ᠳᠡᠮᠴᠣᠭᠳᠣᠨᠷᠤᠪ᠂ ᠪᠣᠷᠵᠢᠭᠢᠨ ᠨᠠᠮᠵᠠᠯᠸᠠᠩᠴᠣᠭ

Wikibilig-с

ᠬᠤᠩ ᠲᠠᠢᠢᠵᠢ ᠳᠡᠮᠴᠣᠭᠳᠣᠨᠷᠤᠪ[засварлах | кодоор засварлах]


ᠪᠣᠷᠵᠢᠭᠢᠨ ᠨᠠᠮᠵᠠᠯᠸᠠᠩᠴᠣᠭ ᠦ᠋ᠨ ᠳᠡᠮᠴᠣᠭᠳᠣᠨᠷᠤᠪ
ᠬᠤᠩᠲᠠᠢᠢᠵᠢ
ᠳᠡᠮᠴᠣᠭᠳᠣᠨᠷᠤᠪ
ᠲᠣᠪᠴᠢ ᠲᠠᠨᠢᠯᠴᠠᠭᠣᠯᠭ᠍ᠠ᠋
ᠲᠥᠷᠦᠭᠰᠡᠨ ᠣᠩᠨᠠᠭ᠍ᠠ᠋ 1902 ᠣᠨ ‍ᠦ 02 ᠰᠠᠷ᠎ ‍ᠠ᠋ ᠶ᠋ᠢᠨ 08
ᠲᠥᠷᠦᠭᠰᠡᠨ ᠭᠠᠴᠠᠷ ᠴᠠᠬᠠᠷ᠂ ᠰᠢᠯᠢ ᠶ᠋ᠢᠨ ᠭᠣᠣᠯ ᠦ᠋ᠨ ᠴᠢᠭᠤᠯᠭᠠᠨ᠂ ᠰᠥᠨᠢᠳ ᠪᠠᠷᠠᠭᠤᠨ ᠬᠣᠰᠢᠭᠤ
ᠬᠠᠷᠢᠶᠠᠯᠠᠯ ᠴᠢᠩ ᠤᠯᠤᠰ
ᠪᠦᠭᠦᠳᠡ ᠨᠠᠢᠢᠷᠠᠮᠳᠠᠬᠤ ᠬᠢᠲᠠᠳ ᠤᠯᠤᠰ
ᠣᠪᠤᠷ ᠮᠣᠩᠭᠣᠯ ᠤᠯᠤᠰ
ᠢᠳᠡᠪᠬᠢ ᠲᠡᠢ ᠣᠨ ᠵᠢᠯ ‍ᠥᠳ 1908 ᠣᠨ ᠡᠴᠡ 1966 ᠣᠨ ‍ᠦ 5 ᠰᠠᠷ᠎ ‍ᠠ᠋ ᠶ᠋ᠢᠨ 23
ᠰᠠᠯᠪᠣᠷᠢ ᠤᠯᠤᠰ ᠲᠥᠷᠦ᠂ ᠦᠨᠳᠦᠰᠦᠨ ‍ᠦ ᠡᠷᠬᠡ ᠴᠢᠯᠦᠭᠡᠨ ‍ᠦ ᠬᠥᠳᠡᠯᠭᠡᠭᠡᠨ
ᠪᠣᠯᠪᠠᠰᠣᠷᠠᠯ ᠮᠣᠩᠭᠣᠯ᠂ ᠮᠠᠨᠵᠤ᠂ ᠲᠥᠪᠡᠳ᠂ ᠬᠢᠲᠠᠳ ᠬᠡᠯᠡ ᠪᠢᠴᠢᠭ ᠲᠦ ᠨᠡᠪᠲᠡᠷᠡᠭᠰᠡᠨ
ᠪᠠᠢᠢᠭᠣᠯᠠᠯᠭ᠍ᠠ᠋ ᠰᠥᠨᠢᠳ ᠪᠠᠷᠠᠭᠤᠨ ᠬᠣᠰᠢᠭᠤ ᠵᠠᠰᠠᠭ (1908 ᠣᠨ ᠠᠴᠠ)

ᠰᠢᠯᠢ ᠶ᠋ᠢᠨ ᠭᠣᠣᠯ ᠦ᠋ᠨ ᠴᠢᠭᠤᠯᠭᠠᠨ ᠳᠡᠳ᠋ ᠳᠠᠷᠤᠭ᠍ᠠ᠋ (1924 ᠣᠨ ᠠᠴᠠ)
ᠥᠪᠦᠷ ᠮᠠᠩᠭᠣᠯ ᠦ᠋ᠨ ᠬᠠᠮᠲᠤᠷᠠᠭᠰᠠᠨ ᠵᠠᠰᠠᠭ ᠦ᠋ᠨ ᠭᠠᠵᠠᠷ ᠦ᠋ᠨ ᠳᠡᠳ᠋ ᠲᠡᠷᠢᠭᠦᠯᠡᠭᠴᠢ᠂ ᠳᠠᠷᠠᠭ᠍ᠠ᠋ ᠨᠢ ᠲᠡᠷᠢᠭᠦᠯᠡᠭᠴᠢ (1939 ᠣᠨ ᠡᠴᠡ)

ᠬᠣᠪᠢ ᠨᠡᠮᠡᠷᠢ 1936 ᠣᠨ ᠳ᠋ᠤ ᠴᠠᠬᠠᠷ ᠲᠤ ᠲᠤᠰᠠᠭᠠᠷ ᠲᠣᠭᠲᠠᠨᠢᠭᠰᠠᠨ ᠤᠯᠤᠰ ᠦ᠋ᠨ ᠵᠠᠰᠠᠭ ᠦ᠋ᠨ ᠭᠠᠵᠠᠷ ᠪᠠᠢᠢᠭᠤᠯᠤᠯᠴᠠᠭᠰᠠᠨ

1939 ᠣᠨ ᠳ᠋ᠤ ᠥᠪᠦᠷ ᠮᠣᠩᠭᠣᠯ ᠦ᠋ᠨ ᠬᠣᠯᠪᠤᠭᠠᠨ ‍ᠦ ᠤᠯᠤᠰ ᠦ᠋ᠨ ᠵᠠᠰᠠᠭ ᠦ᠋ᠨ ᠭᠠᠵᠠᠷ ᠪᠠᠢᠢᠭᠤᠯᠤᠯᠴᠠᠭᠰᠠᠨ

ᠵᠡᠷᠭᠡ/ᠴᠣᠯ ᠲᠥᠷᠦ ᠶ᠋ᠢᠨ ᠵᠦᠩ ᠸᠠᠩ
ᠱᠠᠩᠨᠠᠯ ᠣᠳᠤᠨ



ᠨᠠᠮᠲᠠᠷ[засварлах | кодоор засварлах]

ᠴᠢᠩᠭᠢᠰ ᠬᠠᠭᠠᠨ ‍ᠦ ᠠᠯᠲᠠᠨ ᠤᠷᠤᠭ ‍ᠤᠨ ᠬᠤᠩ ᠲᠠᠢᠢᠵᠢ᠂ ᠪᠣᠷᠵᠢᠭᠢᠨ ᠨᠠᠮᠵᠠᠯᠸᠠᠩᠴᠣᠭ ᠦ᠋ᠨ ᠳᠣᠮᠴᠣᠭᠳᠣᠨᠷᠠᠪ ᠪᠡᠷ ᠪᠠᠭ᠍ᠠ᠋ ᠨᠠᠰᠤᠨ ᠡᠴᠡ ᠪᠠᠨ ᠮᠣᠩᠭᠣᠯ᠂ ᠮᠠᠨᠵᠤ᠂ ᠬᠢᠲᠠᠳ᠂ ᠲᠦᠪᠡᠳ ᠬᠡᠯᠡ ᠪᠢᠴᠢᠭ᠌ ᠲᠣ ᠰᠤᠷᠤᠯᠴᠠᠵᠤ᠂ ᠨᠠᠶ᠋ᠮᠠᠨ ᠨᠠᠰᠤ ᠲᠠᠢ ᠳ᠋ᠤ ᠪᠠᠨ ᠡᠴᠢᠭᠡ ᠶ᠋ᠢᠨ ᠶ᠋ᠶ᠋ᠡᠨ ᠵᠠᠰᠠᠭ ᠲᠥᠷᠦ ᠶ᠋ᠢᠨ ᠵᠦᠩ ᠸᠠᠩ ‍ᠤᠨ ᠵᠡᠷᠭᠡ ᠬᠡᠷᠭᠡᠮ ‍ᠢ ᠵᠠᠯᠭᠠᠮᠵᠢᠯᠠᠵᠤ᠂ 1919 ᠣᠨ ᠳ᠋ᠤ ᠰᠥᠨᠢᠳ ᠪᠠᠷᠠᠭᠤᠨ ᠬᠣᠰᠢᠭᠤᠨ ‍ᠦ ᠵᠠᠰᠠᠭ ᠨᠣᠶᠠᠨ᠂ 1924 ᠣᠨ ᠳ᠋ᠤ ᠰᠢᠯᠢ ᠶ᠋ᠢᠨ ᠭᠣᠣᠯ ‍ᠤᠨ ᠴᠢᠭᠤᠯᠭᠠᠨ ‍ᠦ ᠳᠡᠳ᠋ ᠳᠠᠷᠤᠭ᠍ᠠ᠋ ᠪᠣᠯᠵᠠᠢ᠃
ᠳᠡ᠊ ᠸᠠᠩ ᠡᠨᠡ ᠥᠢ ‍ᠡ᠋ ᠡᠴᠡ ᠥᠪᠥᠷ ᠮᠣᠩᠭᠣᠯ ‍ᠤᠨ ᠥᠪᠡᠷᠲᠡᠭᠡᠨ ᠵᠠᠰᠠᠬᠤ ᠬᠥᠳᠡᠯᠭᠡᠭᠡᠨ ᠳ᠋ᠤ ᠢᠳᠡᠪᠬᠢ ᠲᠡᠢ ᠣᠷᠣᠯᠴᠠᠵᠤ᠂ ᠮᠣᠩᠭᠣᠯ ᠣᠪᠣᠭᠲᠠᠨ ‍ᠢ ᠨᠢᠭᠡᠳᠬᠡᠬᠦ ᠪᠣᠳᠣᠯᠭ᠍ᠠ᠋ ᠪᠠᠷᠢᠮᠲᠠᠯᠠᠬᠤ ᠪᠣᠯᠵᠤ᠂ ᠤᠯᠤᠰ ᠲᠥᠷᠦ ᠶ᠋ᠢᠨ ᠪᠦᠯᠦᠭ᠌ ᠬᠦᠴᠦᠨ ‍ᠢ ᠵᠣᠬᠢᠶᠠᠨ ᠪᠠᠶ᠋ᠢᠭᠤᠯᠤᠨ ᠤᠳᠤᠷᠢᠳᠴᠠᠢ᠃
ᠬᠢᠲᠠᠳ ‍ᠤᠨ ᠳᠣᠲᠣᠭᠠᠳᠣ ᠳ᠋ᠣ ᠲᠣᠭᠲᠠᠪᠤᠷᠢ ᠦᠭᠡᠢ ᠪᠠᠶ᠋ᠢᠳᠠᠯ ᠪᠤᠢ ᠪᠣᠯᠵᠤ᠂ ᠤᠯᠠᠮ ᠶ᠋ᠶ᠋ᠠᠷ ᠶᠠᠫᠣᠨ ‍ᠦ ᠠᠷᠮᠢ ᠵᠡᠭᠦᠨ ᠬᠣᠶ᠋ᠢᠲᠤ ᠬᠢᠲᠠᠳ ‍ᠢ ᠡᠵᠡᠯᠡᠵᠦ᠂ 1932 ᠣᠨ ‍ᠦ 3 ᠰᠠᠷ ‍ᠡ᠋ ᠶ᠋ᠢᠨ 1 ᠳ᠋ᠤ ᠮᠠᠨᠵᠤ ᠤᠯᠤᠰ ‍ᠢ ᠪᠠᠶ᠋ᠢᠭᠤᠯᠪᠠ᠃ ᠡᠨᠡ ᠪᠠᠶ᠋ᠢᠳᠠᠯ ‍ᠢ ᠠᠰᠢᠭᠯᠠᠨ ᠳᠡᠮᠴᠣᠭᠳᠣᠨᠷᠤᠪ ᠸᠠᠩ ᠪᠣᠯᠤᠨ ᠲᠡᠭᠦᠨ ‍ᠢ ᠳᠡᠮᠵᠢᠭᠴᠢᠳ ᠥᠪᠥᠷ ᠮᠣᠩᠭᠣᠯ ‍ᠤᠨ ᠥᠪᠡᠷᠲᠡᠭᠡᠨ ᠵᠠᠰᠠᠬᠤ ᠬᠥᠳᠡᠯᠭᠡᠭᠡᠨ ‍ᠢ ᠡᠷᠴᠢᠮᠵᠢᠭᠦᠯᠵᠦ ᠪᠠᠶ᠋ᠢᠪᠠ᠃

ᠦᠢᠯᠡ ᠬᠡᠷᠡᠭ[засварлах | кодоор засварлах]

ᠳᠡᠮᠴᠣᠭᠳᠣᠨᠷᠤᠪ ᠸᠠᠩ 1933 ᠣᠨ ‍ᠦ ᠬᠠᠪᠤᠷ ᠥᠪᠡᠷ ‍ᠤᠨ ᠣᠷᠳᠣᠨ ᠳ᠋ᠤ ᠪᠠᠨ ᠮᠣᠩᠭᠣᠯ ᠴᠡᠷᠢᠭ᠌ ‍ᠤᠨ ᠰᠤᠷᠭᠠᠭᠤᠯᠢ ᠪᠠᠶ᠋ᠢᠭᠤᠯᠵᠤ᠂ ᠮᠥᠨ ᠣᠨ ‍ᠦ 7 ᠰᠠᠷ ‍ᠠ᠋ ‍ᠶ᠋ᠢᠨ 26 ᠳ᠋ᠤ ᠪᠠᠲᠤ ᠬᠠᠭᠠᠯᠭ᠍ᠠ᠋ ᠬᠡᠶ᠋ᠢᠳ ᠲᠣ ᠥᠪᠥᠷ ᠮᠣᠩᠭᠣᠯ ‍ᠤᠨ ᠥᠪᠡᠷᠲᠡᠭᠡᠨ ᠵᠠᠰᠠᠬᠤ ᠠᠰᠠᠭᠤᠳᠠᠯ ᠶ᠋ᠶ᠋ᠠᠷ ᠠᠩᠬᠠᠨ ‍ᠦ ᠬᠤᠷᠠᠯ ᠵᠣᠬᠢᠶᠠᠨ ᠪᠠᠶ᠋ᠢᠭᠤᠯᠵᠠᠢ᠃
ᠡᠨᠡ ᠥᠢ ‍ᠡ᠋ ᠡᠴᠡ ᠥᠪᠥᠷ ᠮᠣᠩᠭᠣᠯ ‍ᠤᠨ ᠥᠪᠡᠷᠲᠡᠭᠡᠨ ᠵᠠᠰᠠᠬᠤ ᠬᠥᠳᠡᠯᠭᠡᠭᠡᠨ ᠰᠢᠨ᠌ᠡ᠋ ᠱᠠᠲᠤᠨ ᠳ᠋ᠤ ᠭᠠᠷᠴᠤ ᠡᠨᠡ ᠬᠦ ᠬᠥᠳᠡᠯᠭᠡᠭᠡᠨ ‍ᠢ ᠳᠡᠮᠴᠣᠭᠳᠣᠨᠷᠤᠪ ᠸᠠᠩ ᠤᠳᠤᠷᠢᠳᠬᠤ ᠪᠣᠯᠪᠠ᠃
1937 ᠣᠨ ‍ᠦ 10 ᠰᠠᠷ ‍ᠠ᠋ ‍ᠶ᠋ᠢᠨ 27 ᠳ᠋ᠤ ᠥᠪᠥᠷ ᠮᠣᠩᠭᠣᠯ ‍ᠤᠨ ᠥᠪᠡᠷᠲᠡᠭᠡᠨ ᠵᠠᠰᠠᠬᠤ ᠬᠥᠳᠡᠯᠭᠡᠭᠡᠨ ‍ᠦ ᠬᠣᠶᠠᠳᠤᠭᠠᠷ ᠶᠡᠬᠡ ᠬᠤᠷᠠᠯ ᠪᠣᠯᠵᠤ᠂ ᠮᠣᠩᠭᠣᠯ ‍ᠤᠨ ᠬᠠᠮᠲᠤᠷᠠᠭᠰᠠᠨ ᠥᠪᠡᠷᠲᠡᠭᠡᠨ ᠵᠠᠰᠠᠬᠤ ᠵᠠᠰᠠᠭ ‍ᠤᠨ ᠭᠠᠵᠠᠷ ‍ᠢ ᠪᠠᠶ᠋ᠢᠭᠤᠯᠵᠤ᠂ ᠳᠡᠮᠴᠣᠭᠳᠣᠨᠷᠤᠪ ᠸᠠᠩ ‍ᠢ ᠳᠡᠳ᠋ ᠲᠡᠷᠢᠭᠦᠯᠡᠭᠴᠢ ᠪᠡᠷ ᠰᠣᠩᠭ᠋ᠣᠭᠰᠠᠨ᠃
ᠳᠡᠮᠴᠣᠭᠳᠣᠨᠷᠤᠪ ᠲᠤᠬᠠᠢ ᠶ᠋ᠢᠨ ᠦᠶ ‍ᠡ᠋ ᠶ᠋ᠢᠨ ᠨᠥᠬᠥᠴᠡᠯ ᠪᠠᠶ᠋ᠢᠳᠠᠯ ᠡᠴᠡ ᠰᠢᠯᠲᠠᠭᠠᠯᠠᠨ ᠶᠠᠫᠣᠨ ‍ᠦ ᠳᠡᠮᠵᠢᠯᠭᠡ ᠲᠡᠢ ᠪᠡᠷ ᠦᠨᠳᠦᠰᠦᠲᠡᠨ ᠶ᠋ᠶ᠋ᠡᠨ ᠰᠡᠷᠭᠦᠭᠡᠨ ᠮᠠᠨᠳᠤᠭᠤᠯᠵᠤ᠂ ᠲᠤᠰᠠᠭᠠᠷ ᠲᠣᠭᠲᠠᠨᠢᠭᠰᠠᠨ ᠤᠯᠤᠰ ᠪᠠᠶ᠋ᠢᠭᠤᠯᠬᠤ ᠪᠣᠳᠣᠯᠭ᠍ᠠ᠋ ᠪᠠᠷᠢᠮᠲᠠᠯᠠᠵᠤ ᠪᠠᠶ᠋ᠢᠪᠠ᠃
ᠳᠡᠮᠴᠣᠭᠳᠣᠨᠷᠤᠪ ᠸᠠᠩ ᠥᠪᠡᠷᠲᠡᠭᠡᠨ ᠵᠠᠰᠠᠬᠤ ᠵᠠᠰᠠᠭ ‍ᠤᠨ ᠭᠠᠵᠠᠷ ‍ᠤᠨ ᠵᠣᠬᠢᠶᠠᠨ ᠪᠠᠶ᠋ᠢᠭᠤᠯᠤᠯᠲᠠ ᠶ᠋ᠢ ᠰᠠᠶ᠋ᠢᠵᠢᠷᠠᠭᠤᠯᠬᠤ ᠪᠣᠯᠤᠨ ᠥᠪᠥᠷ ᠮᠣᠩᠭᠣᠯ ‍ᠤᠨ ᠴᠡᠷᠢᠭ᠌᠂ ᠰᠤᠶᠤᠯ᠂ ᠪᠣᠯᠪᠠᠰᠣᠷᠠᠯ ‍ᠢ ᠬᠥᠭᠵᠢᠭᠦᠯᠬᠦ ᠲᠠᠯ ‍ᠠ᠋ ‍ᠪᠠᠷ ᠣᠯᠠᠨ ᠲᠥᠷᠥᠯ ‍ᠤᠨ ᠰᠢᠨᠡᠴᠢᠯᠡᠯ ᠬᠢᠵᠡᠢ᠃
ᠤᠯᠠᠮ ᠶ᠋ᠶ᠋ᠠᠷ 1939 ᠣᠨ ᠳ᠋ᠤ ᠮᠣᠩᠭᠣᠯ ᠬᠢᠵᠠᠭᠠᠷ ‍ᠤᠨ ᠥᠪᠡᠷᠲᠡᠭᠡᠨ ᠵᠠᠰᠠᠬᠤ ᠬᠣᠯᠪᠣᠭᠠᠲᠤ ᠵᠠᠰᠠᠭ ‍ᠤᠨ ᠭᠠᠵᠠᠷ ᠪᠠᠶ᠋ᠢᠭᠤᠯᠤᠭᠳᠠᠵᠤ᠂ ᠳᠡᠮᠴᠣᠭᠳᠣᠨᠷᠤᠪ ᠸᠠᠩ ‍ᠢ ᠲᠡᠷᠢᠭᠦᠯᠡᠭᠴᠢ ᠪᠡᠷ ᠰᠤᠩᠭᠤᠪᠠ᠃

ᠳᠠᠢᠨ ᠊ᠤ ᠳᠠᠷᠠᠭ ᠊ᠠ᠋[засварлах | кодоор засварлах]

ᠪᠦᠭᠦᠳᠡ ᠨᠠᠢᠢᠷᠠᠮᠳᠠᠬᠤ ᠮᠣᠩᠭᠣᠯ ᠠᠷᠠᠳ ᠤᠯᠤᠰ ᠪᠠ ᠵᠥᠪᠯᠡᠯᠲᠦ ᠬᠣᠯᠪᠤᠭᠠᠲᠤ ᠤᠯᠤᠰ ᠦ᠋ᠨ ᠴᠡᠷᠢᠭ᠌ 1945 ᠣᠨ ‍ᠦ 8 ᠰᠠᠷ ‍ᠠ᠋ ‍ᠳᠤ ᠥᠪᠥᠷ ᠮᠣᠩᠭᠣᠯ ‍ᠢ ᠶᠠᠫᠣᠨ ‍ᠦ ᠴᠡᠷᠢᠭ᠌ ᠡᠴᠡ ᠴᠢᠯᠦᠭᠡᠯᠡᠬᠦ ᠳ᠋ᠣ ᠪᠡᠨ ᠳᠡᠮᠴᠣᠭᠳᠣᠨᠷᠤᠪ ᠸᠠᠩ ‍ᠢ 《 ᠶᠠᠫᠣᠨ ‍ᠦ ᠭᠠᠷ ᠬᠥᠯ ᠪᠣᠯᠤᠭᠰᠠᠨ ᠤᠷᠪᠠᠭᠴᠢ 》᠂ 《ᠶᠠᠫᠣᠨ ‍ᠦ ᠲᠠᠩᠨᠠᠭᠤᠯ 》ᠬᠡᠮᠡᠨ ᠵᠠᠷᠯᠠᠵᠠᠢ᠃
ᠬᠠᠷᠢᠨ ᠲᠡᠭᠦᠨ ‍ᠦ ᠭᠡᠷ ᠪᠦᠯᠢ ᠶ᠋ᠢ ᠤᠯᠠᠭᠠᠨᠪᠠᠭᠠᠲᠤᠷ ᠲᠤ ᠠᠪᠴᠢᠷᠠᠭᠰᠠᠨ ᠪᠥᠭᠡᠳ ᠤᠯᠠᠮ ᠶ᠋ᠶ᠋ᠠᠷ ᠮᠠᠷᠱᠠᠯ ᠬᠣ᠋᠂ ᠴᠣᠶ᠋ᠢᠪᠠᠯᠰᠠᠩ ᠬᠡᠯᠡᠯᠴᠡᠭᠡ ᠬᠢᠬᠦ ᠨᠡᠷ ‍ᠡ᠋ ᠪᠡᠷ ᠳᠡᠮᠴᠣᠭᠳᠣᠨᠷᠤᠪ ᠸᠠᠩ ‍ᠢ 1949 ᠣᠨ ᠳ᠋ᠤ ᠮᠣᠩᠭᠣᠯ ᠳ᠋ᠤ ᠠᠪᠴᠢᠷᠠᠪᠠ᠃ ᠭᠡᠪᠡᠴᠦ ᠪᠦᠭᠦᠳᠡ ᠨᠠᠢᠢᠷᠠᠮᠳᠡᠬᠣ ᠮᠣᠩᠭᠣᠯ ᠠᠷᠠᠳ ᠣᠯᠣᠰ ‍ᠤᠨ ᠳᠣᠲᠣᠭᠠᠳᠤ ᠶᠠᠪᠤᠳᠠᠯ ‍ᠤᠨ ᠶᠠᠮᠤᠨ ᠡᠴᠡ 1950 ᠣᠨ ‍ᠦ 2 ᠰᠠᠷ ‍ᠠ᠋ ‍ᠶ᠋ᠢᠨ 27 ᠳᠤ ᠳᠡᠮᠴᠣᠭᠳᠣᠨᠷᠤᠪ ᠸᠠᠩ ‍ᠢ ᠪᠠᠷᠢᠪᠴᠢᠯᠠᠨ᠂ ᠠᠷᠤ᠂ ᠥᠪᠥᠷ ᠮᠣᠩᠭᠣᠯ ‍ᠢ ᠨᠢᠭᠡᠳᠬᠡᠵᠦ᠂ ᠶᠡᠬᠡ ᠮᠣᠩᠭᠣᠯ ᠤᠯᠤᠰ ᠪᠠᠶ᠋ᠢᠭᠤᠯᠬᠤ ᠪᠠᠷ ᠲᠥᠯᠦᠪᠯᠡᠭᠰᠡᠨ᠂ ᠠᠮᠧᠷᠢᠻᠠ ᠶ᠋ᠢᠨ ᠲᠠᠩᠨᠠᠭᠤᠯ᠂ ᠲᠡᠳᠡᠨ ‍ᠦ ᠳᠠᠭᠠᠭᠠᠯᠭᠠᠪᠤᠷᠢ ᠪᠠᠷ ᠪᠦᠭᠦᠳᠡ ᠨᠠᠢᠢᠷᠠᠮᠳᠡᠬᠣ ᠮᠣᠩᠭᠣᠯ ᠠᠷᠠᠳ ᠣᠯᠣᠰ᠂ ᠵᠥᠪᠯᠡᠯᠲᠦ ᠬᠣᠯᠪᠣᠭᠠᠲᠤ ᠤᠯᠤᠰ ᠲᠤ ᠬᠠᠯᠳᠠᠬᠤ ᠭᠡᠰᠡᠨ ᠭᠡᠬᠦ ᠮᠡᠲᠦ ᠵᠢᠷᠭᠤᠭᠠᠨ ᠵᠦᠢᠯ ‍ᠤᠨ ᠶᠠᠯ ‍ᠠ᠋ ᠲᠤᠯᠭᠠᠨ ᠬᠣᠷᠢᠵᠤ ᠪᠠᠶ᠋ᠢᠭᠠᠳ 1950 ᠣᠨ ‍ᠦ 10 ᠰᠠᠷ ‍ᠠ᠋ ‍ᠳᠤ ᠬᠢᠲᠠᠳ ‍ᠤᠨ ᠲᠠᠯ ‍ᠠ᠋ ‍ᠳᠤ ᠬᠦᠯᠢᠶᠡᠯᠭᠡᠨ ᠥᠭᠭᠦᠭᠰᠡᠨ ᠪᠠᠶ᠋ᠢᠨ᠌ᠡ᠋᠃
ᠬᠠᠷᠢᠨ ᠡᠬᠡᠨᠡᠷ ᠬᠡᠦᠬᠡᠳ ᠦ᠋ᠳ ‍ᠢ ᠨᠢ ᠠᠷᠤᠬᠠᠩᠭ᠋ᠠᠢ᠂ ᠲᠥᠪ ᠠᠶ᠋ᠢᠮᠠᠭ ᠲᠤ ᠨᠤᠲᠤᠭ ᠵᠢᠭᠠᠨ ᠰᠠᠭᠤᠯᠭᠠᠵᠤ᠂ ᠲᠣᠮᠣ ᠬᠦᠦ ᠳᠤᠭᠠᠷᠰᠦᠷᠦᠩ᠂ ᠤᠳᠠᠭᠠᠬᠢ ᠬᠦᠦ ᠭᠠᠯᠰᠠᠩᠵᠢᠭᠮᠡᠳ ᠨᠠᠷ ‍ᠢ ᠨᠢ ᠬᠢᠯᠢᠰ ᠬᠡᠷᠡᠭ᠌ ᠶ᠋ᠶ᠋ᠡᠷ ᠪᠠᠷᠢᠪᠴᠢᠯᠠᠨ᠂ ᠭᠠᠯᠰᠠᠩᠵᠢᠭᠮᠡᠳ ‍ᠢ 10 ᠵᠢᠯ ᠬᠣᠷᠢᠬᠤ ᠶᠠᠯ ‍ᠠ᠋ ‍ᠪᠠᠷ ᠰᠢᠳᠬᠡᠵᠦ᠂ ᠳᠤᠭᠠᠷᠰᠦᠷᠦᠩ ‍ᠢ ᠬᠠᠤᠯᠢ ᠶ᠋ᠢᠨ ᠳᠡᠭᠡᠳᠦ ᠬᠡᠮᠵᠢᠶ ‍ᠡ᠋ ᠪᠡᠷ ᠰᠢᠳᠬᠡᠪᠡ᠃
ᠳᠡᠮᠴᠣᠭᠳᠣᠨᠷᠤᠪ ᠸᠠᠩ ‍ᠤᠨ ᠭᠡᠷ ᠪᠦᠯᠢ ᠶ᠋ᠢᠨ ᠬᠢᠨ ‍ᠢ 1953 ᠣᠨ ᠳ᠋ᠤ ᠪᠦᠭᠦᠳᠡ ᠨᠠᠢᠢᠷᠠᠮᠳᠡᠬᠣ ᠮᠣᠩᠭᠣᠯ ᠠᠷᠠᠳ ᠣᠯᠣᠰ ᠡᠴᠡ ᠥᠪᠥᠷ ᠮᠣᠩᠭᠣᠯ ᠳ᠋ᠤ ᠪᠤᠴᠠᠭᠠᠭᠰᠠᠨ ᠪᠠ ᠬᠦᠦ ᠭᠠᠯᠰᠠᠩᠵᠢᠭᠮᠡᠳ ‍ᠢ ᠨᠢ 1954 ᠣᠨ ᠳ᠋ᠤ ᠥᠪᠥᠷ ᠮᠣᠩᠭᠣᠯ ‍ᠤᠨ ᠳᠣᠲᠣᠭᠠᠳᠤ ᠶ᠋ᠢ ᠬᠠᠮᠠᠭᠠᠯᠠᠬᠤ ᠲᠡᠩᠬᠢᠮ ᠳ᠋ᠤ ᠰᠢᠯᠵᠢᠭᠦᠯᠦᠨ ᠥᠭᠭᠦᠭᠰᠡᠨ᠃

ᠰᠡᠭᠦᠯᠴᠢ ᠶ᠋ᠢᠨ ᠵᠢᠯ ᠊ᠦᠳ[засварлах | кодоор засварлах]

ᠳᠡᠮᠴᠣᠭᠳᠣᠨᠷᠤᠪ ᠸᠠᠩ ᠬᠢᠲᠠᠳ ‍ᠤᠨ ᠱᠣᠷᠣᠩ ᠳᠤ ᠬᠣᠷᠢᠭᠳᠠᠵᠤ ᠪᠠᠶ᠋ᠢᠭᠠᠳ 1963 ᠣᠨ ᠳ᠋ᠤ ᠰᠤᠯᠠᠯᠠᠭᠳᠠᠨ ᠥᠪᠥᠷ ᠮᠣᠩᠭᠣᠯ ‍ᠤᠨ ᠰᠤᠶ᠋ᠤᠯ᠂ ᠲᠡᠦᠬᠡ ᠶ᠋ᠢᠨ ᠬᠦᠷᠢᠶᠡᠯᠡᠩ ᠳᠤ ᠠᠵᠢᠯᠯᠠᠵᠤ ᠪᠠᠶ᠋ᠢᠪᠠ᠃
1966 ᠣᠨ ᠳ᠋ᠤ ᠨᠠᠰᠤ ᠪᠠᠷᠠᠭᠰᠠᠨ᠃
ᠳᠡᠮᠴᠣᠭᠳᠣᠨᠷᠤᠪ ᠪᠣᠯ ᠨᠢᠭᠡᠨ ᠨᠠᠰᠤᠨ ‍ᠦ ᠠᠮᠢᠳᠤᠷᠠᠯ ᠶ᠋ᠶ᠋ᠠᠨ ᠥᠪᠥᠷ ᠮᠣᠩᠭᠣᠯ ‍ᠤᠨ ᠥᠪᠡᠷᠲᠡᠭᠡᠨ ᠵᠠᠰᠠᠬᠤ ᠡᠷᠬᠡ ᠶ᠋ᠢᠨ ᠲᠥᠯᠦᠭᠡ ᠲᠡᠮᠡᠴᠡᠯ ᠳ᠋ᠤ ᠵᠣᠷᠢᠭᠤᠯᠵᠤ᠂ ᠨᠡᠶ᠋ᠢᠲᠡ ᠮᠣᠩᠭᠣᠯ ᠦᠨᠳᠦᠰᠦᠲᠡᠨ ‍ᠢ ᠨᠢᠭᠡᠳᠬᠡᠭᠰᠡᠨ ᠨᠢᠭᠡᠳᠦᠭᠰᠡᠨ ᠮᠣᠩᠭᠣᠯ ᠤᠯᠤᠰ ᠪᠠᠶ᠋ᠢᠭᠤᠯᠬᠤ ᠬᠦᠰᠡᠯ ᠪᠣᠳᠣᠯᠭ᠍ᠠ᠋ ᠶ᠋ᠢ ᠪᠠᠷᠢᠮᠲᠠᠯᠠᠵᠤ ᠪᠠᠶ᠋ᠢᠪᠠ᠃

ᠲᠦᠯᠬᠢᠭᠦᠷ ᠦᠭᠡᠰ[засварлах | кодоор засварлах]

хунтайж Дэмчигдонров
Дэ Ван
Өвөр Монгол
Цахар
үндэсний эрх чөлөөний хөдөлгөөн
Prince Demchogdonrub
De Wang
Southern Mongolia
Inner Mongolia
Chahar
national liberation movement
князь Дэмчигдонров
Южная Монголия
Юнутренняя Монголия
Чахар
национально-освободительное движение

ᠤᠳᠬ ‍ᠠ᠋ ᠵᠣᠬᠢᠶᠠᠯ[засварлах | кодоор засварлах]

1᠂ ᠳᠣᠷᠵᠢ ᠶ᠋ᠢᠨ ᠵᠣᠷᠢᠭᠲᠤ᠃ ᠳᠡ᠊ ᠸᠠᠩ᠃ ᠣᠯᠠᠭᠠᠨᠪᠠᠭᠠᠲᠣᠷ᠂ 2009 ᠣᠨ
2᠂ ᠵᠠᠭᠴᠢᠳ ᠰᠡᠴᠡᠨ᠃ ᠮᠢᠨᠦ ᠮᠡᠳᠡᠬᠦ ᠳᠡ᠊ ᠸᠠᠩ ᠬᠢᠭᠡᠳ ᠲᠤᠬᠠᠢ ᠶ᠋ᠢᠨ ᠦᠶ ‍ᠡ᠋ ᠶ᠋ᠢᠨ ᠥᠪᠥᠷ ᠮᠣᠩᠭᠣᠯ᠃ ᠥᠪᠥᠷ ᠮᠣᠩᠭᠣᠯ ‍ᠤᠨ ᠥᠪᠡᠷᠲᠡᠭᠡᠨ ᠵᠠᠰᠠᠬᠤ ᠣᠷᠣᠨ ‍ᠤ ᠰᠥᠨᠢᠳ ᠪᠠᠷᠠᠭᠤᠨ ᠬᠣᠰᠢᠭᠤᠨ ‍ᠦ ᠤᠯᠤᠰ ᠲᠥᠷᠦ ᠶ᠋ᠢᠨ ᠵᠥᠪᠯᠡᠯᠭᠡᠨ ‍ᠦ ᠰᠣᠶᠣᠯ᠂ ᠲᠡᠦᠬᠡ ᠨᠠᠶ᠋ᠢᠷᠠᠭᠤᠯᠬᠤ ᠻᠣᠮᠢᠰᠰ᠂ ᠪᠡᠭᠡᠵᠢᠩ᠂ 2005 ᠣᠨ
3᠂ ᠳᠡ᠊ ᠸᠠᠩ ‍ᠤᠨ ᠬᠥᠪᠡᠭᠦᠨ ‍ᠦ ᠦᠴᠢᠯ (ᠳᠡᠮᠴᠣᠭᠳᠣᠨᠷᠤᠪ ‍ᠤᠨ ᠸᠴᠢᠷᠪᠠᠲᠤ ᠶ᠋ᠢᠨ ᠳᠤᠷᠠᠰᠤᠮᠵᠢ)


ᠡᠬᠢ ᠰᠤᠷᠪᠤᠯᠵᠢ[засварлах | кодоор засварлах]