠎ᠠ ᠲᠠᠢ᠂ ᠢᠪᠴᠤᠤ ᠶᠠᠭᠰᠢᠮᠠᠯ ᠦᠵᠡᠯ ᠢ ᠳᠠᠪᠠᠬᠤ ᠨᠢ ᠳᠠᠭᠢᠨᠢᠰ ᠤᠨ ᠪᠢᠯᠢᠭᠦᠨ ᠲᠣᠭᠯᠠᠭᠠᠮ ᠤᠨ ᠵᠢᠷᠦᠬᠡᠨ ᠲᠣᠯᠲᠠ ᠪᠣᠯᠳᠠᠭ ᠲᠤᠯᠠ ᠶᠠᠭᠰᠢᠲᠠᠯ᠎ᠠ ᠣᠨᠣᠭᠰᠠᠨ ᠲᠣᠳᠣᠷᠬᠠᠶᠢᠯᠠᠯᠲᠠ ᠥᠭᠬᠦ ᠨᠢ ᠥᠪᠡᠷ ᠢᠶᠡᠨ ᠰᠣᠯᠣᠩᠭ᠎ᠠ ᠬᠥᠭᠡᠭᠡᠭᠰᠡᠨ ᠲᠡᠢ ᠠᠳᠠᠯᠢ ᠦᠷ᠎ᠡ ᠦᠭᠡᠢ ᠶᠤᠮ᠃ ᠳᠡᠨᠵᠢᠨ ᠫᠠᠯᠮᠣ ᠪᠦᠰᠡᠭᠦᠢ ᠳᠦᠷᠢ ᠪᠡᠷ ᠭᠡᠭᠡᠷᠡᠯ ᠳᠦ ᠬᠦᠷᠡᠬᠦ ᠪᠡᠷ ᠲᠠᠩᠭᠠᠷᠢᠭ ᠲᠠᠯᠪᠢᠭᠰᠠᠨ ᠪᠢᠯᠡ᠃ ᠲᠡᠷᠡ ᠪᠡᠷ ᠥᠭᠭᠦᠭᠦᠯᠬᠦ ᠳᠦ ᠪᠡᠨ᠄ 《ᠪᠦᠰᠡᠭᠦᠢ ᠬᠦᠮᠦᠨ ᠦ ᠣᠨᠴᠠᠭᠠᠢ ᠴᠢᠨᠠᠷ ᠬᠤᠷᠴᠠ᠂ ᠲᠤᠩᠭᠠᠯᠠᠭ ᠤᠬᠠᠭᠠᠨ ᠭᠡᠵᠦ ᠪᠢ ᠪᠣᠳᠣᠳᠠᠭ᠃ ᠵᠠᠷᠢᠮ ᠡᠷᠡᠭᠲᠡᠢ ᠬᠦᠮᠦᠰ ᠲᠦ ᠴᠤ ᠡᠶᠢᠮᠦ ᠴᠢᠨᠠᠷ ᠪᠠᠶᠢᠳᠠᠭ ᠯᠠ ᠳ᠋ᠠ᠃ ᠲᠡᠶᠢᠮᠦ ᠡᠴᠡ ᠣᠶᠤᠨ ᠤ ᠬᠥᠰᠢᠩᠭᠢ ᠶᠢ ᠪᠦᠰᠡᠭᠦᠢ ᠬᠦᠮᠦᠨ ᠦ ᠤᠬᠠᠭᠠᠨ ᠬᠥᠨᠳᠡᠯᠡᠨ ᠵᠦᠰᠦᠭᠡᠳ ᠭᠠᠷᠳᠠᠭ᠂ ᠲᠡᠭᠡᠭᠡᠳ ᠠᠨᠢᠰᠤᠲᠠᠢ ᠣᠨᠣᠳᠠᠭ᠃ ᠳᠠᠭᠢᠨᠢ ᠪᠣᠯ ᠵᠥᠩ ᠮᠡᠳᠡᠷᠡᠮᠵᠢ ᠶᠢᠨ ᠬᠦᠴᠦ ᠭᠡᠵᠦ ᠪᠢ ᠪᠣᠳᠣᠳᠠᠭ᠃ ᠡᠮᠡᠭᠲᠡᠢ ᠬᠦᠮᠦᠨ ᠠᠯᠢᠪᠠ ᠶᠢ ᠭᠢᠯᠪᠢᠯᠭᠡᠨ ᠭᠢᠯᠪᠠᠭ᠎ᠠ ᠲᠤᠰᠤᠬᠤ ᠠᠳᠠᠯᠢ ᠰᠡᠳᠬᠢᠯ ᠳᠦ ᠪᠡᠨ ᠲᠤᠰᠬᠠᠵᠤ ᠠᠪᠳᠠᠭ᠂ ᠬᠠᠷᠢᠨ ᠣᠶᠤᠨᠯᠢᠭ ᠶᠠᠷᠢᠶ᠎ᠠ ᠬᠡᠯᠡᠯᠴᠡᠭᠡ ᠡᠮᠡᠭᠲᠡᠢ ᠬᠦᠮᠦᠨ ᠳᠦ ᠬᠠᠭᠤᠷᠠᠢ᠂ ᠬᠥᠨᠳᠡᠢ ᠬᠦᠢᠲᠡᠨ᠂ ᠰᠡᠳᠬᠢᠯ ᠲᠠᠲᠠᠬᠤ ᠬᠦᠴᠦ ᠰᠤᠯᠠ ᠲᠠᠢ ᠰᠠᠨᠠᠭᠳᠠᠳᠠᠭ᠂ ᠲᠡᠳᠦᠶᠢᠯᠡᠨ ᠰᠣᠨᠢᠷᠬᠠᠯ ᠢ ᠨᠢ ᠲᠥᠷᠦᠭᠦᠯᠳᠡᠭ ᠦᠭᠡᠢ》ᠭᠡᠰᠡᠨ ᠪᠠᠶᠢᠨ᠎ᠠ᠃ ᠳᠠᠭᠢᠨᠢ ᠡᠷᠳᠡᠨᠢ ᠭᠡᠰᠡᠨ ᠤᠳᠬ᠎ᠠ ᠪᠦᠬᠦᠢ ᠨᠡᠷ᠎ᠡ ᠠᠯᠳᠠᠷ ᠲᠠᠢ ᠬᠠᠩᠳᠷᠣ ᠷᠢᠨ᠋ᠪᠤᠴᠢ ᠣᠨᠣᠵᠤ ᠬᠡᠯᠡᠭᠰᠡᠨ ᠨᠢ᠄ 《ᠤᠯᠠᠮᠵᠢᠯᠠᠯ ᠢᠶᠠᠷ ᠢᠶᠠᠨ ᠪᠦᠲᠦᠭᠡᠯᠴᠢ᠂ ᠪᠢᠰᠢᠯᠭᠠᠭᠠᠴᠢ ᠡᠮᠡᠭᠲᠡᠢ᠂ ᠶᠡᠬᠡ ᠪᠠᠭᠰᠢ ᠪᠯᠠᠮ ᠠ ᠨᠠᠷ ᠤᠨ ᠭᠡᠷᠭᠡᠢ ᠨᠠᠷ ᠢ ᠳᠠᠭᠢᠨᠢ ᠬᠡᠮᠡᠨ ᠨᠡᠷᠡᠶᠢᠳᠳᠡᠭ᠃ ᠮᠥᠨ ᠡᠷ᠎ᠡ ᠡᠮ᠎ᠡ ᠬᠦᠢᠰᠦ ᠦᠨ ᠦᠵᠡᠯ ᠦᠨ ᠴᠢᠨᠠᠳᠤ ᠳᠤ ᠬᠠᠯᠢᠭᠰᠠᠨ ᠬᠣᠶᠠᠷ ᠦᠭᠡᠢ ᠦᠵᠡᠯ ᠢ ᠢᠯᠡᠳᠬᠡᠳᠡᠭ》ᠭᠡᠵᠡᠢ᠃ ᠦᠨᠡᠨᠬᠦᠦ ᠳᠠᠭᠢᠨᠢ ᠶᠢᠨ ᠮᠥᠨ ᠴᠢᠨᠠᠷ ᠨᠢ ᠬᠤᠪᠢᠷᠠᠰᠢ ᠦᠭᠡᠢ᠂ ᠴᠢᠩ ᠰᠢᠳᠤᠷᠭᠤ᠂ ᠪᠠᠰᠠ ᠴᠤ ᠪᠠᠭ᠎ᠠ ᠵᠡᠷᠭᠡ ᠳᠣᠭᠰᠢᠨ ᠴᠢᠨᠠᠷᠲᠠᠢ ᠨᠡᠩ ᠣᠨᠣᠴᠢ ᠬᠤᠷᠴᠠ᠂ ᠲᠣᠳᠣ ᠭᠡᠷᠡᠯᠲᠦ ᠪᠢᠯᠢᠭᠦᠨ ᠰᠡᠳᠬᠢᠯ ᠭᠡᠵᠦ ᠬᠠᠩᠳᠷᠣ ᠷᠢᠨ᠋ᠪᠤᠴᠢ ᠲᠣᠳᠣᠷᠬᠠᠶᠢᠯᠠᠭᠰᠠᠨ ᠪᠠᠶᠢᠳᠠᠭ᠃ ᠳᠠᠭᠢᠨᠢ ᠶᠢᠨ ᠤᠬᠠᠭᠳᠠᠬᠤᠨ ᠣᠯᠠᠨ ᠲᠦᠪᠰᠢᠨ ᠦ ᠤᠳᠬ᠎ᠠ ᠠᠭᠤᠯᠠᠳᠠᠭ ᠲᠤᠯᠠ ᠬᠡᠲᠦ ᠬᠢᠯᠪᠠᠷᠰᠢᠭᠤᠯᠵᠤ ᠤᠶᠢᠯᠠᠭᠠᠬᠤ ᠨᠢ ᠵᠣᠬᠢᠰ ᠦᠭᠡᠢ᠃ ᠢᠨᠠᠭᠤᠬᠢ ᠤᠳᠬ᠎ᠠ ᠪᠠᠷ ᠢᠶᠠᠨ ᠭᠠᠵᠠᠷ ᠮᠥᠷ ᠠᠬᠢᠭᠰᠠᠨ ᠪᠦᠲᠦᠭᠡᠯᠴᠢ᠂ ᠪᠢᠰᠢᠯᠭᠠᠭᠠᠴᠢ ᠡᠮᠡᠭᠲᠡᠶᠢᠴᠦᠳ ᠢ ᠳᠠᠭᠢᠨᠢ ᠭᠡᠳᠡᠭ᠃ ᠬᠠᠷᠢᠨ ᠴᠢᠨᠠᠭᠤᠬᠢ ᠤᠳᠬ᠎ᠠ ᠳᠤ ᠪᠠᠨ ᠳᠠᠭᠢᠨᠢ ᠪᠦᠰᠡᠭᠦᠢ ᠬᠦᠮᠦᠨ ᠦ ᠳᠦᠷᠢ ᠪᠡᠷ ᠢᠯᠡᠷᠡᠬᠦ ᠴᠤ ᠮᠥᠨ ᠴᠢᠨᠠᠷᠲᠤ ᠪᠠᠨ ᠬᠦᠢᠰᠦ ᠦᠨ ᠣᠶᠢᠯᠠᠭᠠᠯᠲᠠ ᠠᠴᠠ ᠠᠩᠭᠢᠳᠠ ᠣᠷᠣᠰᠢᠳᠠᠭ᠃ 《ᠦᠨᠡᠬᠡᠷ ᠳᠠᠭᠢᠨᠢ ᠲᠠᠢ ᠤᠴᠠᠷᠠᠶ᠎ᠠ ᠭᠡᠪᠡᠯ ᠬᠣᠶᠠᠷ ᠲᠤᠶᠢᠯ ᠳᠤ ᠦᠵᠡᠯ ᠦᠨ ᠴᠢᠨᠠᠳᠤ ᠳᠤ ᠬᠠᠯᠢᠬᠤ ᠬᠡᠷᠡᠭᠲᠡᠢ》 ᠬᠡᠮᠡᠨ ᠬᠠᠩᠳᠷᠣ ᠷᠢᠨ᠋ᠪᠤᠴᠢ ᠰᠤᠷᠭᠠᠳᠠᠭ ᠪᠠ ᠴᠢᠨᠠᠭᠤᠬᠢ ᠦᠨᠡᠨ ᠢ ᠳᠠᠩ ᠮᠡᠳᠡᠯᠭᠡ ᠤᠬᠠᠭᠠᠨ ᠢᠶᠠᠷ ᠣᠨᠣᠵᠤ ᠪᠣᠯᠬᠤ ᠦᠭᠡᠢ ᠭᠡᠰᠡᠨ ᠸᠴᠢᠷᠲᠤ ᠬᠥᠯᠭᠡᠨ ᠦ ᠠᠮᠢᠨ ᠴᠢᠬᠤᠯᠠ ᠵᠠᠷᠴᠢᠮ ᠤᠨ ᠨᠢᠭᠡ ᠶᠢ ᠪᠠᠷᠢᠮᠲᠠᠯᠠᠳᠠᠭ ᠪᠢᠯᠡ᠃ ᠪᠦᠲᠦᠭᠡᠯᠴᠢ᠂ ᠰᠤᠳᠤᠯᠤᠭᠠᠴᠢ ᠵᠦ᠋ᠳᠢᠲ᠋ᠾ ᠰᠢᠮᠮᠧᠷ-ᠪᠷᠠᠦ᠋ᠨ ᠳᠠᠭᠢᠨᠢ ᠶᠢᠨ ᠤᠳᠬ᠎ᠠ ᠶᠢ ᠳᠥᠷᠪᠡᠨ ᠲᠦᠪᠰᠢᠨ ᠳᠦ ᠬᠤᠪᠢᠶᠠᠴᠠᠢ᠃ ᠡᠭᠦᠨ ᠳᠦ᠄ 《ᠳᠠᠭᠢᠨᠢ ᠨᠢᠭᠤᠴᠠ ᠲᠦᠪᠰᠢᠨ ᠳᠦ ᠪᠡᠨ ᠦᠵᠡᠭᠳᠡᠯ ᠪᠠ ᠰᠡᠳᠬᠢᠯ ᠦᠨ ᠦᠨᠳᠦᠰᠦᠨ ᠴᠢᠨᠠᠷ ᠤᠨ ᠢᠯᠡᠷᠡᠯ ᠪᠥᠭᠡᠳ ᠳᠠᠭᠢᠨᠢ ᠶᠢᠨ ᠷᠢᠳᠢ ᠴᠢᠳᠠᠯ ᠨᠢ ᠸᠴᠢᠷᠲᠤ ᠬᠥᠯᠭᠡᠨ ᠦ ᠪᠢᠰᠢᠯᠭᠠᠯ ᠤᠨ ᠮᠠᠰᠢᠳᠠ ᠭᠦᠨ ᠦᠵᠡᠯ ᠲᠡᠢ ᠳᠣᠲᠣᠭᠠᠳᠤ ᠴᠢᠨᠠᠷ ᠢᠶᠠᠷ ᠢᠶᠠᠨ ᠤᠶᠠᠯᠳᠤᠳᠠᠭ᠃ ᠡᠨᠡ ᠪᠣᠯ ᠳᠠᠭᠢᠨᠢ ᠶᠢᠨ ᠬᠠᠮᠤᠭ ᠤᠨ ᠴᠢᠬᠤᠯᠠ ᠴᠠᠨᠢᠳ ᠤᠴᠢᠷ ᠰᠡᠳᠬᠢᠯ ᠦᠨ ᠳᠦᠷᠰᠦ ᠦᠭᠡᠢ ᠪᠢᠯᠢᠭ ᠦᠨ ᠤᠭ ᠴᠢᠨᠠᠷ ᠭᠡᠵᠦ ᠦᠵᠡᠳᠡᠭ᠃ ᠳᠣᠲᠣᠭᠠᠳᠤ ᠲᠦᠪᠰᠢᠨ ᠪᠤᠶᠤ ᠵᠠᠩ ᠦᠢᠯᠡ ᠶᠢᠨ ᠲᠦᠪᠰᠢᠨ ᠳᠦ ᠳᠠᠭᠢᠨᠢ ᠪᠢᠰᠢᠯᠭᠠᠯ ᠤᠨ ᠢᠳᠠᠮ ᠪᠣᠯᠬᠤ ᠪᠠ ᠪᠤᠷᠬᠠᠨ ᠤ ᠪᠦᠬᠦᠢ ᠯᠠ ᠴᠢᠨᠠᠷ ᠢ ᠳᠠᠭᠢᠨᠢ ᠶᠢᠨ ᠳᠦᠷᠢ ᠳᠦ ᠳᠦᠷᠰᠦᠯᠡᠵᠦ ᠪᠢᠰᠢᠯᠭᠠᠳᠠᠭ ᠪᠠᠶᠢᠨ᠎ᠠ᠃ ᠭᠠᠳᠠᠭᠠᠳᠤ ᠪᠤᠶᠤ ᠨᠠᠷᠢᠨ ᠪᠡᠶ᠎ᠡ ᠶᠢᠨ ᠲᠦᠪᠰᠢᠨ ᠳᠦ ᠳᠠᠭᠢᠨᠢ ᠨᠢ ᠨᠠᠷᠢᠨ ᠰᠤᠳᠠᠯ ᠳᠤ ᠭᠦᠶᠦᠬᠦ ᠪᠡᠶᠡᠵᠢᠭᠰᠡᠨ ᠰᠡᠳᠬᠢᠯ ᠦᠨ ᠡᠷᠴᠢᠮ ᠦᠨ ᠰᠦᠯᠵᠢᠶ᠎ᠡ᠂ ᠳᠠᠨᠳᠠᠷ ᠤᠨ ᠶᠥᠭᠡᠵᠡᠷᠢ ᠦᠨ ᠠᠮᠢᠨ ᠠᠮᠢᠰᠬᠤᠯ ᠶᠤᠮ᠃ ᠭᠠᠳᠠᠭᠠᠳᠤ ᠭᠠᠳᠠᠭᠠᠳᠤ ᠲᠦᠪᠰᠢᠨ ᠳᠦ ᠳᠠᠭᠢᠨᠢ ᠨᠢ ᠪᠦᠰᠡᠭᠦᠢ ᠬᠥᠮᠥᠨ ᠪᠠᠶᠢᠬᠤ ᠪᠠ ᠲᠤᠬᠠᠶᠢᠯᠠᠪᠠᠯ ᠰᠡᠩᠲᠡᠢ ᠳᠦ ᠵᠠᠯᠠᠷᠠᠭᠰᠠᠨ ᠪᠠᠭᠰᠢ ᠪᠯᠠᠮ ᠠ᠂ ᠬᠦᠷᠦᠰᠢ ᠦᠭᠡᠢ ᠠᠯᠤᠰ ᠠᠭᠤᠯᠠ ᠶᠢᠨ ᠠᠭᠤᠢ ᠳᠤ ᠪᠢᠰᠢᠯᠭᠠᠨ ᠰᠠᠭᠤᠬᠤ ᠪᠦᠰᠡᠭᠦᠢ ᠪᠦᠲᠦᠭᠡᠯᠴᠢ᠂ ᠪᠢᠰᠢᠯᠭᠠᠯ ᠤᠨ ᠶᠡᠬᠡ ᠪᠠᠭᠰᠢ᠂ ᠡᠰᠡᠪᠡᠯ ᠪᠯᠠᠮ ᠠ ᠪᠠᠭᠰᠢ ᠶᠢᠨ ᠭᠡᠷᠭᠡᠢ ᠶᠢᠨ ᠳᠦᠷᠢ ᠪᠡᠷ ᠵᠠᠯᠠᠷᠠᠵᠤ᠂ ᠥᠪᠡᠷ ᠦᠨ ᠠᠮᠢᠳᠤᠷᠠᠯ ᠵᠠᠮᠨᠠᠯ ᠢᠶᠠᠷ ᠮᠥᠷ ᠢ ᠦᠵᠡᠭᠦᠯᠵᠦ ᠨᠣᠮᠯᠠᠳᠠᠭ᠃ ᠲᠡᠭᠦᠨᠴᠢᠯᠡᠨ᠂ ᠶᠡᠷᠦ ᠨᠢ ᠪᠦᠬᠦ ᠡᠮᠡᠭᠲᠡᠶᠢᠴᠦᠳ ᠬᠤᠪᠢᠯᠤᠭᠰᠠᠨ ᠳᠠᠭᠢᠨᠢ ᠶᠢᠨ ᠳᠦᠷᠢ ᠶᠤᠮ᠃ ᠡᠶᠢᠨᠬᠦᠦ ᠳᠠᠭᠢᠨᠢᠰ ᠶᠠᠩᠵᠤ ᠪᠦᠷᠢ ᠶᠢᠨ ᠳᠦᠷᠢ ᠪᠡᠷ ᠢᠯᠡᠷᠡᠬᠦ ᠠᠵᠤᠭᠤ. 《ᠸᠴᠢᠷᠲᠤ ᠬᠥᠯᠭᠡᠨ ᠳᠦ ᠳᠠᠭᠢᠨᠢ ᠪᠦᠰᠡᠭᠦᠢ ᠭᠡᠭᠡᠷᠡᠯ ᠦᠨ ᠨᠡᠩ ᠴᠢᠬᠤᠯᠠ ᠬᠡᠰᠡᠭ ᠪᠣᠯᠳᠠᠭ᠃ ᠳᠠᠭᠢᠨᠢ ᠪᠣᠯ ᠥᠪᠡᠷ ᠡᠴᠡ ᠪᠡᠨ ᠭᠡᠷᠡᠯᠲᠦᠬᠦ ᠨᠠᠷᠢᠨ ᠬᠡᠢ᠂ ᠯᠦᠩ ᠦᠨ ᠡᠷᠴᠢᠮ᠂ ᠶᠠᠭᠰᠢᠮᠠᠯ ᠪᠠᠷᠢᠮᠲᠠᠯᠠᠯ ᠠᠴᠠ ᠠᠩᠭᠢᠵᠢᠷᠠᠬᠤ ᠶᠢᠨ ᠲᠦᠯᠬᠢᠭᠦᠷ᠂ ᠰᠠᠬᠢᠭᠤᠰᠤ᠂ ᠬᠠᠮᠠᠭᠠᠯᠠᠭᠴᠢ ᠪᠢᠯᠡ᠃ ᠳᠠᠭᠢᠨᠢ ᠶᠢ ᠠᠮᠢᠳᠤᠷᠠᠯ ᠳᠤ ᠪᠠᠨ ᠤᠷᠢᠨ ᠦᠯᠦ ᠵᠠᠯᠠᠪᠠᠰᠤ ᠰᠡᠳᠬᠢᠯ ᠦᠨ ᠨᠠᠷᠢᠨ ᠲᠥᠯᠥᠪ ᠲᠦ ᠨᠡᠪᠲᠡᠷᠡᠴᠢ ᠦᠯᠦ ᠴᠢᠳᠠᠨ᠎ᠠ》 ᠬᠡᠮᠡᠨ ᠴᠦᠯᠲᠡᠮ ᠠᠯᠯᠢᠣᠨ ᠪᠠᠭᠰᠢ ᠦᠭᠦᠯᠡᠭᠰᠡᠨ ᠪᠠᠶᠢᠨ᠎ᠠ᠃ ᠭᠢᠮᠠᠯᠠᠢ ᠶᠢᠨ ᠨᠢᠷᠤᠭᠤ ᠢᠮᠠᠭᠲᠠ ᠭᠠᠵᠠᠷ ᠮᠥᠷ ᠠᠬᠢᠭᠰᠠᠨ ᠪᠦᠰᠡᠭᠦᠢ ᠪᠦᠲᠦᠭᠡᠯᠴᠢᠳ ᠦᠨ ᠥᠯᠥᠭᠡᠢ ᠪᠠᠶᠢᠭᠰᠠᠭᠠᠷ ᠢᠷᠡᠭᠰᠡᠨ᠃ ᠪᠢᠰᠢᠯᠭᠠᠭᠠᠴᠢ ᠪᠦᠰᠡᠭᠦᠶᠢᠴᠦᠳ ᠠᠯᠤᠰ ᠬᠥᠳᠡᠭᠡ ᠶᠢᠨ ᠬᠡᠶᠢᠳ ᠣᠷᠣᠨ ᠳᠤ ᠱᠠᠪᠢᠯᠠᠨ ᠰᠠᠭᠤᠵᠤ ᠪᠠᠶᠢᠵᠤ ᠴᠤ ᠪᠣᠯᠤᠨ᠎ᠠ᠂ ᠨᠡᠷ᠎ᠡ ᠠᠯᠳᠠᠷᠲᠤ ᠪᠠᠭᠰᠢ ᠪᠯᠠᠮ ᠠ ᠨᠠᠷ ᠤᠨ ᠡᠬᠡ᠂ ᠡᠬᠡᠨᠡᠷ᠂ ᠡᠰᠡᠪᠡᠯ ᠥᠬᠢᠨ ᠨᠢ ᠪᠠᠶᠢᠵᠤ ᠴᠤ ᠪᠣᠯᠤᠨ᠎ᠠ᠃ ᠱᠠᠪᠢ ᠨᠠᠷ ᠲᠡᠳᠡᠨ ᠡᠴᠡ ᠦᠯᠦ ᠶᠣᠰᠣᠷᠬᠠᠭᠰᠠᠨ ᠪᠠᠶᠢᠳᠠᠯ ᠢᠶᠠᠷ ᠵᠥᠪᠯᠡᠭᠡ ᠠᠪᠤᠨ᠎ᠠ᠂ ᠭᠡᠪᠡᠴᠦ ᠪᠦᠰᠡᠭᠦᠶᠢᠴᠦᠳ ᠲᠡᠷᠡ ᠪᠦᠷᠢ ᠨᠣᠮ ᠬᠡᠪᠯᠡᠭᠦᠯᠵᠦ᠂ ᠰᠡᠩᠲᠡᠢ ᠳᠦ ᠵᠠᠯᠠᠷᠠᠵᠤ᠂ ᠥᠨᠳᠥᠷ ᠬᠡᠷᠭᠡᠮ ᠵᠡᠭᠦᠳᠡᠭ ᠦᠭᠡᠢ᠃ 《ᠴᠠᠰᠤᠲᠤ ᠶᠢᠨ ᠣᠷᠣᠨ ᠳᠤ ᠶᠡᠬᠡ ᠪᠢᠰᠢᠯᠭᠠᠭᠠᠴᠢ ᠪᠦᠰᠡᠭᠦᠶᠢᠴᠦᠳ ᠣᠯᠠᠨ ᠪᠠᠶᠢᠭᠰᠠᠨ ᠨᠢ ᠳᠠᠮᠵᠢᠭ ᠦᠭᠡᠢ᠃ ᠭᠡᠪᠡᠴᠦ ᠲᠡᠳᠡ ᠲᠣᠭᠲᠠᠭᠰᠠᠨ ᠲᠠᠭᠠᠯᠠᠯ ᠤᠨ ᠰᠠᠭᠤᠷᠢ ᠨᠣᠮᠯᠠᠯ ᠬᠦᠷᠢᠲᠦᠭᠡ ᠦᠭᠡᠢ ᠲᠤᠯᠠ ᠰᠤᠳᠤᠷ ᠪᠢᠴᠢᠬᠦ᠂ ᠱᠠᠪᠢ ᠨᠠᠷ ᠴᠤᠭᠯᠠᠭᠤᠯᠬᠤ᠂ ᠠᠶᠠᠯᠠᠨ ᠶᠠᠪᠤᠵᠤ ᠨᠣᠮ ᠲᠠᠯᠪᠢᠬᠤ ᠰᠡᠳᠡᠯ ᠲᠥᠷᠦᠳᠡᠭ ᠦᠭᠡᠢ᠃ ᠱᠠᠰᠢᠨ ᠤ ᠲᠡᠦᠬᠡ ᠶᠢ ᠰᠡᠬᠦᠨ ᠦᠵᠡᠪᠡᠯ ᠰᠢᠮᠨᠠᠴᠠ ᠨᠠᠷ ᠦᠭᠡᠶᠢᠯᠡᠭᠳᠡᠨ᠎ᠡ᠃ ᠭᠡᠪᠡᠴᠦ ᠲᠡᠳᠡ ᠪᠠᠶᠢᠭ᠎ᠠ ᠦᠭᠡᠢ ᠭᠡᠰᠡᠨ ᠦᠭᠡ ᠪᠢᠰᠢ》 ᠭᠡᠵᠦ ᠳᠡᠨᠵᠢᠨ ᠫᠠᠯᠮᠣ ᠠᠶᠢᠯᠠᠳᠳᠠᠭ᠃
Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width