ᠳᠤᠷ ᠊ᠠ᠋ ᠲᠠᠯᠪᠢᠯᠲᠠ

Wikibilig-с
ᠦᠯᠢᠭᠡᠷ ᠦ᠋ᠨ ᠨᠣᠮ ᠦ᠋ᠨ ᠵᠢᠷᠤᠭ᠃
ᠵᠢᠷᠤᠭᠠᠴᠢ ᠸᠢ᠊᠃ᠾᠠᠷᠸᠢ "ᠠᠷᠠᠪ ᠰᠥᠨᠢ ᠦ᠋ᠳ" ᠨᠣᠮ ᠳ᠋ᠤ
ᠵᠣᠷᠢᠭᠤᠯᠤᠭᠰᠠᠨ

ᠳᠤᠷ᠎ᠠ ᠲᠠᠯᠪᠢᠯᠲᠠ ᠢ ᠰᠤᠳᠤᠯᠤᠭᠠᠴᠢ ᠪᠦᠷ ᠥᠪᠡᠷ ᠥᠪᠡᠷ ᠦᠨ ᠬᠢ ᠪᠡᠷ ᠢᠶᠡᠨ ᠲᠣᠳᠣᠷᠬᠠᠶᠢᠯᠠᠳᠠᠭ ᠃ ᠳ᠋ᠣᠻᠲ᠋ᠣᠷ᠂ ᠰᠧᠻᠰᠣᠯᠣᠭᠢᠴᠢ ᠰᠠᠨᠳᠤᠷᠧ ᠰᠻᠠᠲ᠋ᠯᠢᠩ ᠢ 《ᠳᠤᠷ᠎ᠠ ᠲᠠᠯᠪᠢᠯᠲᠠ ᠭᠡᠳᠡᠭ ᠨᠢ ᠨᠢᠭᠡ ᠳᠣᠣᠷ᠎ᠠ ᠬᠠᠶᠠᠵᠤ 2-25 ᠤᠳᠠᠭ᠎ᠠ ᠳᠠᠪᠲᠠᠭᠳᠠᠳᠠᠭ ᠪᠤᠯᠴᠢᠩ ᠤᠨ ᠠᠭᠰᠢᠯᠲᠠ ᠪᠥᠭᠡᠳ ᠡᠭᠦᠨ ᠢ ᠳᠠᠭᠠᠯᠳᠤᠨ ᠵᠢᠷᠦᠬᠡᠨ ᠦ ᠴᠣᠬᠢᠯᠲᠠ ᠨᠡᠮᠡᠭᠳᠡᠨ᠂ ᠴᠢᠰᠤᠨ ᠤ ᠳᠠᠷᠤᠯᠲᠠ ᠶᠡᠬᠡᠰᠳᠡᠭ…》 ᠭᠡᠵᠦ ᠲᠣᠳᠣᠷᠬᠠᠶᠢᠯᠠᠵᠠᠢ᠃ ᠢᠩᠭᠢᠵᠦ ᠳᠤᠷ᠎ᠠ ᠲᠠᠯᠪᠢᠵᠤ ᠪᠠᠶᠢᠭ᠎ᠠ ᠲᠣᠬᠢᠶᠠᠯᠳᠤᠯ ᠳᠤ ᠶᠡᠬᠡᠩᠬᠢ ᠡᠮᠡᠭᠲᠡᠶᠢᠴᠦᠳ ᠦᠨ ᠴᠡᠭᠡᠵᠢ ᠬᠠᠯᠤ ᠣᠷᠭᠢᠵᠤ᠂ ᠰᠡᠳᠬᠢᠯ ᠰᠠᠨᠠᠭᠠᠨ ᠤ ᠪᠠᠶᠢᠳᠠᠯ ᠳᠡᠭᠡᠭᠰᠢᠯᠡᠳᠡᠭ᠃

ᠳᠤᠷ᠎ᠠ ᠲᠠᠯᠪᠢᠯᠲᠠ ᠶᠢᠨ ᠬᠡᠯᠪᠡᠷᠢ  ᠨᠤᠭᠦᠳ[засварлах | кодоор засварлах]

ᠶᠡᠷᠦᠩᠬᠡᠢ ᠳᠦ ᠪᠡᠨ ᠳᠤᠷ᠎ᠠ ᠲᠠᠯᠪᠢᠯᠲᠠ ᠶᠢᠨ ᠦᠨᠳᠦᠰᠦᠨ 4 ᠬᠡᠯᠪᠡᠷᠢ ᠪᠠᠶᠢᠨ᠎ᠠ᠃ ᠡᠭᠦᠨ ᠳᠦ᠄ 1. ᠦᠲᠦᠷᠡᠭᠡᠨ ᠦ 2. ᠬᠡᠯᠡᠭᠦᠨ ᠦ 3. ᠬᠣᠰᠬᠢᠨᠠᠭᠣᠨ ᠤ 4. G ᠴᠡᠭ ᠦᠨ ᠭᠡᠰᠡᠨ ᠬᠡᠯᠪᠡᠷᠢᠭᠦᠳᠡ ᠪᠠᠭᠠᠳᠤᠨ᠎ᠠ᠃ ᠳᠤᠷ᠎ᠠ ᠲᠠᠯᠪᠢᠯᠲᠠ ᠶᠢᠨ ᠡᠳᠡᠭᠡᠷ ᠬᠡᠯᠪᠡᠷᠢ ᠪᠦᠷ ᠰᠡᠳᠬᠢᠯ ᠮᠡᠳᠡᠷᠡᠮᠵᠢ ᠶᠢᠨ ᠥᠪᠡᠷᠮᠢᠴᠡ ᠪᠠᠶᠢᠳᠠᠯ ᠢ ᠪᠤᠢ ᠪᠣᠯᠭᠠᠬᠤ ᠪᠥᠭᠡᠳ ᠲᠡᠭᠡᠬᠦ ᠳᠦ ᠪᠡᠨ ᠤᠷᠤᠭᠤᠯ᠂ ᠬᠡᠯᠡ᠂ ᠬᠤᠷᠤᠭᠤ᠂ ᠪᠡᠯᠭᠡ ᠡᠷᠬᠡᠲᠡᠨ᠂ ᠬᠢᠮᠡᠯ ᠡᠳ᠋ ᠵᠦᠢᠯᠡᠰ ᠦᠳ ᠭᠡᠬᠦ ᠮᠡᠲᠦ ᠣᠯᠠᠨ ᠶᠠᠩᠵᠤ ᠶᠢᠨ ᠪᠠᠶᠢᠳᠠᠯ ᠢᠶᠠᠷ ᠡᠳᠦᠭᠡᠭᠳᠡᠭᠰᠡᠨ ᠪᠠᠶᠢᠵᠤ ᠪᠣᠯᠤᠨ᠎ᠠ᠃ ᠳᠤᠷ᠎ᠠ ᠲᠠᠯᠪᠢᠯᠲᠠ ᠨᠢ ᠲᠤᠬᠠᠶᠢᠯᠠᠭᠰᠠᠨ ᠠᠯᠢ ᠨᠢᠭᠡ ᠡᠷᠬᠡᠲᠡᠨ ᠳᠦ ᠪᠣᠯᠤᠨ ᠪᠡᠶ᠎ᠡ ᠮᠠᠬᠠᠪᠣᠳ ᠢ ᠪᠦᠬᠦᠯᠢ ᠳᠦ ᠨᠢ ᠬᠠᠮᠤᠷᠴᠢ ᠴᠤ ᠪᠣᠯᠤᠨ᠎ᠠ᠃

ᠳᠤᠷ᠎ᠠ ᠲᠠᠯᠪᠢᠭᠰᠠᠨ ᠢᠢᠠᠨ ᠮᠡᠳᠡᠷᠡᠬᠦ  ᠦᠭᠡᠢ ᠥᠩᠭᠡᠷᠡᠭᠰᠡᠨ ᠪᠠᠢᠢᠬᠤ ᠲᠣᠬᠢᠶᠠᠯᠳᠤᠯ[засварлах | кодоор засварлах]

ᠳᠤᠷ ‍ᠠ᠋ ᠲᠠᠯᠪᠢᠯᠲᠠ ᠶ᠋ᠢ ᠤᠳᠤᠷᠢᠳᠳᠠᠭ ᠲᠥᠪ


ᠡᠶᠢᠮᠦ ᠲᠣᠬᠢᠶᠠᠯᠳᠤᠯ ᠮᠠᠰᠢ ᠬᠣᠪᠣᠷ᠃ ᠵᠠᠷᠢᠮ ᠪᠦᠰᠡᠭᠦᠶᠢᠴᠦᠳ ᠶᠠᠭ ᠳᠤᠷ᠎ᠠ ᠲᠠᠯᠪᠢᠯᠲᠠ ᠶᠢ ᠲᠡᠭᠦᠨ ᠳᠦ ᠪᠡᠯᠡᠳᠬᠡᠵᠦ ᠪᠤᠢ ᠦᠢᠯᠡ ᠶᠠᠪᠤᠴᠠ ᠲᠠᠢ ᠨᠢ ᠠᠨᠳᠠᠭᠤᠷᠠᠬᠤ ᠨᠢ ᠪᠤᠢ᠃ ᠳᠤᠷ᠎ᠠ ᠲᠠᠯᠪᠢᠯᠲᠠᠨ ᠳᠤ ᠬᠦᠷᠬᠦ 5 ᠦᠶ᠎ᠡ ᠱᠠᠲᠤ ᠭᠡᠵᠦ ᠪᠤᠢ᠃ ᠡᠭᠦᠨ ᠳᠦ᠄ 1. ᠬᠦᠰᠡᠯ ᠲᠥᠷᠥᠬᠦ 2. ᠰᠡᠷᠡᠯ ᠬᠥᠳᠡᠯᠬᠦ᠃ ᠡᠨᠡ ᠨᠢ ᠵᠢᠷᠦᠬᠡᠨ ᠦ ᠬᠡᠮᠨᠡᠯ᠂ ᠠᠷᠠᠰᠤᠨ ᠤ ᠥᠩᠭᠡ᠂ ᠴᠢᠰᠤᠨ ᠤ ᠳᠠᠷᠤᠯᠲᠠ ᠶᠢ ᠬᠦᠷᠲᠡᠯ᠎ᠡ ᠥᠭᠡᠷᠡᠴᠢᠯᠡᠬᠦ ᠢᠳᠡ ᠰᠢᠳᠢ ᠲᠡᠢ ᠪᠥᠭᠡᠳ ᠵᠠᠷᠢᠮ ᠳᠤ ᠪᠠᠨ ᠡᠨᠡ ᠨᠢ ᠳᠤᠷ᠎ᠠ ᠲᠠᠯᠪᠢᠯᠲᠠᠨ ᠳᠤ ᠬᠦᠷᠬᠦ ᠦᠭᠡᠢ ᠴᠤ ᠪᠠᠶᠢᠵᠤ ᠮᠠᠭᠠᠳ ᠦᠭᠡᠢ᠃ 3. ᠳᠤᠷ᠎ᠠ ᠲᠠᠯᠪᠢᠯᠲᠠ ᠪᠤᠶᠤ ᠰᠧᠻᠰ ᠦᠨ ᠬᠤᠷᠠᠯᠳᠤᠭᠰᠠᠨ ᠬᠦᠰᠡᠯ᠂ ᠡᠨᠧᠷᠭᠢ ᠡᠴᠡ ᠴᠢᠯᠦᠭᠡᠯᠡᠭᠳᠡᠬᠦ 4. ᠲᠠᠶᠢᠪᠤᠰᠢᠷᠠᠬᠤ ᠭᠡᠰᠡᠨ ᠦᠶ᠎ᠡ ᠱᠠᠲᠤ ᠨᠤᠭᠤᠳ ᠶᠤᠮ᠃

ᠣᠯᠠᠨ ᠳᠠᠪᠬᠤᠷ ᠳᠤᠷ᠎ᠠ ᠲᠠᠯᠪᠢᠯᠲᠠ[засварлах | кодоор засварлах]

ᠰᠡᠷᠡᠯ ᠬᠥᠳᠡᠯᠬᠦ ᠬᠢᠭᠡᠳ ᠳᠤᠷ ‍ᠠ᠋ ᠲᠠᠯᠪᠢᠬᠤ ᠦᠶ ‍ᠡ᠋ ᠱᠠᠲᠤ


ᠡᠨᠡ ᠨᠢ ᠰᠧᠻᠰ ᠦᠨ ᠡᠨᠧᠷᠭᠢ ᠶᠢᠨ ᠶᠠᠩᠵᠤ ᠪᠦᠷᠢ ᠶᠢᠨ 《ᠴᠢᠯᠦᠭᠡᠯᠡᠯᠲᠡ》 ᠨᠢᠭᠡᠨ ᠵᠡᠷᠭᠡ ᠳᠠᠪᠬᠤᠴᠠᠨ ᠪᠣᠯᠬᠤ ᠦᠶ᠎ᠡ ᠳᠦ ᠡᠭᠦᠰᠳᠡᠭ ᠮᠡᠳᠡᠷᠡᠮᠵᠢ ᠶᠤᠮ᠃ ᠮᠥᠨ ᠡᠨᠡ ᠨᠢ ᠮᠥᠨᠥᠬᠡᠨ ᠠᠯᠳᠠᠷᠲᠤ G ᠴᠡᠭ ᠦᠨ ᠡᠷᠭᠢᠨ ᠲᠣᠭᠣᠷᠢᠨ ᠳᠤ ᠡᠭᠦᠰᠴᠢ ᠪᠤᠢ ᠦᠲᠦᠷᠡᠭᠡᠨ ᠦ ᠶᠤᠮ ᠤᠤ ᠬᠡᠯᠡᠭᠦᠨ ᠦ ᠪᠤᠯᠴᠢᠩᠭ᠎ᠠ ᠨᠤᠭᠤᠳ ᠤᠨ ᠳᠠᠷᠠᠭᠠᠯᠠᠭᠰᠠᠨ ᠠᠭᠰᠢᠯᠲᠠ ᠴᠤ ᠪᠠᠶᠢᠵᠤ ᠪᠣᠯᠤᠨ᠎ᠠ᠃ ᠡᠶᠢᠮᠦᠷᠬᠡᠦ ᠪᠤᠯᠴᠢᠩ ᠤᠨ ᠠᠭᠰᠢᠯᠲᠠ ᠨᠤᠭᠤᠳ ᠨᠢ ᠬᠥᠩᠭᠡᠬᠡᠨ ᠴᠢᠮᠴᠢᠩᠨᠡᠯᠲᠡ ᠡᠴᠡ ᠬᠦᠴᠦᠲᠡᠢ ᠮᠡᠳᠡᠷᠡᠮᠵᠢ ᠬᠦᠷᠲᠡᠯ᠎ᠡ ᠶᠠᠩᠵᠤ ᠪᠦᠷᠢ ᠪᠠᠶᠢᠨ᠎ᠠ᠃ ᠭᠡᠬᠦ ᠳᠦ ᠪᠡᠨ ᠣᠯᠠᠩᠬᠢ ᠡᠮᠡᠭᠲᠡᠶᠢᠴᠦᠳ 《ᠰᠫᠢᠷᠠᠯ ᠬᠡᠯᠪᠡᠷᠢ ᠶᠢᠨ》 ᠪᠤᠶᠤ ᠠᠭᠠᠵᠢᠮ ᠳᠤ ᠪᠠᠨ ᠬᠦᠴᠦᠲᠡᠢ ᠪᠣᠯᠤᠨ ᠳᠠᠪᠲᠠᠭᠳᠠᠳᠠᠭ ᠳᠤᠷ᠎ᠠ ᠲᠠᠯᠪᠢᠯᠲᠠ ᠶᠢ ᠮᠡᠳᠡᠷᠡᠳᠡᠭ ᠪᠣᠯ ᠬᠠᠷᠢᠴᠠᠩᠭᠤᠢ ᠴᠥᠭᠡᠨ ᠡᠮᠡᠭᠲᠡᠢ ᠰᠢᠭᠤᠳ ᠡᠬᠢᠯᠡᠵᠦ᠂ ᠬᠦᠴᠦᠲᠡᠢ ᠬᠥᠳᠡᠯᠦᠨ ᠬᠦᠴᠦᠲᠡᠢ ᠳᠤᠷ᠎ᠠ ᠲᠠᠯᠪᠢᠬᠤ ᠶᠢ ᠮᠡᠳᠡᠷᠡᠳᠡᠭ᠃ ᠰᠫᠢᠷᠠᠯᠢ ᠬᠡᠯᠪᠡᠷᠢ ᠶᠢᠨ ᠳᠤᠷ᠎ᠠ ᠲᠠᠯᠪᠢᠯᠲᠠ ᠶᠢᠨ ᠦᠶ᠎ᠡ ᠳᠦ ᠮᠡᠳᠡᠭᠳᠡᠬᠦ ᠲᠡᠳᠦᠢ ᠬᠥᠩᠭᠡᠬᠡᠨ ᠴᠢᠴᠢᠯᠲᠡ ᠡᠴᠡ ᠠᠭᠠᠵᠢᠮ ᠨᠡᠮᠡᠭᠳᠡᠭᠰᠡᠭᠡᠷ ᠮᠠᠰᠢ ᠬᠦᠴᠦᠲᠡᠢ ᠡᠨᠧᠷᠭᠢ ᠶᠢᠨ ᠲᠦᠯᠬᠢᠯᠲᠡ ᠪᠡᠷ ᠲᠡᠭᠦᠰᠳᠡᠭ᠃ ᠡᠭᠦᠨ ᠦ ᠳᠠᠷᠠᠭ᠎ᠠ ᠲᠠ ᠭᠠᠭᠴᠠ ᠬᠣᠷᠤᠮ ᠠᠮᠤᠰᠬᠢᠭᠡᠳ ᠦᠢᠯᠡᠳᠦᠯ ᠢ ᠳᠠᠬᠢᠨ ᠡᠬᠢᠨ ᠡᠴᠡ ᠨᠢ ᠡᠬᠢᠯᠡᠵᠦ᠂ ᠬᠦᠰᠡᠭᠰᠡᠨ ᠦᠷ᠎ᠡ ᠳᠦᠩᠭᠡ ᠪᠡᠨ ᠮᠡᠳᠡᠷᠡᠴᠢ ᠪᠣᠯᠤᠨ᠎ᠠ᠃ ᠰᠧᠻᠰ ᠪᠣᠯᠭᠠᠨ ᠠᠴᠠ ᠪᠠᠨ ᠬᠠᠨᠤᠮᠵᠢ ᠠᠪᠴᠤ ᠴᠢᠳᠠᠳᠠᠭ ᠦᠭᠡᠢ ᠡᠮᠡᠭᠲᠡᠶᠢᠴᠦᠳ ᠡᠶᠢᠮᠦ ᠮᠠᠶ᠋ᠢᠭ ᠤᠨ ᠳᠤᠷ᠎ᠠ ᠲᠠᠯᠪᠢᠯᠲᠠ ᠶᠢᠨ ᠡᠬᠢᠨ ᠦ ᠦᠶ᠎ᠡ ᠱᠠᠲᠤᠨ ᠳᠡᠭᠡᠷ᠎ᠡ ᠰᠧᠻᠰ ᠦᠨ ᠶᠠᠩᠵᠤ ᠪᠦᠷᠢ ᠶᠢᠨ ᠲᠤᠷᠰᠢᠯᠲᠠ ᠬᠢᠵᠦ ᠪᠣᠯᠤᠨ᠎ᠠ᠃ ᠢᠩᠭᠢᠭᠰᠡᠨ ᠢᠶᠡᠷ ᠰᠡᠭᠦᠯ ᠦᠨ ᠬᠡᠰᠡᠭ ᠲᠦ ᠨᠢ ᠰᠡᠷᠡᠯᠵᠢᠬᠦ ᠲᠠᠭᠠᠰᠢᠶᠠᠯ ᠢᠶᠠᠨ ᠥᠰᠬᠡᠬᠦ ᠪᠣᠯᠤᠮᠵᠢ ᠲᠠᠢ ᠶᠤᠮ᠃ ᠡᠨᠡᠬᠦ 《ᠰᠫᠢᠷᠠᠯᠢ》 ᠳᠤᠷ᠎ᠠ ᠬᠠᠨᠤᠯᠲᠠ ᠨᠢ ᠣᠯᠠᠨ ᠳᠠᠪᠬᠤᠷ ᠳᠤᠷ᠎ᠠ ᠲᠠᠯᠪᠢᠯᠲᠠ ᠶᠢᠨ ᠨᠢᠭᠡᠨ ᠲᠥᠷᠥᠯ ᠶᠤᠮ᠃ ᠣᠯᠠᠨ ᠳᠠᠪᠬᠤᠷ ᠳᠤᠷ᠎ᠠ ᠲᠠᠯᠪᠢᠯᠲᠠ ᠮᠡᠳᠡᠷᠡᠬᠦ ᠶᠢᠨ ᠲᠤᠯᠠᠳᠠ ᠶᠠᠭᠤᠨ ᠤ ᠲᠦᠷᠦᠭᠦᠨ ᠥᠪᠡᠷ ᠢ ᠪᠡᠨ ᠮᠠᠰᠢ ᠰᠠᠶᠢᠨ ᠰᠤᠳᠤᠯᠵᠤ᠂ ᠪᠡᠶ᠎ᠡ ᠮᠠᠬᠠᠪᠣᠳ ᠤᠨ ᠢᠶᠠᠨ ᠣᠨᠴᠠᠯᠢᠭ᠂ ᠶᠠᠭᠤ ᠶᠢ ᠲᠠᠭᠠᠰᠢᠶᠠᠵᠤ᠂ ᠶᠠᠮᠠᠷ ᠪᠠᠶᠢᠳᠠᠯ ᠢᠶᠠᠷ ᠰᠡᠷᠡᠯ ᠢᠶᠡᠨ ᠬᠥᠳᠡᠯᠭᠡᠵᠦ ᠥᠳᠥᠭᠡᠪᠡᠯ ᠬᠤᠷᠳᠤᠨ ᠪᠠᠶᠢᠳᠠᠭ᠂ ᠰᠧᠻᠰ ᠦᠨ ᠶᠠᠮᠠᠷ ᠪᠠᠶᠢᠷᠢᠯᠠᠯ ᠲᠠᠨ ᠳᠤ ᠢᠯᠡᠭᠦᠦ ᠲᠠᠭᠠᠯᠠᠭᠳᠠᠳᠠᠭ ᠵᠡᠷᠭᠡ ᠪᠡᠨ ᠣᠯᠵᠤ ᠮᠡᠳᠡᠭᠰᠡᠨ ᠪᠠᠶᠢᠬᠤ ᠨᠢ ᠴᠢᠬᠤᠯᠠ᠃

ᠡᠬᠢ ᠰᠤᠷᠪᠤᠯᠵᠢ[засварлах | кодоор засварлах]

ᠭᠣᠣᠠᠯᠢᠩᠭᠣᠣ᠎ᠠ

дур тавих оргазм orgasm sexologist сексологи