Bluetooth

Wikibilig-с

Bluetooth ᠨᠢ ᠲᠥᠬᠦᠭᠡᠷᠦᠮᠵᠢ ᠨᠦᠭᠦᠳ ᠦᠨ ᠬᠣᠭᠣᠷᠣᠨᠳᠣ ᠪᠣᠭᠣᠨᠢ ᠵᠠᠢ ᠳᠤ ᠥᠭᠭᠥᠭᠳᠡᠯ ᠳᠠᠮᠵᠢᠭᠤᠯᠬᠤ ᠲᠧᠻᠨᠣᠯᠣᠭᠢ ᠶᠤᠮ᠃ ᠡᠭᠦᠨ ᠳᠦ ᠬᠡᠷᠡᠭᠯᠡᠭᠳᠡᠵᠦ ᠪᠤᠢ ᠷᠠᠳᠢᠣ᠋ ᠳᠣᠯᠭᠢᠶᠠᠨ ᠮᠠᠰᠢ ᠪᠣᠭᠣᠨᠢ ᠵᠠᠢ ᠳᠤ ᠲᠠᠷᠬᠠᠳᠠᠭ ᠪᠥᠭᠡᠳ ᠳᠠᠮᠵᠢᠭᠤᠯᠬᠤ ᠦᠶᠡᠯᠵᠡᠯ ᠨᠢ ᠲᠠᠰᠤᠷᠠᠯᠲᠠ ᠦᠭᠡᠢ ᠰᠣᠯᠢᠭᠳᠠᠵᠤ ᠪᠠᠶ᠋ᠢᠳᠠᠭ᠃ ᠲᠡᠶ᠋ᠢᠮᠦ ᠡᠴᠡ ᠥᠷᠭᠡᠨ ᠨᠡᠪᠲᠡᠷᠡᠭᠦᠯᠭᠡ ᠶᠢᠨ ᠷᠠᠳᠢᠣ᠋ ᠳᠣᠯᠭᠢᠶᠠᠨ ᠲᠠᠢ ᠬᠠᠷᠢᠯᠴᠠᠨ ᠰᠠᠭᠠᠳ ᠪᠣᠯᠳᠠᠭ ᠦᠭᠡᠢ᠃

ᠶᠡᠬᠡᠩᠬᠢ Bluetooth ᠲᠥᠬᠥᠭᠡᠷᠦᠮᠵᠢ ᠶᠡᠬᠡ ᠳᠦ ᠪᠡᠨ 9 ᠮᠧᠲ᠋ᠧᠷ ᠲᠦ ᠲᠠᠷᠬᠠᠳᠠᠭ ᠠᠭᠠᠳ ᠰᠠᠭᠠᠳ ᠪᠠᠶ᠋ᠢᠭ᠎ᠠ ᠲᠣᠬᠢᠶᠠᠯᠳᠤᠯ ᠳᠤ ᠡᠨᠡ ᠵᠠᠢ ᠪᠠᠭᠠᠰᠠᠨ᠎ᠠ᠃[1]
Bluetooth ᠲᠧᠻᠨᠣᠯᠣᠭᠢ ᠶᠢ Bluetooth Special Interest Group (SIG᠂ www.bluetooth.com) ᠪᠠᠶ᠋ᠢᠭᠤᠯᠤᠯᠭ᠎ᠠ ᠠᠩᠬ᠎ᠠ ᠪᠣᠯᠪᠠᠰᠤᠷᠠᠭᠤᠯᠤᠭᠰᠠᠨ ᠠᠭᠠᠳ ᠵᠣᠬᠢᠴᠠᠭᠤᠯᠳᠠᠭ᠃ ᠲᠤᠰ ᠪᠠᠶ᠋ᠢᠭᠤᠯᠤᠯᠭ᠎ᠠ ᠶᠢᠨ ᠡᠩᠨᠡᠭᠡᠨ ᠳᠦ 35,000 ᠭᠡᠰᠢᠭᠦᠨ ᠻᠣᠮᠫᠠᠨᠢ ᠨᠤᠭᠤᠳ ᠪᠠᠭᠲᠠᠳᠠᠭ᠂ ᠲᠡᠳᠡᠭᠡᠷ ᠨᠢ ᠬᠣᠯᠪᠣᠭ᠎ᠠ᠂ ᠴᠠᠬᠢᠮ ᠲᠣᠭᠠᠴᠠᠭᠠᠯᠠᠯ᠂ ᠰᠦᠯᠵᠢᠶᠡᠴᠢᠯᠡᠯ᠂ ᠴᠠᠬᠢᠮ ᠬᠡᠷᠡᠭᠰᠡᠯ ᠦᠢᠯᠡᠳᠪᠦᠷᠢᠯᠡᠯ ᠦᠨ ᠰᠠᠯᠪᠤᠷᠢ ᠳᠤ ᠠᠵᠢᠯᠯᠠᠳᠠᠭ᠃ ᠴᠠᠬᠢᠯᠭᠠᠨ ᠪᠠ ᠴᠠᠬᠢᠮ ᠢᠨ᠍ᠵᠧᠨᠧᠷᠴᠢᠯᠡᠯ ᠦᠨ ᠬᠦᠷᠢᠶᠡᠯᠡᠩ (IEEE) Bluetooth ᠍ ᠤᠨ IEEE 802.15.1 ᠰᠲ᠋ᠠᠨ᠍ᠳᠠᠷᠳ᠋ ᠢ ᠪᠠᠲᠤᠯᠠᠭᠰᠠᠨ᠃ ᠦᠢᠯᠡᠳᠪᠦᠷᠢᠯᠡᠭᠴᠢᠳ ᠪᠦᠲᠦᠭᠡᠭᠳᠡᠬᠦᠨ ᠢᠢᠡᠨ Bluetooth ᠲᠥᠬᠥᠭᠡᠷᠦᠮᠵᠢ ᠭᠡᠵᠦ ᠵᠠᠬ᠎ᠠ ᠵᠡᠭᠡᠯᠢ ᠳᠦ ᠭᠠᠷᠭᠠᠬᠤ ᠶᠢᠨ ᠲᠤᠯᠠᠳᠠ Bluetooth SIG ᠪᠠᠶ᠋ᠢᠭᠤᠯᠤᠯᠭ᠎ᠠ ᠶᠢᠨ ᠲᠠᠯᠪᠢᠳᠠᠭ ᠰᠲ᠋ᠠᠨ᠍ᠳᠠᠷᠳ᠋ ᠱᠠᠭᠠᠷᠳᠠᠯᠭ᠎ᠠ ᠶᠢ ᠬᠠᠩᠭᠠᠬᠤ ᠡᠭᠦᠷᠭᠡ ᠲᠡᠢ᠃[2]

align: top


"Bluetooth" ᠬᠡᠮᠡᠬᠦ ᠨᠡᠷ᠎ᠡ ᠨᠢ 958 ᠣᠨ ᠳᠤ ᠳ᠋ᠠᠨᠢDenmark ᠪᠠ ᠨᠣᠷᠸᠧᠭᠢNorway ᠣᠷᠤᠨ ‍ᠢ ᠨᠢᠭᠡᠳᠬᠡᠭᠰᠡᠨ ᠴᠡᠩᠬᠡᠷ ᠰᠢᠳᠦᠲᠦ Harald Gormsson ᠸᠠᠩ ᠤᠨ ᠬᠣᠴᠢ ᠪᠢᠯᠡ᠃ ᠡᠭᠦᠨ ᠢ ᠪᠣᠯᠪᠠᠰᠤᠷᠠᠭᠤᠯᠤᠯᠲᠠ ᠶᠢᠨ ᠱᠠᠲᠤᠨ ᠳᠤ ᠲᠥᠰᠥᠯ ᠦᠨ ᠲᠦᠷ ᠨᠡᠷ᠎ᠡ ᠪᠣᠯᠭᠠᠨ ᠬᠡᠷᠡᠭᠯᠡᠵᠦ ᠪᠠᠶ᠋ᠢᠭᠰᠠᠨ᠃ ᠬᠣᠵᠢᠮ ᠨᠢ RadioWire᠂ ᠡᠰᠡᠪᠡᠯ PAN ᠭᠡᠰᠡᠨ ᠢᠯᠡᠭᠦᠦ ᠲᠧᠻᠨᠣᠯᠣᠭᠢᠵᠢᠭᠰᠠᠨ ᠨᠡᠷ᠎ᠡ ᠪᠡᠷ ᠰᠣᠯᠢᠬᠤ ᠶᠣᠰᠣᠲᠠᠢ ᠪᠠᠶ᠋ᠢᠭᠰᠠᠨ᠃ ᠭᠡᠪᠡᠴᠦ ᠰᠤᠳᠤᠯᠭ᠎ᠠ ᠪᠠᠷ ᠰᠠᠯᠪᠤᠷᠢ ᠳᠤ ᠪᠠᠨ "Bluetooth" ᠨᠡᠷ᠎ᠡ ᠨᠢᠭᠡᠨᠲᠡ ᠲᠣᠭᠲᠠᠵᠤ ᠬᠡᠪᠰᠢᠭᠰᠡᠨ ᠢ ᠲᠣᠳᠣᠷᠬᠠᠶ᠋ᠢᠯᠠᠭᠰᠠᠨ ᠪᠠᠶ᠋ᠢᠨ᠎ᠠ᠃ Bluetooth ᠍ ᠤᠨ ᠲᠠᠨᠢᠬᠤ ᠲᠡᠮᠳᠡᠭ ᠡᠷᠲᠡᠨ ᠦ ᠷᠦᠨ ᠪᠢᠴᠢᠭ ᠢᠢᠡᠷ Harald Bluetooth ᠸᠠᠩ ᠤᠨ ᠨᠡᠷ᠎ᠡ ᠶᠢᠨ ᠲᠣᠪᠴᠢᠯᠠᠯ ᚼ (Hagall) (ᚼ)᠂ ᛒ (Bjarkan) ᠭᠡᠰᠡᠨ ᠬᠣᠶᠠᠷ ᠦᠰᠦᠭ ᠢ ᠨᠡᠶ᠋ᠢᠯᠡᠭᠦᠯᠦᠭᠰᠡᠨ ᠳᠦᠷᠰᠦ ᠪᠢᠯᠡ᠃[3]


ᠠᠵᠢᠯᠯᠠᠬᠤ ᠵᠠᠷᠴᠢᠮ[засварлах | кодоор засварлах]


align: top
ᠲᠥᠬᠦᠭᠡᠷᠡᠮᠵᠢ ᠬᠣᠯᠪᠤᠵᠤ ᠪᠠᠢᠢᠨ᠎ᠠ


Bluetooth ᠨᠢ ᠷᠠᠳᠢᠣ᠋ ᠳᠣᠯᠭᠢᠶᠠᠨ ᠠᠰᠢᠭᠯᠠᠵᠤ ᠠᠵᠢᠯᠯᠠᠳᠠᠭ᠃ ᠢᠩᠭᠢᠬᠦ ᠳᠦ ᠪᠡᠨ ISM ᠵᠤᠷᠪᠤᠰ ᠤᠨ ᠳᠣᠯᠭᠢᠶᠠᠨ ᠠᠰᠢᠭᠯᠠᠳᠠᠭ ᠪᠠ ᠡᠨᠡᠬᠦ ᠵᠤᠷᠪᠤᠰ ᠨᠢ ᠭᠡᠷ ᠠᠬᠤᠢ ᠶᠢᠨ ᠴᠠᠬᠢᠯᠭᠠᠨ ᠬᠡᠷᠡᠭᠰᠡᠯ᠂ ᠤᠲᠠᠰᠤ ᠦᠭᠡᠢ ᠬᠣᠯᠪᠣᠭᠠᠨ ᠤ ᠰᠦᠯᠵᠢᠶᠡᠨ ᠳᠦ ᠴᠤ ᠪᠠᠰᠠ ᠠᠰᠢᠭᠯᠠᠭᠳᠠᠳᠠᠭ ᠪᠢᠯᠡ᠃ ISM ᠭᠡᠳᠡᠭ ᠨᠢ Industry᠂ Science and Medicine (ᠦᠢᠯᠡᠳᠪᠦᠷᠢ᠂ ᠰᠢᠨᠵᠢᠯᠡᠬᠦ ᠤᠬᠠᠭᠠᠨ᠂ ᠡᠮᠨᠡᠯᠭᠡ) ᠭᠡᠰᠡᠨ ᠦᠭᠡ ᠶᠢᠨ ᠲᠣᠪᠴᠢᠯᠠᠯ᠃
Bluetooth ᠬᠣᠯᠪᠣᠭᠠᠨ ᠳᠤ ᠬᠡᠷᠡᠭᠯᠡᠳᠡᠭ ᠦᠶᠡᠯᠡᠵᠡᠯ ᠨᠢ 2.402-2.48 GHz᠃[4] ᠦᠶᠡᠯᠵᠡᠯ ‍ᠦᠨ ᠦᠰᠦᠷᠦᠯᠲᠡ ᠲᠡᠢ ᠲᠠᠷᠬᠠᠯᠲᠠ ᠶᠢᠨ ᠰᠫᠧᠻᠲ᠋ᠷ (Frequency Hopping Spread Spectrum᠂ FHSS) ᠠᠷᠭ᠎ᠠ ᠶᠢ ᠬᠡᠷᠡᠭᠵᠢᠭᠦᠯᠳᠡᠭ᠃ FHSS ᠪᠣᠯ ᠬᠡᠷᠡᠭᠵᠢᠭᠦᠯᠬᠦ ᠳᠦ ᠬᠢᠯᠪᠠᠷ ᠡᠩ ᠦᠨ᠂ ᠥᠷᠭᠡᠨ ᠵᠤᠷᠪᠤᠰ ᠤᠨ ᠰᠠᠭᠠᠳ ᠲᠤ ᠲᠡᠰᠪᠦᠷᠢ ᠲᠣᠭᠲᠠᠪᠤᠷᠢ ᠲᠠᠢ ᠪᠠᠶ᠋ᠢᠳᠠᠯ ᠢ ᠬᠠᠩᠭᠠᠵᠤ ᠥᠭᠳᠡᠭ᠂ ᠲᠣᠨᠣᠭ ᠲᠥᠬᠥᠭᠡᠷᠦᠮᠵᠢ ᠨᠢ ᠬᠢᠮᠳᠠ ᠲᠥᠰᠥᠷ᠃ FHSS ᠠᠷᠭ᠎ᠠ ᠶᠢ ᠬᠡᠷᠡᠭᠯᠡᠬᠦ ᠦᠶ᠎ᠡ ᠳᠦ ᠵᠥᠭᠡᠭᠡᠭᠴᠢ ᠦᠶᠡᠯᠵᠡᠯ ᠰᠧᠻᠦ᠋ᠨ᠍ᠳ᠋ ᠍ ᠲᠦ 1600 ᠤᠳᠠᠭ᠎ᠠ ᠦᠰᠦᠷᠦᠩᠭᠦᠢ ᠰᠣᠯᠢᠭᠳᠠᠳᠠᠭ᠃[5] 1 MHz ᠎ ᠍ ᠤᠨ ᠥᠷᠭᠡᠨ ᠲᠡᠢ 79 ᠠᠵᠢᠯ ᠤᠨ ᠦᠶᠡᠯᠡᠵᠡᠯ ᠢ ᠢᠯᠭᠠᠳᠠᠭ᠃ ᠬᠠᠷᠢᠨ ᠶᠠᠫᠣᠨ᠂ ᠹᠷᠠᠨ᠍ᠼᠢ᠂ ᠢᠰᠫᠠᠨᠢ ᠤᠯᠤᠰ ᠤᠳ ᠲᠤ ᠲᠡᠷᠡᠬᠦ ᠵᠤᠷᠪᠤᠰ ᠢ ᠤᠯᠠᠮ ᠨᠠᠷᠢᠰᠬᠠᠵᠤ 23 ᠦᠶᠡᠯᠡᠵᠡᠯ ᠦᠨ ᠰᠤᠪᠠᠭ ᠢ ᠢᠯᠭᠠᠳᠠᠭ᠃ ᠦᠶᠡᠯᠵᠡᠯ ᠰᠣᠯᠢᠬᠤ ᠳᠠᠷᠠᠭᠠᠯᠠᠯ ᠨᠢ ᠲᠣᠬᠢᠶᠠᠯᠳᠤᠯ ᠤᠨ ᠲᠥᠰᠲᠦ (pseudorandom) ᠪᠥᠭᠡᠳ ᠳᠠᠮᠵᠢᠭᠤᠯᠤᠭᠴᠢ᠂ ᠬᠦᠯᠢᠶᠡᠨ ᠠᠪᠤᠭᠴᠢ ᠬᠣᠶᠠᠷ ᠲᠤ ᠯᠠ ᠮᠡᠳᠡᠭᠳᠡᠳᠡᠭ᠃ ᠳᠠᠮᠵᠢᠭᠤᠯᠤᠭᠴᠢ ᠪᠠ ᠬᠦᠯᠢᠶᠡᠨ ᠠᠪᠤᠭᠴᠢ ᠨᠢ 625 mks (ᠬᠤᠭᠤᠴᠠᠭᠠᠨ ᠤ ᠨᠢᠭᠡᠨ ᠮᠥᠴᠡᠯᠭᠡ) ᠲᠤᠲᠤᠮ ᠳᠤ ᠰᠢᠨ᠎ᠡ ᠵᠥᠭᠡᠭᠡᠭᠴᠢ ᠦᠶᠡᠯᠡᠵᠡᠯ ᠳᠦ ᠬᠥᠭᠯᠡᠭᠳᠡᠳᠡᠭ᠃ ᠢᠩᠭᠢᠭᠰᠡᠨ ᠢᠢᠡᠷ ᠣᠶ᠋ᠢᠷ᠎ᠠ ᠵᠡᠷᠭᠡᠯᠡᠳᠡᠭᠡ ᠬᠡᠳᠦ ᠬᠡᠳᠦᠨ ᠳᠠᠮᠵᠢᠭᠤᠯᠤᠭᠴᠢ ᠪᠠ ᠬᠦᠯᠢᠶᠡᠨ ᠠᠪᠤᠭᠴᠢ ᠠᠵᠢᠯᠯᠠᠵᠤ ᠪᠠᠶ᠋ᠢᠪᠠᠴᠤ ᠬᠠᠷᠢᠯᠴᠠᠨ ᠰᠠᠭᠠᠳ ᠡᠭᠦᠰᠬᠡᠳᠡᠭ ᠦᠭᠡᠢ᠃ ᠠᠵᠢᠯ ᠤᠨ ᠡᠶ᠋ᠢᠮᠦ ᠭᠣᠷᠢᠮ ᠨᠢ ᠪᠠᠰᠠ ᠨᠢᠭᠤᠴᠠᠯᠠᠯ ᠬᠠᠳᠠᠭᠠᠯᠠᠬᠤ ᠲᠣᠭᠲᠠᠯᠴᠠᠭᠠᠨ ᠤ ᠨᠢᠭᠡᠨ ᠬᠡᠰᠡᠭ ᠪᠣᠯᠳᠠᠭ᠃ ᠵᠥᠭᠡᠭᠡᠭᠴᠢ ᠦᠶᠡᠯᠵᠡᠯ ‍ᠢ ᠰᠣᠯᠢᠬᠤ ᠨᠢ ᠪᠠᠰᠠ ᠲᠣᠬᠢᠶᠠᠯᠳᠤᠯ ᠤᠨ ᠲᠥᠰᠲᠦ ᠶᠠᠪᠤᠭᠳᠠᠬᠤ ᠶᠢᠨ ᠰᠠᠴᠠᠭᠤ ᠬᠣᠯᠪᠣᠯᠲᠠ ᠪᠦᠷᠢ ᠳᠦ ᠲᠤᠰ ᠲᠤ ᠨᠢ ᠲᠣᠳᠣᠷᠬᠠᠶ᠋ᠢᠯᠠᠭᠳᠠᠳᠠᠭ᠃ Bluetooth ᠫᠷᠣᠲ᠋ᠣᠻᠣᠯ ᠨᠢ "ᠴᠡᠭ ᠡᠴᠡ ᠴᠡᠭ"᠂ "ᠴᠡᠭ ᠡᠴᠡ ᠣᠯᠠᠨ ᠴᠡᠭ" ᠭᠡᠰᠡᠨ ᠬᠣᠯᠪᠣᠯᠲᠠ ᠶᠢ ᠳᠡᠮᠵᠢᠳᠡᠭ᠃ ᠲᠣᠭᠠᠨ (digital) ᠥᠭᠭᠥᠭᠳᠡᠯ ᠪᠣᠯᠤᠨ ᠳᠠᠭᠤᠨ ᠳᠣᠬᠢᠶ᠎ᠠ (ᠬᠣᠶᠠᠷ ᠴᠢᠭᠯᠡᠯ ᠳᠦ ᠪᠡᠨ 64 kbit/s) ᠳᠠᠮᠵᠢᠭᠤᠯᠬᠤ ᠳᠤ ᠻᠣᠲᠯᠠᠬᠤ ᠥᠭᠡᠷ᠎ᠡ ᠥᠭᠡᠷ᠎ᠡ ᠵᠠᠭᠪᠤᠷ ᠠᠰᠢᠭᠯᠠᠳᠠᠭ᠃ ᠳᠠᠭᠤ ᠶᠢ ᠳᠠᠪᠲᠠᠨ ᠳᠠᠮᠵᠢᠭᠤᠯᠬᠤ ᠦᠭᠡᠢ᠂ ᠬᠠᠷᠢᠨ ᠲᠣᠭᠠᠨ ᠥᠭᠭᠥᠭᠳᠡᠯ ᠦᠨ ᠪᠠᠭᠴᠠ ᠠᠯᠳᠠᠭᠳᠠᠭᠰᠠᠨ ᠲᠣᠬᠢᠶᠠᠯᠳᠤᠯ ᠳᠤ ᠳᠠᠪᠲᠠᠨ ᠳᠠᠮᠵᠢᠭᠤᠯᠳᠠᠭ᠃

ᠬᠣᠯᠪᠤᠯᠲᠠ ‍ᠢᠢᠨ ᠵᠢᠷᠤᠮ[засварлах | кодоор засварлах]


align: top
ᠫᠷᠣᠲ᠋ᠣᠻᠣᠯ ‍ᠤᠳ ‍ᠤᠨ ᠬᠠᠷᠢᠯᠴᠠᠨ ᠤᠶᠠᠯᠳᠤᠭ᠎ᠠ (ᠵᠢᠷᠤᠭ ᠳᠡᠭᠡᠷ ‍ᠡ᠋ ᠳᠠᠷᠤᠵᠤ ᠲᠣᠮᠤᠷᠠᠭᠤᠯᠤᠨ ᠬᠠᠷᠠᠨ᠎ᠠ ᠎ ᠤᠤ)


Bluetooth ᠰᠦᠯᠵᠢᠶᠡᠨ ᠦ ᠲᠧᠻᠨᠣᠯᠣᠭᠢ ᠬᠥᠳᠡᠯᠭᠡᠭᠡᠨᠳᠦ ᠲᠥᠬᠥᠭᠡᠷᠦᠮᠵᠢ ᠨᠦᠭᠦᠳ ᠢ ᠪᠣᠭᠣᠨᠢ ᠵᠠᠢ ᠳᠤ ᠤᠲᠠᠰᠤ ᠦᠭᠡᠢ ᠬᠣᠯᠪᠣᠵᠤ ᠬᠤᠪᠢ ᠢᠢᠨ ᠰᠦᠯᠵᠢᠶ᠎ᠡ (PAN) ᠡᠭᠦᠰᠬᠡᠳᠡᠭ᠃ Bluetooth ᠰᠦᠯᠵᠢᠶᠡᠨ ᠦ ᠲᠡᠶ᠋ᠢᠨ ᠪᠦᠲᠦᠴᠡ (architecture) ᠥᠪᠡᠷ ᠦᠨ ᠭᠡᠰᠡᠨ ᠪᠡᠶ᠎ᠡ ᠳᠠᠭᠠᠭᠰᠠᠨ ᠫᠷᠣᠲ᠋ᠣᠻᠣᠯ ᠤᠳ ᠠᠴᠠ ᠪᠦᠷᠢᠳᠦᠭᠰᠡᠨ ᠵᠠᠭᠪᠤᠷ ᠲᠤ ᠲᠦᠰᠢᠭᠯᠡᠬᠦ ᠠᠭᠠᠳ OSI᠂ ᠡᠰᠡᠪᠡᠯ TCP/IP ᠭᠡᠬᠦ ᠵᠡᠷᠭᠡ ᠰᠲ᠋ᠠᠨ᠍ᠳᠠᠷᠳ᠋ ᠵᠠᠭᠪᠤᠷ ᠢ ᠳᠠᠭᠠᠳᠠᠭ ᠦᠭᠡᠢ ᠪᠢᠯᠡ᠃

Bluetooth ᠳ᠋ᠡᠬᠢ ᠫᠷᠣᠲ᠋ᠣᠻᠣᠯ ᠤᠳ ᠢ ᠪᠠᠷᠢᠮᠵᠢᠶ᠎ᠠ ᠪᠠᠷ ᠹᠢᠽᠢᠻ ᠳᠠᠪᠬᠤᠷᠭ᠎ᠠ᠂ ᠥᠭᠭᠥᠭᠳᠡᠯ ᠬᠣᠯᠪᠣᠯᠲᠠ ᠶᠢᠨ ᠳᠠᠪᠬᠤᠷᠭ᠎ᠠ᠂ ᠳᠤᠮᠳᠠ ᠵᠠᠪᠰᠠᠷ ᠤᠨ ᠳᠠᠪᠬᠤᠷᠭ᠎ᠠ᠂ ᠬᠡᠷᠡᠭᠯᠡᠭᠡᠨ ᠦ ᠫᠷᠣᠭ᠌ᠷᠠᠮ ᠤᠨ ᠳᠠᠪᠬᠤᠷᠭ᠎ᠠ ᠨᠤᠭᠤᠳ ᠲᠤ ᠪᠦᠯᠦᠭᠯᠡᠳᠡᠭ᠃[6]

ᠹᠢᠽᠢᠻ ᠳᠠᠪᠬᠤᠷᠭ᠎ᠠ ᠪᠤᠶᠤ Physical Layer – ᠡᠭᠦᠨ ᠳᠦ Bluetooth ᠷᠠᠳᠢᠣ᠋ ᠪᠣᠯᠤᠨ ᠦᠨᠳᠦᠰᠦᠨ ᠵᠤᠷᠪᠤᠰ ᠫᠷᠣᠲ᠋ᠣᠻᠣᠯ ᠪᠠᠭᠳᠠᠨ᠎ᠠ᠃ ᠦᠨᠳᠦᠰᠦᠨ ᠵᠤᠷᠪᠤᠰ ᠨᠢ ᠪᠠᠰᠠ ᠥᠭᠭᠥᠭᠳᠡᠯ ᠬᠣᠯᠪᠣᠯᠲᠠ ᠶᠢᠨ ᠳᠠᠪᠬᠤᠷᠭ᠎ᠠ ᠳᠤ ᠣᠷᠣᠳᠠᠭ᠃

ᠷᠠᠳᠢᠣ᠋ ᠭᠡᠳᠡᠭ ᠨᠢ ᠷᠠᠳᠢᠣ᠋ ᠳᠣᠯᠭᠢᠶᠠᠨ ᠤ ᠹᠢᠽᠢᠻ ᠪᠦᠲᠦᠴᠡ᠂ ᠳᠣᠯᠭᠢᠶᠠᠨ ᠳᠠᠮᠵᠢᠭᠤᠯᠬᠤ ᠲᠣᠳᠣᠷᠬᠠᠶ᠋ᠢᠯᠠᠮᠵᠢ ᠨᠤᠭᠤᠳ ᠢ (specifications) ᠲᠣᠭᠲᠠᠭᠠᠳᠠᠭ ᠹᠢᠽᠢᠻ ᠳᠠᠪᠬᠤᠷᠭ᠎ᠠ ᠶᠢᠨ ᠳᠦᠢᠴᠡᠬᠦ ᠫᠷᠣᠲ᠋ᠣᠻᠣᠯ ᠶᠤᠮ᠃ ᠡᠨᠡᠬᠦ ᠫᠷᠣᠲ᠋ᠣᠻᠣᠯ ᠨᠢ ᠠᠭᠠᠷ ᠤᠨ ᠢᠨ᠍ᠲ᠋ᠧᠷᠹᠧᠢᠢᠰ᠂ ᠦᠶᠡᠯᠵᠡᠯ ᠦᠨ ᠵᠤᠷᠪᠤᠰ ᠤᠳ᠂ ᠦᠶᠡᠯᠵᠡᠯ ᠰᠣᠯᠢᠬᠤ ᠲᠣᠳᠣᠷᠬᠠᠶ᠋ᠢᠯᠠᠮᠵᠢ᠂ ᠮᠣᠳᠦ᠋ᠯᠢᠶᠠᠼ ᠤᠨ ᠠᠷᠭᠠᠴᠢᠯᠠᠯ ᠢ ᠲᠣᠭᠲᠤᠭᠠᠨ᠎ᠠ᠃

ᠦᠨᠳᠦᠰᠦᠨ ᠵᠤᠷᠪᠤᠰ ᠪᠤᠶᠤ Baseband ᠫᠷᠣᠲ᠋ᠣᠻᠣᠯ ᠨᠢ ᠷᠠᠳᠢᠣ᠋ ᠫᠷᠣᠲ᠋ᠣᠻᠣᠯ ᠤᠨ ᠦᠢᠯᠡᠴᠢᠯᠡᠭᠡ ᠶᠢ ᠠᠪᠬᠤ ᠪᠠ ᠬᠠᠶᠢᠭᠯᠠᠬᠤ ᠪᠦᠳᠦᠭᠦᠪᠴᠢ᠂ ᠪᠠᠭᠴᠠ ᠶᠢᠨ ᠬᠦᠷᠢᠶᠡᠨ ᠦ ᠹᠣᠷᠮᠠᠲ᠋᠂ ᠬᠠᠮ ᠴᠠᠭᠴᠢᠯᠠᠯ (timing)᠂ ᠴᠢᠳᠠᠯ ᠤᠨ ᠤᠳᠤᠷᠢᠳᠤᠯᠭ᠎ᠠ ᠶᠢᠨ ᠠᠯᠭ᠌ᠣᠷᠢᠲ᠋ᠮ ᠦᠳ ᠢ ᠲᠣᠳᠣᠷᠬᠠᠶ᠋ᠢᠯᠠᠳᠠᠭ᠃

ᠥᠭᠭᠥᠭᠳᠡᠯ ᠬᠣᠯᠪᠣᠯᠲᠠ ᠶᠢᠨ ᠳᠠᠪᠬᠤᠷᠭ᠎ᠠ ᠪᠤᠶᠤ Data Link Layer – ᠡᠭᠦᠨ ᠳᠦ ᠦᠨᠳᠦᠰᠦᠨ ᠵᠤᠷᠪᠤᠰ᠂ ᠬᠣᠯᠪᠣᠯᠲᠠ ᠶᠢᠨ ᠤᠳᠤᠷᠢᠳᠤᠯᠭ᠎ᠠ ᠶᠢᠨ ᠫᠷᠣᠲ᠋ᠣᠻᠣᠯ (LMP)᠂ ᠯᠣᠭᠢᠻ ᠬᠣᠯᠪᠣᠯᠲᠠ ᠶᠢᠨ ᠬᠢᠨᠠᠯᠲᠠ᠂ ᠠᠳᠠᠫᠲ᠋ᠠᠼ ᠤᠨ ᠫᠷᠣᠲ᠋ᠣᠻᠣᠯ (L2CAP) ᠪᠠᠭᠲᠠᠨ᠎ᠠ᠃

ᠬᠣᠯᠪᠣᠯᠲᠠ ᠶᠢᠨ ᠤᠳᠤᠷᠢᠳᠤᠯᠭ᠎ᠠ ᠶᠢᠨ ᠫᠷᠣᠲ᠋ᠣᠻᠣᠯ ᠪᠤᠶᠤ Link Manager Protocol (LMP) ᠨᠢ Bluetooth ᠲᠥᠬᠥᠭᠡᠷᠦᠮᠵᠢ ᠨᠦᠭᠦᠳ ᠦᠨ ᠬᠣᠭᠣᠷᠣᠨᠳᠣ ᠯᠣᠭᠢᠻ ᠬᠣᠯᠪᠣᠯᠲᠠ ᠲᠣᠭᠲᠠᠭᠠᠵᠤ᠂ ᠬᠠᠷᠢᠯᠴᠠᠭ᠎ᠠ ᠬᠣᠯᠪᠣᠭ᠎ᠠ ᠶᠠᠪᠤᠭᠳᠠᠬᠤ ᠨᠥᠬᠥᠴᠡᠯ ᠢ ᠦᠷᠭᠦᠯᠵᠢᠯᠡᠭᠦᠯᠦᠨ ᠬᠠᠩᠭᠠᠳᠠᠭ᠃ ᠡᠨᠡᠬᠦ ᠫᠷᠣᠲ᠋ᠣᠻᠣᠯ ᠤᠨ ᠪᠠᠰᠠ ᠨᠢᠭᠡ ᠭᠣᠣᠯ ᠡᠭᠦᠷᠭᠡ ᠨᠢ ᠲᠥᠬᠦᠭᠡᠷᠦᠮᠵᠢ ᠶᠢ ᠲᠠᠨᠢᠨ ᠪᠠᠲᠤᠯᠠᠭᠠᠵᠢᠭᠤᠯᠬᠤ᠂ ᠮᠡᠳᠡᠭᠡᠯᠡᠯ ᠢ ᠨᠢᠭᠤᠴᠠᠯᠠᠨ ᠻᠣᠲᠯᠠᠬᠤ᠂ ᠪᠠᠭᠴᠠ ᠶᠢᠨ ᠬᠡᠮᠵᠢᠶ᠎ᠡ ᠶᠢ ᠬᠠᠷᠢᠯᠴᠠᠨ ᠲᠣᠬᠢᠷᠠᠯᠴᠠᠬᠤ ᠠᠵᠢᠯᠯᠠᠭ᠎ᠠ ᠶᠤᠮ᠃

ᠯᠣᠭᠢᠻ ᠬᠣᠯᠪᠣᠯᠲᠠ ᠶᠢᠨ ᠬᠢᠨᠠᠯᠲᠠ᠂ ᠠᠳᠠᠫᠲ᠋ᠠᠼᠢ ᠶᠢᠨ ᠫᠷᠣᠲ᠋ᠣᠻᠣᠯ ᠪᠤᠶᠤ Logical Link Control and Adaptation Protocol (L2CAP) ᠨᠢ ᠳᠡᠭᠡᠳᠦ ᠳᠠᠪᠬᠤᠷᠭ᠎ᠠ ᠶᠢᠨ ᠬᠦᠷᠢᠶ᠎ᠡ ᠪᠣᠯᠤᠨ ᠦᠨᠳᠦᠰᠦᠨ ᠵᠤᠷᠪᠤᠰ ᠤᠨ ᠳᠠᠪᠬᠤᠷᠭ᠎ᠠ ᠶᠢᠨ ᠬᠦᠷᠢᠶᠡᠨ ᠦ ᠹᠣᠷᠮᠠᠲ ᠤᠨ ᠨᠡᠶ᠋ᠢᠴᠡᠯ ᠢ ᠲᠣᠭᠲᠠᠭᠠᠨ᠎ᠠ᠃ L2CAP ᠨᠢ ᠬᠣᠯᠪᠣᠯᠲᠠ ᠳ᠋ᠤ ᠲᠦᠰᠢᠭᠯᠡᠭᠰᠡᠨ ᠦᠢᠯᠡᠴᠢᠯᠡᠭᠡ ᠪᠣᠯᠤᠨ ᠬᠣᠯᠪᠣᠯᠲᠠ ᠦᠭᠡᠢ ᠦᠢᠯᠡᠴᠢᠯᠡᠭᠡ ᠶᠢ ᠳᠡᠮᠵᠢᠯᠭᠡ ᠪᠡᠷ ᠬᠠᠩᠭᠠᠳᠠᠭ᠃

ᠳᠤᠮᠳᠠ ᠵᠠᠪᠰᠠᠷ ᠤᠨ ᠳᠠᠪᠬᠤᠷᠭ᠎ᠠ ᠪᠤᠶᠤ Middleware Layer – ᠡᠭᠦᠨ ᠳᠦ ᠷᠠᠳᠢᠣ᠋ ᠦᠶᠡᠯᠵᠡᠯ ᠦᠨ ᠬᠣᠯᠪᠣᠭᠠᠨ ᠤ ᠫᠷᠣᠲ᠋ᠣᠻᠣᠯ (RFComm)᠂ ᠵᠢᠭᠡᠯᠡᠳᠦᠮᠡᠯ ᠫᠷᠣᠲ᠋ᠣᠻᠣᠯ᠂ SDP ᠪᠣᠯᠤᠨ AT ᠻᠣᠮᠠᠨ᠍ᠳ᠋ ᠤᠳ ᠪᠠᠭᠲᠠᠨ᠎ᠠ᠃

RFComm ᠭᠡᠳᠡᠭ ᠨᠢ Radio Frequency Communication ᠭᠡᠰᠡᠨ ᠲᠣᠪᠴᠢᠯᠠᠯ ᠪᠢᠯᠡ᠃ ᠡᠨᠡ ᠫᠷᠣᠲ᠋ᠣᠻᠣᠯ ᠨᠢ ᠤᠲᠠᠰᠤ ᠦᠭᠡᠢ ᠬᠠᠨᠳᠤᠯᠲᠠ ᠶᠢᠨ ᠫᠷᠣᠲ᠋ᠣᠻᠣᠯ ᠲᠠᠢ (WAP) ᠴᠤᠪᠤᠭ᠎ᠠ (serial) ᠢᠨ᠍ᠲ᠋ᠧᠷᠹᠧᠢᠢᠰ ᠲᠣᠭᠲᠠᠭᠠᠳᠠᠭ᠃

ᠵᠢᠭᠡᠯᠡᠳᠦᠮᠡᠯ ᠫᠷᠣᠲ᠋ᠣᠻᠣᠯ ᠪᠤᠶᠤ Adopted Protocols ᠨᠢ ᠪᠤᠰᠤᠳ ᠨᠡᠶ᠋ᠢᠲᠡᠯᠢᠭ ᠵᠠᠭᠪᠤᠷ ᠠᠴᠠ ᠵᠢᠭᠡᠯᠡᠳᠦᠭᠰᠡᠨ ᠫᠷᠣᠲ᠋ᠣᠻᠣᠯ ᠤᠳ ᠶᠤᠮ᠃ Bluetooth ᠬᠣᠯᠪᠣᠭᠠᠨ ᠳᠤ ᠲᠦᠭᠡᠮᠡᠯ ᠵᠢᠭᠡᠯᠡᠳᠳᠡᠭ ᠫᠷᠣᠲ᠋ᠣᠻᠣᠯ ᠤᠳ ᠨᠢ ᠴᠡᠭ ᠡᠴᠡ ᠴᠡᠭ ᠫᠷᠣᠲ᠋ᠣᠻᠣᠯ (PPP)᠂ ᠢᠨ᠍ᠲ᠋ᠧᠷᠨᠧᠲ ᠫᠷᠣᠲ᠋ᠣᠻᠣᠯ (IP)᠂ ᠬᠡᠷᠡᠭᠯᠡᠭᠴᠢ ᠶᠢᠨ ᠥᠭᠭᠥᠭᠳᠡᠯ ᠪᠢᠴᠢᠯᠭᠡ ᠶᠢᠨ ᠫᠷᠣᠲ᠋ᠣᠻᠣᠯ (UDP)᠂ ᠳᠠᠮᠵᠢᠭᠤᠯᠤᠯᠲᠠ ᠬᠢᠨᠠᠯᠲᠠ ᠶᠢᠨ ᠫᠷᠣᠲ᠋ᠣᠻᠣᠯ (TCP)᠂ ᠤᠲᠠᠰᠤ ᠦᠭᠡᠢ ᠬᠠᠨᠳᠤᠯᠲᠠ ᠶᠢᠨ ᠫᠷᠣᠲ᠋ᠣᠻᠣᠯ (WAP) ᠶᠤᠮ᠃

ᠦᠢᠯᠡᠴᠢᠯᠡᠭᠡ ᠢᠯᠡᠷᠡᠭᠦᠯᠬᠦ ᠫᠷᠣᠲ᠋ᠣᠻᠣᠯ (SDP) ᠨᠢ ᠲᠥᠬᠥᠭᠡᠷᠦᠮᠵᠢ ᠶᠢᠨ ᠮᠡᠳᠡᠭᠡᠯᠡᠯ ᠭᠡᠬᠦ ᠮᠡᠲᠦ ᠦᠢᠯᠡᠴᠢᠯᠡᠭᠡ ᠲᠡᠢ ᠬᠣᠯᠪᠣᠭ᠎ᠠ ᠲᠠᠢ ᠯᠠᠪᠯᠠᠭᠠᠭ᠎ᠠ ᠶᠢ (queries) ᠵᠣᠬᠢᠴᠠᠭᠤᠯᠵᠤ᠂ ᠥᠷᠢᠰᠦᠯᠳᠦᠨ ᠪᠤᠢ Bluetooth ᠲᠥᠬᠥᠭᠡᠷᠦᠮᠵᠢ ᠨᠦᠭᠦᠳ ᠦᠨ ᠬᠣᠭᠣᠷᠣᠨᠳᠣ ᠬᠣᠯᠪᠣᠯᠲᠠ ᠲᠣᠭᠲᠠᠭᠠᠬᠤ ᠨᠥᠬᠥᠴᠡᠯ ᠢ ᠬᠠᠩᠭᠠᠳᠠᠭ᠃

AT Commands ᠭᠡᠳᠡᠭ ATtention ᠻᠣᠮᠠᠨ᠍ᠳ᠋ ᠤᠨ ᠪᠠᠭᠴᠠ ᠶᠤᠮ᠃

ᠬᠡᠷᠡᠭᠯᠡᠭᠡᠨ ᠦ ᠫᠷᠣᠭ᠌ᠷᠠᠮ ᠤᠨ ᠳᠠᠪᠬᠤᠷᠭ᠎ᠠ ᠨᠢ ᠬᠡᠷᠡᠭᠯᠡᠭᠴᠢ Bluetooth ᠍ ᠤᠨ ᠬᠡᠷᠡᠭᠯᠡᠭᠡᠨ ᠦ ᠫᠷᠣᠭ᠌ᠷᠠᠮ ᠲᠠᠢ ᠬᠠᠷᠢᠴᠠᠬᠤ ᠪᠣᠯᠤᠮᠵᠢ ᠶᠢ ᠪᠦᠷᠢᠳᠦᠭᠦᠯᠬᠦ ᠬᠡᠷᠡᠭᠯᠡᠭᠡᠨ ᠦ ᠫᠷᠣᠭ᠌ᠷᠠᠮ ᠤᠨ ᠲᠣᠳᠣᠷᠬᠠᠶ᠋ᠢᠯᠠᠯᠲᠠ ᠮᠡᠳᠡᠭᠡᠯᠡᠯ ᠢ ᠠᠭᠤᠯᠠᠳᠠᠭ᠃[6]

ᠬᠡᠷᠡᠭᠯᠡᠭᠡ[засварлах | кодоор засварлах]


align: top
ᠤᠰᠤᠨ ᠬᠠᠯᠠᠭᠠᠭᠤᠷ ‍ᠤᠨ ᠳᠤᠯᠠᠭᠠᠨ ᠲᠣᠬᠢᠷᠠᠭᠤᠯᠤᠭᠴᠢ ᠨᠢ Bluetooth ᠠᠰᠢᠭᠯᠠᠨ ᠭᠠᠷ ᠤᠲᠠᠰᠤ ᠪᠠᠷ ᠳᠠᠮᠵᠢᠭᠤᠯᠤᠨ ᠲᠣᠬᠢᠷᠠᠭᠤᠯᠬᠤ ᠪᠠᠯᠤᠮᠵᠢ ᠲᠠᠢ᠃ ᠭᠡᠷᠮᠠᠨ ‍ᠤᠨ eQ-3 ᠻᠣᠮᠫᠠᠨᠢ ‍ᠢᠢᠨ ᠪᠦᠲᠦᠭᠡᠭᠳᠡᠬᠦᠨ᠃


Bluetooth ᠍ ᠤᠨ ᠭᠣᠣᠯ ᠬᠡᠷᠡᠭᠯᠡᠭᠡᠨ ᠳ᠋ᠦ ᠤᠲᠠᠰᠤ ᠦᠭᠡᠢ ᠬᠣᠯᠪᠣᠭ᠎ᠠ᠂ ᠥᠭᠭᠥᠭᠳᠡᠯ ᠢ ᠴᠠᠬᠢᠮ ᠲᠥᠬᠥᠭᠡᠷᠦᠮᠵᠢ ᠨᠦᠭᠦᠳ ᠦᠨ ᠬᠣᠭᠣᠷᠣᠨᠳᠣ ᠤᠲᠠᠰᠤ ᠦᠭᠡᠢ ᠳᠠᠮᠵᠢᠭᠤᠯᠬᠤ᠂ ᠴᠠᠬᠢᠮ ᠲᠣᠭᠠᠴᠠᠭᠠᠯᠠᠭᠤᠷ ᠤᠨ ᠵᠠᠬ᠎ᠠ ᠶᠢᠨ ᠲᠥᠬᠥᠭᠡᠭᠦᠮᠵᠢ ᠨᠦᠭᠦᠳ ᠦᠨ ᠤᠲᠠᠰᠤ ᠦᠭᠡᠢ ᠬᠣᠯᠪᠣᠬᠤ ᠵᠡᠷᠭᠡ ᠢᠢ ᠳᠤᠷᠳᠠᠵᠤ ᠪᠣᠯᠤᠨ᠎ᠠ᠃ ᠡᠨᠡᠬᠦ ᠲᠧᠻᠨᠣᠯᠣᠭᠢ ᠨᠢ ᠮᠠᠰᠢ ᠣᠯᠠᠨ ᠴᠢᠭᠯᠡᠯ ᠳᠦ ᠴᠢᠬᠤᠯᠠ ᠬᠡᠷᠡᠭᠯᠡᠭᠡ ᠲᠡᠢ᠃[7]

ᠤᠲᠠᠰᠤ ᠦᠭᠡᠢ ᠬᠣᠯᠪᠣᠭ᠎ᠠ

ᠬᠣᠶᠠᠷ ᠴᠠᠬᠢᠮ ᠲᠥᠬᠥᠭᠡᠷᠦᠮᠵᠢ᠂ ᠵᠢᠱᠢᠶᠡᠯᠡᠪᠡᠯ ᠬᠣᠶᠠᠷ ᠭᠠᠷ ᠤᠲᠠᠰᠤ᠂ Bluetooth ᠠᠰᠢᠭᠯᠠᠨ ᠬᠣᠭᠣᠷᠣᠨᠳᠣ ᠪᠠᠨ ᠤᠲᠠᠰᠤ ᠦᠭᠡᠢ ᠬᠣᠯᠪᠣᠭᠳᠠᠵᠤ ᠪᠣᠯᠤᠨ᠎ᠠ᠃ ᠮᠥᠨ ᠪᠣᠭᠣᠨᠢ ᠵᠠᠢ ᠳᠤ ᠲᠦᠷᠢ ᠬᠣᠯᠪᠣᠭᠠᠨ ᠤ ᠵᠣᠷᠢᠯᠭ᠎ᠠ ᠪᠠᠷ ᠠᠰᠢᠭᠯᠠᠵᠤ ᠪᠣᠯᠳᠠᠭ᠃

ᠥᠭᠭᠥᠭᠳᠡᠯ ᠳᠠᠮᠵᠢᠭᠤᠯᠬᠤ

Bluetooth ᠍ ᠢ ᠠᠰᠢᠭᠯᠠᠨ ᠭᠠᠷ ᠤᠲᠠᠰᠤ᠂ ᠴᠠᠬᠢᠮ ᠲᠣᠭᠠᠴᠠᠭᠠᠯᠠᠭᠤᠷ᠂ ᠵᠥᠭᠡᠭᠡᠪᠦᠷᠢ ᠶᠢᠨ ᠻᠣᠮᠫᠢᠶᠦ᠋ᠲ᠋ᠧᠷ ᠭᠡᠬᠦ ᠮᠡᠲᠦ ᠲᠥᠬᠥᠭᠡᠷᠦᠮᠵᠢ ᠨᠦᠭᠦᠳ ᠦᠨ ᠬᠣᠭᠣᠷᠣᠨᠳᠣ ᠥᠭᠭᠥᠭᠳᠡᠯ ᠳᠠᠮᠵᠢᠭᠤᠯᠳᠠᠭ᠃ ᠮᠥᠨ ᠡᠨᠡᠬᠦ ᠲᠧᠻᠨᠣᠯᠣᠭᠢ ᠶᠢ ᠠᠰᠢᠭᠯᠠᠨ ᠪᠣᠳᠠᠲᠤ ᠴᠠᠭ ᠢᠢᠠᠷ (real-time) ᠳᠠᠭᠤ ᠠᠪᠢᠶ᠎ᠠ ᠪᠠ ᠥᠭᠭᠥᠭᠳᠡᠯ ᠢ ᠳᠠᠮᠵᠢᠭᠤᠯᠬᠤ ᠪᠣᠯᠤᠮᠵᠢ ᠲᠠᠢ᠃ ᠲᠤᠬᠠᠶ᠋ᠢᠯᠠᠪᠠᠯ ᠳᠠᠭᠤᠤ ᠪᠢᠴᠢᠯᠭᠡ᠂ ᠵᠢᠷᠤᠭ᠂ ᠳᠦᠷᠰᠦ ᠪᠢᠴᠢᠯᠭᠡ ᠶᠢ ᠬᠢᠯᠪᠠᠷᠬᠠᠨ ᠳᠠᠮᠵᠢᠭᠤᠯᠵᠤ ᠪᠣᠯᠳᠠᠭ᠃

ᠴᠠᠬᠢᠮ ᠲᠣᠭᠠᠴᠠᠭᠠᠯᠠᠭᠤᠷ ᠤᠨ ᠵᠠᠬ᠎ᠠ ᠶᠢᠨ ᠲᠥᠬᠥᠭᠡᠷᠦᠮᠵᠢ

Bluetooth ᠍ ᠢ ᠠᠰᠢᠭᠯᠠᠨ ᠣᠭᠣᠲᠣᠨ᠎ᠠ᠂ ᠭᠠᠷ᠂ ᠴᠢᠩᠭ᠎ᠠ ᠶᠠᠷᠢᠭᠴᠢ᠂ ᠬᠡᠪᠯᠡᠭᠴᠢ ᠭᠡᠬᠦ ᠮᠡᠲᠦ ᠵᠠᠬ᠎ᠠ ᠶᠢᠨ ᠲᠥᠬᠥᠭᠡᠷᠦᠮᠵᠢ ᠶᠢ ᠴᠠᠬᠢᠮ ᠲᠣᠭᠠᠴᠠᠭᠠᠯᠠᠭᠤᠷ ᠲᠤ ᠤᠲᠠᠰᠤ ᠦᠭᠡᠢ ᠬᠣᠯᠪᠣᠵᠤ ᠪᠣᠯᠳᠠᠭ᠃ ᠴᠠᠬᠢᠮ ᠲᠣᠭᠯᠠᠭᠠᠮ ᠲᠣᠭᠯᠠᠬᠤ ᠦᠶ᠎ᠡ ᠳᠦ ᠤᠲᠠᠰᠤ ᠦᠭᠡᠢ ᠭᠠᠷ ᠠᠰᠢᠭᠯᠠᠵᠤ ᠲᠣᠭᠯᠠᠬᠤ ᠨᠢ ᠢᠯᠡᠭᠦᠦ ᠲᠠᠭᠠᠲᠠᠢ ᠪᠠᠶ᠋ᠢᠳᠠᠭ ᠪᠠ ᠡᠭᠦᠨ ᠳᠦ ᠮᠥᠨ ᠯᠠ Bluetooth ᠍ ᠢ ᠠᠰᠢᠭᠯᠠᠳᠠᠭ᠃

ᠤᠲᠠᠰᠤ ᠦᠭᠡᠢ ᠴᠢᠬᠢᠪᠴᠢ

ᠤᠲᠠᠰᠤ ᠦᠭᠡᠢ ᠴᠢᠬᠢᠪᠴᠢᠨ ᠳᠦ Bluetooth ᠠᠰᠢᠭᠯᠠᠭᠳᠠᠳᠠᠭ᠃ ᠮᠥᠨ ᠤᠲᠠᠰᠤ ᠦᠭᠡᠢ ᠴᠢᠬᠢᠪᠴᠢ ᠨᠢ ᠤᠲᠠᠰᠤᠨ ᠤ ᠳᠠᠭᠤᠳᠠᠯᠭ᠎ᠠ ᠬᠦᠯᠢᠶᠡᠨ ᠠᠪᠬᠤ᠂ ᠳᠠᠭᠤᠨ ᠤ ᠴᠢᠩᠭ᠎ᠠ ᠰᠤᠯᠠ ᠶᠢ ᠲᠤᠬᠢᠷᠠᠭᠤᠯᠬᠤ ᠭᠡᠬᠦ ᠵᠡᠷᠭᠡ ᠦᠢᠯᠡᠳᠦᠯ ᠢ ᠭᠦᠢᠴᠡᠳᠭᠡᠬᠦ ᠪᠣᠯᠤᠮᠵᠢ ᠲᠠᠢ ᠲᠣᠨᠣᠭᠯᠠᠭᠳᠠᠭᠰᠠᠨ ᠪᠠᠶ᠋ᠢᠳᠠᠭ᠃

ᠭᠡᠷ ᠠᠬᠤᠢ ᠶᠢᠨ ᠠᠦ᠋ᠲ᠋ᠣᠮᠠᠲ᠋ᠴᠢᠯᠠᠯ

ᠭᠡᠷ ᠠᠬᠤᠢ ᠶᠢᠨ ᠠᠦ᠋ᠲ᠋ᠣᠮᠠᠲ᠋ᠴᠢᠯᠠᠯ ᠪᠣᠯ Bluetooth ᠍ ᠤᠨ ᠬᠡᠷᠡᠭᠯᠡᠭᠡᠨ ᠦ ᠨᠢᠭᠡ ᠰᠣᠨᠢᠷᠬᠠᠯ ᠲᠠᠢ ᠴᠢᠭᠯᠡᠯ ᠪᠢᠯᠡ᠃ ᠭᠠᠷ ᠤᠲᠠᠰᠤ ᠠᠰᠢᠭᠯᠠᠨ ᠭᠡᠷᠡᠯ᠂ ᠰᠡᠩᠰᠡ ᠵᠡᠷᠭᠡ ᠶᠢ ᠠᠰᠠᠭᠠᠵᠤ ᠤᠨᠲᠠᠷᠠᠭᠠᠵᠤ ᠪᠣᠯᠤᠨ᠎ᠠ᠃ ᠲᠡᠭᠦᠨᠴᠢᠯᠡᠨ ᠳᠠᠭᠤ ᠬᠣᠭᠣᠯᠠᠢ ᠪᠠᠷ ᠤᠳᠤᠷᠢᠳᠬᠤ᠂ ᠤᠲᠠᠰᠤ ᠦᠭᠡᠢ ᠵᠥᠭᠡᠭᠡᠪᠦᠷᠢ ᠶᠢᠨ ᠴᠢᠩᠭ᠎ᠠ ᠶᠠᠷᠢᠭᠴᠢ ᠠᠰᠢᠭᠯᠠᠬᠤ᠂ ᠤᠬᠠᠭᠠᠯᠢᠭ ᠴᠣᠣᠵᠢ ᠬᠡᠷᠡᠭᠯᠡᠬᠦ ᠳᠦ Bluetooth ᠲᠤᠰᠠᠯᠠᠳᠠᠭ᠃
ᠲᠥᠬᠥᠭᠡᠷᠦᠮᠵᠢ ᠤᠳᠤᠷᠢᠳᠬᠤ

Bluetooth ᠲᠧᠻᠨᠣᠯᠣᠭᠢ ᠶᠢ ᠠᠰᠢᠭᠯᠠᠨ ᠨᠢᠭᠡ ᠲᠥᠬᠥᠭᠡᠷᠦᠮᠵᠢ ᠪᠡᠷ ᠨᠥᠭᠥᠭᠡ ᠲᠥᠬᠥᠭᠡᠷᠦᠮᠵᠢ ᠶᠢ ᠤᠳᠤᠷᠢᠳᠳᠠᠭ᠃ ᠵᠢᠱᠢᠶᠡᠯᠡᠪᠡᠯ᠂ ᠭᠠᠷ ᠤᠲᠠᠰᠤ ᠪᠠᠷ ᠴᠠᠬᠢᠮ ᠲᠣᠭᠠᠴᠠᠭᠠᠯᠠᠭᠤᠷ ᠢ ᠤᠳᠤᠷᠢᠳᠴᠤ ᠲᠣᠭᠯᠠᠭᠠᠮ ᠲᠣᠭᠯᠠᠬᠤ᠂ PPT ᠢᠯᠡᠳᠬᠡᠯ ᠦᠨ ᠬᠠᠭᠤᠳᠠᠰᠤ ᠶᠢ ᠰᠣᠯᠢᠬᠤ ᠵᠡᠷᠭᠡ ᠪᠡᠷ ᠠᠵᠢᠯᠯᠠᠵᠤ ᠪᠣᠯᠳᠠᠭ᠃ ᠡᠳᠡᠭᠡᠷ ᠦᠢᠯᠡ ᠠᠵᠢᠯᠯᠠᠭᠠᠨ ᠳᠤ ᠵᠣᠷᠢᠭᠤᠯᠤᠭᠰᠠᠨ ᠬᠡᠷᠡᠭᠯᠡᠭᠡᠨ ᠦ ᠫᠷᠣᠭᠷᠠᠮ ᠤᠳ ᠪᠠᠰᠠ ᠪᠢᠴᠢᠭᠳᠡᠭᠰᠡᠨ ᠪᠠᠶ᠋ᠢᠳᠠᠭ᠃[7]
ᠪᠤᠰᠤᠳ ᠬᠡᠷᠡᠭᠯᠡᠭᠡ
1᠃ ᠡᠮᠨᠡᠯᠭᠡ ᠶᠢᠨ ᠲᠣᠨᠣᠭ ᠲᠥᠬᠥᠭᠡᠷᠦᠮᠵᠢ ᠳᠦ᠃
2᠃ ᠵᠠᠮ ᠤᠨ ᠬᠥᠳᠡᠯᠭᠡᠭᠡᠨ ᠦ ᠬᠢᠨᠠᠯᠲᠠ ᠶᠢᠨ ᠲᠥᠬᠥᠭᠡᠷᠦᠮᠵᠢ ᠳᠦ᠃
3᠃ ᠳᠣᠲᠣᠭᠠᠳᠤ ᠰᠦᠯᠵᠢᠶᠡᠨ ᠦ ᠰᠢᠰᠲ᠋ᠧᠮ ᠳᠦ᠃
4᠃ ᠬᠥᠳᠡᠯᠭᠡᠭᠡᠨ ᠳᠦ ᠵᠦᠢᠯ ᠳᠦ ᠬᠡᠮᠵᠢᠯᠲᠡ ᠬᠢᠬᠦ ᠭᠡᠬᠦ ᠵᠡᠷᠭᠡ ᠬᠡᠮᠵᠢᠭᠦᠷ ᠬᠡᠷᠡᠭᠰᠡᠯ ᠦᠳ ᠲᠦ᠃[7]

ᠨᠡᠷ᠎ᠡ ᠲᠣᠮᠢᠶᠠᠯᠠᠯ[засварлах | кодоор засварлах]

ᠥᠭᠭᠥᠭᠳᠡᠯ ᠳᠠᠮᠵᠢᠭᠤᠯᠬᠤ - data transfer

ᠳᠣᠯᠭᠢᠶᠠᠨ- wave

ᠦᠶᠡᠯᠵᠡᠯ - frequency

ᠵᠤᠷᠪᠤᠰ - band

ᠤᠲᠠᠰᠤ ᠦᠭᠡᠢ ᠬᠣᠯᠪᠣᠭ᠎ᠠ - wireless communication

ᠥᠷᠭᠡᠨ ᠵᠤᠷᠪᠤᠰ - broadband

ᠵᠥᠭᠡᠭᠡᠭᠴᠢ ᠦᠶᠡᠯᠵᠡᠯ - carrier frequency

ᠬᠤᠪᠢ ᠢᠢᠨ ᠰᠦᠯᠵᠢᠶ᠎ᠡ- personal area network (PAN)

ᠹᠢᠽᠢᠻ ᠳᠠᠪᠬᠤᠷᠭ᠎ᠠ - physical layer

ᠯᠣᠭᠢᠻ ᠬᠣᠯᠪᠣᠯᠲᠠ ᠶᠢᠨ ᠬᠢᠨᠠᠯᠲᠠ᠂ ᠠᠳᠠᠫᠲ᠋ᠠᠼ ᠤᠨ ᠫᠷᠣᠲ᠋ᠣᠻᠣᠯ - logical link control and adaptation protocol (L2CAP)

ᠬᠣᠯᠪᠣᠯᠲᠠ ᠶᠢᠨ ᠤᠳᠤᠷᠢᠳᠤᠯᠭ᠎ᠠ ᠶᠢᠨ ᠫᠷᠣᠲ᠋ᠣᠻᠣᠯ - link manager protocol (LMP)

ᠤᠲᠠᠰᠤ ᠦᠭᠡᠢ ᠬᠠᠨᠳᠤᠯᠲᠠ ᠶᠢᠨ ᠫᠷᠣᠲ᠋ᠣᠻᠣᠯ - wireless access protocol (WAP)

ᠬᠡᠷᠡᠭᠯᠡᠭᠴᠢ ᠶᠢᠨ ᠥᠭᠭᠥᠭᠳᠡᠯ ᠪᠢᠴᠢᠯᠭᠡ ᠶᠢᠨ ᠫᠷᠣᠲ᠋ᠣᠻᠣᠯ - user datagram protocol (UDP)

ᠳᠠᠮᠵᠢᠭᠤᠯᠤᠯᠲᠠ ᠬᠢᠨᠠᠯᠲᠠ ᠶᠢᠨ ᠫᠷᠣᠲ᠋ᠣᠻᠣᠯ - transmission control protocol (TCP)

ᠦᠢᠯᠡᠴᠢᠯᠡᠭᠡ ᠢᠯᠡᠷᠡᠭᠦᠯᠬᠦ ᠫᠷᠣᠲ᠋ᠣᠻᠣᠯ - service discovery protocol (SDP)

ᠡᠬᠢ ᠰᠤᠷᠪᠤᠯᠵᠢ[засварлах | кодоор засварлах]

  1. Steven John. 'What is Bluetooth?': A beginner's guide to the wireless technology. Business Insider 2020/05/20. https://www.businessinsider.com/guides/tech/what-is-bluetooth
  2. Brand Enforcement Program. © 2023 Bluetooth SIG, Inc. https://www.bluetooth.com/develop-with-bluetooth/marketing-branding/brand-enforcement-program
  3. The story behind how Bluetooth® technology got its name. © 2023 Bluetooth SIG, Inc. https://www.bluetooth.com/about-us/bluetooth-origin/
  4. Soltanian A., Van Dyck R.E. Performance of the Bluetooth system in fading dispersive channelsand interference // IEEE Global Telecommunications Conference, 2001. https://ieeexplore.ieee.org/document/966332/?arnumber=966332
  5. Katie Terrell Hanna, John Burke, Nemertes Research. Frequency-Hopping Spread Spectrum (FHSS). TechTarget 2021/07. https://www.techtarget.com/searchnetworking/definition/frequency-hopping-spread-spectrum
  6. 6.0 6.1 The Bluetooth Protocol Architecture. Tutorialspoint. ᠬᠠᠨᠳᠤᠭᠰᠠᠨ 2023/01/13.https://www.tutorialspoint.com/the-bluetooth-protocol-architecture
  7. 7.0 7.1 7.2 Applications, Advantages, Disadvantages of Bluetooth. ETechnoG 2019. https://www.etechnog.com/2019/05/application-advantage-bluetooth.html