ᠴᠦᠻᠴᠠ ᠨᠠᠷ

Wikibilig-с
ᠴᠦᠻᠴᠠ ᠳᠠᠢᠢᠴᠢᠨ ᠡᠷ ‍ᠡ᠋

ᠴᠦᠻᠴᠠ ᠨᠠᠷ (ᠥᠪᠡᠷᠰᠡᠳ ᠢ ᠪᠡᠨ оравэтԓьэт (ᠣᠷᠠᠸᠧᠲᠯᠶᠧᠲ) ᠭᠡᠳᠡᠭ᠂ ᠬᠦᠮᠦᠨ ᠭᠡᠰᠡᠨ ᠤᠳᠬ᠎ᠠ ᠲᠠᠢ) — ᠵᠡᠭᠦᠨ ᠤᠮᠠᠷᠠᠳᠤ ᠠᠰᠢ᠎ᠠ ᠲᠢᠪ ᠦᠨ ᠴᠥᠭᠡᠨ ᠬᠦᠮᠦᠨ ᠠᠮ᠎ᠠ ᠲᠠᠢ ᠤᠤᠭᠤᠯ ᠠᠷᠠᠳ ᠲᠦᠮᠡᠨ᠃ ᠪᠧᠷᠢᠩ ᠦᠨ ᠲᠡᠩᠭᠢᠰ ᠡᠴᠡ ᠢᠨᠳᠢᠭᠢᠷᠻᠠ ᠮᠥᠷᠡᠨ᠂ ᠤᠮᠠᠷᠠᠳᠤ ᠮᠥᠰᠦᠨ ᠳᠠᠯᠠᠢ ᠠᠴᠠ ᠠᠨᠠᠳᠢᠷ ᠮᠥᠷᠡᠨ ᠬᠦᠷᠲᠡᠯᠡᠬᠢ ᠥᠷᠭᠡᠨ ᠠᠭᠤᠳᠠᠮ ᠨᠤᠲᠤᠭ ᠳᠡᠪᠢᠰᠬᠡᠷ ᠲᠦ ᠲᠠᠷᠬᠠᠨ ᠰᠠᠭᠤᠳᠠᠭ᠃ ᠬᠦᠮᠦᠨ ᠠᠮ᠎ᠠ 2010 ᠣᠨ ᠳᠤ 15908 ᠲᠣᠭᠠᠯᠠᠭᠳᠠᠵᠡᠢ᠃ ᠴᠦᠻᠴᠠ ᠬᠡᠮᠡᠬᠦ ᠨᠡᠷ᠎ᠡ ᠨᠢ ᠴᠠᠲᠠᠨ᠂ ᠴᠠ ᠪᠤᠭᠤ ᠪᠠᠷ ᠪᠠᠶᠠᠨ ᠭᠡᠰᠡᠨ ᠤᠳᠬ᠎ᠠ ᠲᠠᠢ 《ᠴᠠᠦ᠋ᠴᠦ》 ᠬᠡᠡᠮᠡᠬᠦ ᠦᠭᠡ ᠡᠴᠡ ᠭᠠᠷᠤᠯ ᠲᠠᠢ ᠠᠵᠡᠢ᠃ ᠴᠦᠻᠴᠠ ᠨᠠᠷ ᠴᠦᠻᠣᠲ ᠬᠡᠯᠡ ᠪᠡᠷ ᠶᠠᠷᠢᠳᠠᠭ᠂ ᠡᠨᠡᠬᠦ ᠬᠡᠯᠡ ᠨᠢ ᠬᠡᠳᠦ ᠬᠡᠳᠦᠨ ᠠᠶᠠᠯᠭᠤ ᠲᠠᠢ᠂ ᠲᠡᠳᠡᠭᠡᠷ ᠨᠢ ᠥᠨᠦ ᠬᠦᠷᠲᠡᠯ ᠬᠠᠳᠠᠭᠠᠯᠠᠭᠳᠠᠵᠡᠢ᠃ ᠴᠦᠻᠣᠲ ᠬᠡᠯᠡᠨ ᠦ ᠪᠢᠴᠢᠭ ᠢ ᠠᠩᠬ᠎ᠠ 1931 ᠣᠨ ᠳᠤ ᠯᠠᠲ᠋ᠢᠨ ᠪᠢᠴᠢᠭ ᠲᠦ ᠰᠠᠭᠤᠷᠢᠯᠠᠨ ᠵᠣᠬᠢᠶᠠᠭᠰᠠᠨ ᠪᠣᠯᠪᠠᠴᠦ ᠬᠣᠵᠢᠮ ᠣᠷᠣᠰ ᠪᠢᠴᠢᠭ ᠢᠶᠡᠷ ᠰᠣᠯᠢᠭᠰᠠᠨ ᠪᠠᠢᠢᠨ᠎ᠠ᠃ ᠰᠡᠭᠦᠯ ᠦ ᠦᠶ᠎ᠡ ᠶᠢᠨ ᠰᠤᠳᠤᠯᠭ᠎ᠠ ᠪᠠᠷ ᠴᠦᠻᠴᠠ ᠨᠠᠨᠷ ᠤᠨ ᠡᠪᠦᠭᠡ ᠳᠡᠭᠡᠳᠦᠰ 6 ᠮᠢᠩᠭᠠᠨ ᠵᠢᠯ ᠦᠨ ᠲᠡᠷᠲᠡᠭᠡ ᠳᠦ ᠴᠦᠻᠣᠲ ᠨᠤᠲᠤᠭ ᠤᠨ ᠡᠬᠡ ᠭᠠᠵᠠᠷ ᠤᠨ ᠭᠦᠨ ᠦᠷᠦᠭᠦ ᠨᠤᠲᠤᠭᠯᠠᠵᠤ ᠪᠠᠢᠢᠭᠰᠠᠨ ᠪᠠ ᠨᠡᠢᠢᠲᠡ ᠶᠢᠨ ᠲᠣᠭᠠᠯᠠᠯ ᠤᠨ ᠠᠩᠬᠠᠳᠤᠭᠠᠷ ᠮᠢᠩᠭᠠᠨ ᠤ ᠡᠬᠢ ᠪᠡᠷ ᠲᠦᠨ᠋ᠳ᠋ᠷ ᠦᠨ ᠬᠦᠮᠦᠨ ᠠᠮ᠎ᠠ ᠡᠷᠡᠰ ᠨᠡᠮᠡᠭᠳᠡᠭᠰᠡᠨ ᠬᠢᠭᠡᠳ ᠪᠠᠢᠢᠭᠠᠯᠢ᠂ ᠠᠭᠤᠷ ᠠᠮᠢᠰᠬᠠᠯ ᠤᠨ ᠨᠥᠬᠦᠴᠡᠯ ᠥᠭᠡᠷᠴᠢᠯᠡᠭᠳᠡᠭᠰᠡᠨ ᠡᠴᠡ ᠰᠢᠯᠲᠠᠭᠠᠯᠨᠨ ᠴᠦᠻᠴᠠ ᠨᠠᠷ ᠤᠨ ᠵᠠᠷᠢᠮ ᠣᠮᠤᠭ ᠠᠢᠢᠮᠠᠭ ᠳᠠᠯᠠᠢ ᠶᠢᠨ ᠡᠷᠡᠭ ᠲᠦ ᠰᠢᠯᠵᠢᠨ ᠰᠠᠭᠦᠷᠢᠰᠢᠵᠦ᠂ ᠧᠰᠻᠢᠮᠣᠰ ᠨᠠᠷ ᠲᠠᠢ ᠬᠣᠯᠢᠯᠳᠤᠨ ᠰᠠᠭᠤᠬᠤ ᠪᠣᠯᠵᠤ᠂ ᠰᠣᠶᠣᠯ ᠤᠨ ᠰᠣᠯᠢᠯᠴᠠᠭ᠎ᠠ ᠶᠠᠪᠤᠭᠳᠠᠭᠰᠠᠨ ᠪᠠᠢᠢᠨ᠎ᠠ᠃

ᠴᠦᠻᠴᠠ ᠣᠮᠤᠭ ᠦ᠋ᠳ ᠦ᠋ᠨ
ᠨᠤᠲᠤᠭ ᠪᠠᠢᠢᠷᠢᠰᠢᠯ 1900 ᠣᠨ ‍ᠤ ᠦᠶᠡᠰ ᠲᠦ

ᠡᠬᠡ ᠭᠠᠵᠠᠷ ᠤᠨ ᠬᠢᠭᠡᠳ ᠳᠠᠯᠠᠢ ᠶᠢᠨ ᠲᠦᠨᠳ᠋ᠷ ᠤᠨ ᠰᠣᠶᠣᠯ ᠬᠠᠷᠢᠯᠴᠠᠨ ᠦᠢᠯᠡᠴᠢᠯᠡᠭᠰᠡᠨ ᠢᠢᠡᠷ ᠬᠥᠳᠡᠯᠮᠦᠷᠢ ᠶᠢᠨ ᠬᠤᠪᠢᠶᠠᠷᠢ ᠶᠠᠪᠤᠭᠳᠠᠭᠰᠠᠨ ᠪᠠᠢᠢᠨ᠎ᠠ᠃ 17 ᠳᠤᠭᠠᠷ ᠵᠠᠭᠤᠨ ᠳᠤ ᠴᠦᠻᠣᠲ ᠨᠤᠲᠤᠭ ᠲᠤ ᠣᠷᠣᠰ ᠤᠨ ᠲᠡᠨᠦᠭᠦᠯᠴᠢ ᠻᠠᠽᠠᠻ ᠤᠳ ᠦᠵᠡᠭᠳᠡᠬᠦ ᠪᠣᠯᠵᠤ᠂ ᠶᠠᠪᠤᠭᠠᠨ ᠳᠠᠭᠠᠨ ᠴᠦᠻᠣᠲ ᠨᠤᠲᠤᠭ ᠢ ᠪᠠᠢᠢᠯᠳᠠᠨ ᠡᠵᠡᠯᠡᠬᠦ ᠶᠢ ᠣᠷᠣᠯᠳᠤᠭᠰᠠᠨ ᠪᠣᠯᠪᠠᠴᠦ ᠴᠦᠻᠴᠠ ᠨᠠᠷ ᠤᠳᠠᠭ᠎ᠠ ᠳᠠᠷᠠᠭ᠎ᠠ ᠶᠢ ᠲᠤᠯᠤᠯᠳᠤᠭᠠᠨ  ᠳᠤ ᠢᠯᠠᠨ ᠳᠡᠢᠢᠯᠵᠦ ᠪᠠᠢᠢᠯᠤᠭ᠎ᠠ᠃ 18 ᠳᠤᠭᠠᠷ ᠵᠠᠭᠤᠨ ᠳᠤ ᠣᠷᠣᠰ ᠤᠨ ᠵᠠᠰᠠᠭ ᠤᠨ ᠭᠠᠵᠠᠷ ᠴᠦᠻᠴᠠ᠂ ᠻᠣᠷᠶᠠᠻ ᠤᠭᠰᠠᠭᠠᠲᠠᠨ ᠨᠤᠭᠤᠳ ᠢ ᠦᠨᠳᠦᠰᠦ ᠪᠡᠷ ᠨᠢ ᠤᠰᠠᠳᠬᠠᠬᠤ ᠲᠤᠢᠢᠯ ᠤᠨ ᠬᠠᠷᠭᠢᠰ ᠵᠣᠷᠢᠯᠭ᠎ᠠ ᠪᠦᠬᠦᠢ ᠬᠡᠷᠴᠡᠭᠡᠢ ᠳᠠᠢᠢᠨ ᠥᠳᠦᠭᠡᠵᠦ ᠪᠠᠢᠢᠯ᠎ᠠ᠃ ᠭᠡᠪᠴᠢ ᠴᠦᠻᠴᠠ ᠨᠠᠷ ᠡᠷᠡᠯᠬᠡᠭ ᠢᠶᠡᠷ ᠬᠠᠮᠠᠭᠠᠯᠠᠨ ᠲᠤᠯᠤᠯᠳᠤᠵᠤ᠂ ᠣᠷᠣᠰ ᠤᠨ ᠴᠡᠷᠢᠭ ᠢ ᠣᠯᠠᠨᠲᠠ ᠪᠤᠲᠠ ᠨᠢᠷᠭᠡᠵᠦ᠂ ᠬᠠᠷᠭᠢᠰ ᠵᠠᠩᠵᠤᠨ ᠳᠢᠮᠢᠲᠷᠶ ᠫᠠᠸᠯᠦ᠋ᠼᠺᠢ (Дмитрий Павлуцкий) ᠶᠢᠨ ᠲᠣᠯᠤᠭᠠᠢ ᠶᠢ ᠴᠦᠻᠴᠠ ᠨᠠᠷ ᠣᠯᠠᠨ ᠵᠢᠯ ᠢᠯᠠᠯᠲᠠ ᠶᠢᠨ ᠲᠡᠮᠳᠡᠭ ᠪᠣᠯᠭᠠᠨ ᠬᠠᠳᠠᠭᠠᠯᠠᠨ ᠶᠠᠪᠤᠵᠡᠢ᠃ ᠣᠷᠣᠰ 75 ᠵᠢᠯ ᠲᠦᠷᠢᠮᠡᠭᠡᠢ ᠳᠠᠢᠨ ᠬᠢᠭᠰᠡᠨ ᠪᠣᠯᠪᠠᠴᠦ ᠴᠦᠻᠴᠠ ᠨᠠᠷ ᠢ ᠬᠦᠴᠦ ᠪᠡᠷ ᠡᠵᠡᠯᠡᠨ ᠠᠪᠴᠦ ᠴᠢᠳᠠᠭᠠᠳᠦᠢ ᠪᠢᠯᠡ᠃ ᠣᠷᠣᠰ 1775 ᠣᠨ ᠠᠴᠠ ᠠᠩᠭᠠᠷ ᠮᠥᠷᠡᠨ ᠳᠡᠭᠡᠷᠡᠬᠢ ᠠᠩᠭᠠᠷ ᠰᠢᠪᠡᠭᠡᠨ᠎ᠡ ᠴᠦᠻᠴᠠ ᠨᠠᠷ ᠲᠠᠢ ᠠᠷᠢᠯᠵᠢᠶ᠎ᠠ ᠬᠢᠳᠡᠭ ᠪᠣᠯᠵᠡᠢ᠃

ᠰᠢᠷᠢᠨ ᠬᠤᠶᠠᠭ