ᠴᠢᠴᠠᠷᠭᠠᠨ᠌ᠠ᠋

Wikibilig-с

ᠴᠢᠴᠠᠷᠭᠠᠨ᠌ᠠ᠋[засварлах | кодоор засварлах]

ᠴᠢᠴᠠᠷᠭᠠᠨ᠌ᠠ᠋


ᠴᠢᠴᠠᠷᠭᠠᠨ᠌ᠠ᠋
ᠰᠢᠩᠵᠢᠯᠡᠬᠦ ᠤᠬᠠᠭᠠᠨ ᠊ᠤ ᠠᠩᠭᠢᠯᠠᠯ
ᠠᠢᠢᠮᠠᠭ ᠣᠷᠭᠣᠮᠠᠯ
ᠬᠦᠷᠢᠶ ᠊ᠡ᠋ ᠳᠠᠯᠳᠠ ᠥᠷᠡᠳᠡᠨ
ᠠᠩᠬᠢ ᠬᠣᠣᠰ ᠲᠠᠯᠠᠳᠣ ᠥᠷᠡᠳᠡᠨ
ᠪᠠᠭ ᠰᠠᠷᠠᠨᠠᠢ
ᠣᠪᠤᠭ ᠵᠢᠭᠳᠡᠲᠡᠨ
ᠲᠥᠷᠦᠯ ᠴᠢᠴᠠᠷᠠᠭᠠᠨ᠌ᠠ᠋ ‍ᠢᠢᠨ ᠬᠢᠨ
ᠵᠦᠢᠯ H. rhamnoides
ᠯᠠᠲ᠋ᠢᠨ᠍ ᠨᠡᠷ ᠊ᠡ᠋
Hippophae rhamnoides

(Carl Linnaeus)


ᠴᠢᠴᠠᠷᠭᠠᠨ᠌ᠠ᠋ ᠪᠣᠯ ᠧᠦ᠋ᠷᠣᠫᠠ ᠂ ᠠᠽᠢᠶ ‍ᠠ᠋ ᠶ᠋ᠢᠨ ᠰᠡᠷᠢᠭᠦᠨ ᠪᠦᠰᠡ ᠳ᠋ᠦ᠍ ᠤᠷᠭᠤᠳᠠᠭ ᠂ ᠵᠢᠭᠳᠡᠳᠡᠨ ᠤᠪᠤᠬ ‍ᠤᠨ ᠦᠷᠭᠡᠰᠦᠳᠦ ᠤᠷᠭᠤᠮᠠᠯ ᠠᠮᠤᠢ ᠃ ᠴᠢᠴᠠᠷᠭᠠᠨ᠌ᠠ᠋ ‍ᠢᠢ ᠬᠤᠭᠤᠯᠠ ᠂ ᠭᠤᠥ᠎ ‍ᠠ᠋ ᠰᠠᠶᠢᠬᠠᠨ ‍ᠤ ᠪᠦᠲᠦᠭᠡᠭᠳᠡᠬᠦᠨ ᠬᠢᠬᠦ ‍ᠳᠦ ᠠᠰᠢᠭᠯᠠᠬᠤ ᠬᠢᠭᠡᠳ ᠂ ᠤᠯᠠᠮᠵᠢᠯᠠᠯᠲᠤ ᠠᠨᠠᠭᠠᠬᠤ ᠤᠬᠠᠭᠠᠨ ‍ᠳᠤ ᠂ ᠮᠠᠯ ‍ᠤᠨ ᠲᠡᠵᠢᠭᠡᠯ ᠬᠢᠬᠦ ‍ᠳᠦ ᠂ ᠡᠺᠣᠯᠣᠭ ‍ᠤᠨ ᠵᠣᠷᠢᠭᠤᠯᠠᠯᠲᠠ ᠪᠠᠷ ᠠᠰᠢᠭᠯᠠᠨ᠌ᠠ᠋ ᠃

ᠲᠠᠶ᠋ᠢᠯᠠᠪᠤᠷᠢ ᠪᠠ ᠪᠢᠤᠯᠤᠭᠢ[засварлах | кодоор засварлах]

ᠴᠢᠴᠠᠷᠭᠠᠨ᠌ᠠ᠋ ‍ᠢᠢᠨ
ᠨᠠᠪᠴᠢ ᠂
ᠦᠷᠭᠡᠰᠦᠨ ᠂
ᠵᠢᠮᠢᠰ

ᠦᠷᠭᠡᠰᠦᠳᠦ ᠴᠢᠴᠠᠷᠭᠠᠨ᠌ᠠ᠋ (Hippophae rhamnoides)ᠲᠡᠭᠡᠰᠢ 2-4 ᠮᠧᠲ᠋ᠧᠷ ᠤᠷᠭᠤᠳᠠᠭ ᠂ ᠵᠤᠯᠭᠠᠷᠮᠠᠯ ᠨᠠᠪᠴᠢᠳᠠᠢ ᠂ ᠮᠦᠩᠬᠡ ᠨᠤᠭᠤᠭᠠᠨ ᠤᠷᠭᠤᠮᠠᠯ ᠪᠤᠢ ᠃ ᠬᠠᠳᠠᠭᠤ ᠂ ᠬᠠᠷ᠎ ‍ᠠ᠋ ᠬᠦᠷᠡᠩ ᠬᠣᠯᠲᠤᠰᠤ ᠲᠠᠢ ᠂ ᠰᠠᠷᠠᠯ ᠨᠣᠭᠤᠭᠠᠨ ᠲᠢᠲᠢᠮ ᠲᠡᠢ ᠃ ᠣᠯᠠᠨ ᠨᠠᠰᠤᠲᠤ ᠂ ᠨᠠᠪᠴᠢ ᠨᠠᠷᠢᠨ ᠱᠣᠪᠬᠤ ᠃ ᠴᠢᠴᠠᠷᠭᠠᠨ᠌ᠠ᠋ ᠨᠢ ᠰᠠᠯᠠᠩᠭᠢ ᠪᠡᠯᠭᠡᠲᠤ ᠂ ᠡᠮ ᠎‍ᠡ᠋ ᠂ ᠡᠷ᠎ ‍ᠡ᠋ ᠬᠦᠢᠰᠦ ᠣᠨᠳᠤᠤ ᠮᠤᠳᠤᠨ᠌ᠠ᠋ ᠣᠷᠤᠰᠢᠨ᠌ᠠ᠋ ᠃ ᠮᠤᠳᠤᠨ ‍ᠣ ᠬᠦᠢᠰᠦ ᠴᠡᠴᠡᠭᠯᠡᠬᠦ ‍ᠳᠦ ᠯᠠ ᠮᠡᠳᠡᠭᠳᠡᠨ᠌ᠡ᠋ ᠃ ᠡᠷ᠎ ‍ᠡ᠋ ᠮᠤᠳᠤᠨ ‍ᠣ ᠪᠠᠭ ᠴᠡᠴᠡᠭ 4-6 ᠰᠢᠷᠬᠡᠭ ᠴᠣᠮᠣᠷᠯᠢᠭ ᠦᠭᠡᠢ ᠴᠡᠴᠡᠭ ᠲᠡᠢ ᠂ ᠬᠠᠷᠢᠨ ᠡᠮ ‍ᠡ᠋ ᠮᠤᠳᠤᠨ ‍ᠤ ᠪᠠᠭ ᠴᠡᠴᠡᠭ ᠶᠡᠬᠡᠪᠴᠢᠯᠡᠨ ᠨᠢᠭᠡᠨ ᠴᠣᠮᠣᠷᠯᠢᠭ ᠦᠭᠡᠢ ᠂ ᠨᠢᠭᠡᠨ ᠦᠷ ‍ᠡ᠋ ‍ᠢᠢᠨ ᠣᠷᠣᠨ ᠂ ᠨᠢᠭᠡᠨ ᠦᠷ᠎ᠡ ᠪᠣᠯᠪᠠᠰᠤᠷᠠᠬᠤ ᠣᠷᠣᠨ ᠲᠠᠢ ᠴᠡᠴᠡᠭ ᠲᠡᠢ ᠃ ᠦᠷ᠎ ‍ᠡ᠋ ᠲᠣᠭᠲᠠᠯᠲᠠ ᠭᠣᠣᠯ ᠲᠦᠯᠦᠪ ᠰᠠᠯᠬᠢ ‍ᠢᠢᠠᠷ ᠶᠠᠪᠤᠳᠠᠭ ᠤᠴᠢᠷ ᠤᠷᠭᠤᠴᠠ ᠬᠤᠷᠢᠶᠠᠬᠤ ‍ᠢᠢᠨ ᠲᠤᠯᠠ ‍ᠳᠤ ᠡᠮ ᠎‍ᠡ᠋ ᠡᠷ᠎ ‍ᠡ᠋ ᠮᠤᠳᠤᠨ ᠣᠶ᠋ᠢᠷ᠎ ‍ᠠ᠋ ᠪᠠᠶᠢᠬᠤ ᠶᠣᠰᠤᠲᠠᠢ ᠃
ᠵᠤᠤᠪᠠᠩ ᠂ ᠦᠯᠦ ᠶᠠᠯᠢᠭ ᠪᠦᠭᠡᠷᠡᠩᠬᠡᠢ ᠬᠡᠯᠪᠡᠷᠢᠲᠡᠢ ᠂ ᠴᠠᠶ᠋ᠢᠪᠤᠷᠢ ᠰᠢᠷ᠎ ‍ᠠ᠋ ᠡᠴᠠ ᠪᠠᠷᠠᠭᠠᠨ ᠤᠯᠠᠪᠤᠷ ᠦᠩᠭᠡ ᠲᠡᠢ ᠪᠤᠢ ᠃ ᠨᠢᠭᠡᠨ ᠵᠢᠮᠢᠰ 270-480 ᠮᠢᠯᠯᠢᠭᠷᠠᠮᠮ ᠵᠢᠩ ᠲᠡᠢ ᠂ C,E,B12 ᠠᠮᠢᠨ ᠳᠡᠮ ‍ᠢᠢᠠᠷ ᠶᠡᠬᠡ ᠪᠠᠶᠠᠯᠢᠬ ᠂ ᠪᠠᠰᠠ ᠺᠠᠷᠣᠲᠡᠨᠣᠶ᠋ᠢᠳ ᠂ ᠹᠯᠠᠸᠣᠨᠣᠶ᠋ᠢᠳ ‍ᠢᠢ ᠶᠡᠬᠡ ᠬᠡᠮᠵᠢᠶ᠎ ‍ᠡ᠋ ᠪᠡᠷ ᠠᠭᠤᠯᠤᠨ᠌ᠠ᠋ ᠃