Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
Bluetooth
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
== ᠬᠣᠯᠪᠤᠯᠲᠠ ᠢᠢᠨ ᠵᠢᠷᠤᠮ ==
{| class="wikitable" |+ |[[File:Bluetooth Protocols.jpg|align: top|thumb|center]] |style = "height: 110px;"|ᠫᠷᠣᠲ᠋ᠣᠻᠣᠯ ᠤᠳ ᠤᠨ ᠬᠠᠷᠢᠯᠴᠠᠨ ᠤᠶᠠᠯᠳᠤᠭ᠎ᠠ (ᠵᠢᠷᠤᠭ ᠳᠡᠭᠡᠷ ᠡ᠋ ᠳᠠᠷᠤᠵᠤ ᠲᠣᠮᠤᠷᠠᠭᠤᠯᠤᠨ ᠬᠠᠷᠠᠨ᠎ᠠ ᠤᠤ) |}
Bluetooth ᠰᠦᠯᠵᠢᠶᠡᠨ ᠦ ᠲᠧᠻᠨᠣᠯᠣᠭᠢ ᠬᠥᠳᠡᠯᠭᠡᠭᠡᠨᠳᠦ ᠲᠥᠬᠥᠭᠡᠷᠦᠮᠵᠢ ᠨᠦᠭᠦᠳ ᠢ ᠪᠣᠭᠣᠨᠢ ᠵᠠᠢ ᠳᠤ ᠤᠲᠠᠰᠤ ᠦᠭᠡᠢ ᠬᠣᠯᠪᠣᠵᠤ ᠬᠤᠪᠢ ᠢᠢᠨ ᠰᠦᠯᠵᠢᠶ᠎ᠡ (PAN) ᠡᠭᠦᠰᠬᠡᠳᠡᠭ᠃ Bluetooth ᠰᠦᠯᠵᠢᠶᠡᠨ ᠦ ᠲᠡᠶ᠋ᠢᠨ ᠪᠦᠲᠦᠴᠡ (architecture) ᠥᠪᠡᠷ ᠦᠨ ᠭᠡᠰᠡᠨ ᠪᠡᠶ᠎ᠡ ᠳᠠᠭᠠᠭᠰᠠᠨ ᠫᠷᠣᠲ᠋ᠣᠻᠣᠯ ᠤᠳ ᠠᠴᠠ ᠪᠦᠷᠢᠳᠦᠭᠰᠡᠨ ᠵᠠᠭᠪᠤᠷ ᠲᠤ ᠲᠦᠰᠢᠭᠯᠡᠬᠦ ᠠᠭᠠᠳ [[OSI загвар|OSI]]᠂ ᠡᠰᠡᠪᠡᠯ TCP/IP ᠭᠡᠬᠦ ᠵᠡᠷᠭᠡ ᠰᠲ᠋ᠠᠨ᠍ᠳᠠᠷᠳ᠋ ᠵᠠᠭᠪᠤᠷ ᠢ ᠳᠠᠭᠠᠳᠠᠭ ᠦᠭᠡᠢ ᠪᠢᠯᠡ᠃ Bluetooth ᠳ᠋ᠡᠬᠢ ᠫᠷᠣᠲ᠋ᠣᠻᠣᠯ ᠤᠳ ᠢ ᠪᠠᠷᠢᠮᠵᠢᠶ᠎ᠠ ᠪᠠᠷ ᠹᠢᠽᠢᠻ ᠳᠠᠪᠬᠤᠷᠭ᠎ᠠ᠂ ᠥᠭᠭᠥᠭᠳᠡᠯ ᠬᠣᠯᠪᠣᠯᠲᠠ ᠶᠢᠨ ᠳᠠᠪᠬᠤᠷᠭ᠎ᠠ᠂ ᠳᠤᠮᠳᠠ ᠵᠠᠪᠰᠠᠷ ᠤᠨ ᠳᠠᠪᠬᠤᠷᠭ᠎ᠠ᠂ ᠬᠡᠷᠡᠭᠯᠡᠭᠡᠨ ᠦ ᠫᠷᠣᠭ᠌ᠷᠠᠮ ᠤᠨ ᠳᠠᠪᠬᠤᠷᠭ᠎ᠠ ᠨᠤᠭᠤᠳ ᠲᠤ ᠪᠦᠯᠦᠭᠯᠡᠳᠡᠭ᠃<ref name=":0">The Bluetooth Protocol Architecture. Tutorialspoint. ᠬᠠᠨᠳᠤᠭᠰᠠᠨ 2023/01/13.https://www.tutorialspoint.com/the-bluetooth-protocol-architecture</ref>

ᠹᠢᠽᠢᠻ ᠳᠠᠪᠬᠤᠷᠭ᠎ᠠ ᠪᠤᠶᠤ Physical Layer – ᠡᠭᠦᠨ ᠳᠦ Bluetooth ᠷᠠᠳᠢᠣ᠋ ᠪᠣᠯᠤᠨ ᠦᠨᠳᠦᠰᠦᠨ ᠵᠤᠷᠪᠤᠰ ᠫᠷᠣᠲ᠋ᠣᠻᠣᠯ ᠪᠠᠭᠳᠠᠨ᠎ᠠ᠃ ᠦᠨᠳᠦᠰᠦᠨ ᠵᠤᠷᠪᠤᠰ ᠨᠢ ᠪᠠᠰᠠ ᠥᠭᠭᠥᠭᠳᠡᠯ ᠬᠣᠯᠪᠣᠯᠲᠠ ᠶᠢᠨ ᠳᠠᠪᠬᠤᠷᠭ᠎ᠠ ᠳᠤ ᠣᠷᠣᠳᠠᠭ᠃ ᠷᠠᠳᠢᠣ᠋ ᠭᠡᠳᠡᠭ ᠨᠢ ᠷᠠᠳᠢᠣ᠋ ᠳᠣᠯᠭᠢᠶᠠᠨ ᠤ ᠹᠢᠽᠢᠻ ᠪᠦᠲᠦᠴᠡ᠂ ᠳᠣᠯᠭᠢᠶᠠᠨ ᠳᠠᠮᠵᠢᠭᠤᠯᠬᠤ ᠲᠣᠳᠣᠷᠬᠠᠶ᠋ᠢᠯᠠᠮᠵᠢ ᠨᠤᠭᠤᠳ ᠢ (specifications) ᠲᠣᠭᠲᠠᠭᠠᠳᠠᠭ ᠹᠢᠽᠢᠻ ᠳᠠᠪᠬᠤᠷᠭ᠎ᠠ ᠶᠢᠨ ᠳᠦᠢᠴᠡᠬᠦ ᠫᠷᠣᠲ᠋ᠣᠻᠣᠯ ᠶᠤᠮ᠃ ᠡᠨᠡᠬᠦ ᠫᠷᠣᠲ᠋ᠣᠻᠣᠯ ᠨᠢ ᠠᠭᠠᠷ ᠤᠨ ᠢᠨ᠍ᠲ᠋ᠧᠷᠹᠧᠢᠢᠰ᠂ ᠦᠶᠡᠯᠵᠡᠯ ᠦᠨ ᠵᠤᠷᠪᠤᠰ ᠤᠳ᠂ ᠦᠶᠡᠯᠵᠡᠯ ᠰᠣᠯᠢᠬᠤ ᠲᠣᠳᠣᠷᠬᠠᠶ᠋ᠢᠯᠠᠮᠵᠢ᠂ ᠮᠣᠳᠦ᠋ᠯᠢᠶᠠᠼ ᠤᠨ ᠠᠷᠭᠠᠴᠢᠯᠠᠯ ᠢ ᠲᠣᠭᠲᠤᠭᠠᠨᠠ᠃ ᠦᠨᠳᠦᠰᠦᠨ ᠵᠤᠷᠪᠤᠰ ᠪᠤᠶᠤ Baseband ᠫᠷᠣᠲ᠋ᠣᠻᠣᠯ ᠨᠢ ᠷᠠᠳᠢᠣ᠋ ᠫᠷᠣᠲ᠋ᠣᠻᠣᠯ ᠤᠨ ᠦᠢᠯᠡᠴᠢᠯᠡᠭᠡ ᠶᠢ ᠠᠪᠬᠤ ᠪᠠ ᠬᠠᠶᠢᠭᠯᠠᠬᠤ ᠪᠦᠳᠦᠭᠦᠪᠴᠢ᠂ ᠪᠠᠭᠴᠠ ᠶᠢᠨ ᠬᠦᠷᠢᠶᠡᠨ ᠦ ᠹᠣᠷᠮᠠᠲ᠋᠂ ᠬᠠᠮ ᠴᠠᠭᠴᠢᠯᠠᠯ (timing)᠂ ᠴᠢᠳᠠᠯ ᠤᠨ ᠤᠳᠤᠷᠢᠳᠤᠯᠭ᠎ᠠ ᠶᠢᠨ ᠠᠯᠭ᠌ᠣᠷᠢᠲ᠋ᠮ ᠦᠳ ᠢ ᠲᠣᠳᠣᠷᠬᠠᠶ᠋ᠢᠯᠠᠳᠠᠭ᠃ ᠥᠭᠭᠥᠭᠳᠡᠯ ᠬᠣᠯᠪᠣᠯᠲᠠ ᠶᠢᠨ ᠳᠠᠪᠬᠤᠷᠭ᠎ᠠ ᠪᠤᠶᠤ Data Link Layer – ᠡᠭᠦᠨ ᠳᠦ ᠦᠨᠳᠦᠰᠦᠨ ᠵᠤᠷᠪᠤᠰ᠂ ᠬᠣᠯᠪᠣᠯᠲᠠ ᠶᠢᠨ ᠤᠳᠤᠷᠢᠳᠤᠯᠭ᠎ᠠ ᠶᠢᠨ ᠫᠷᠣᠲ᠋ᠣᠻᠣᠯ (LMP)᠂ ᠯᠣᠭᠢᠻ ᠬᠣᠯᠪᠣᠯᠲᠠ ᠶᠢᠨ ᠬᠢᠨᠠᠯᠲᠠ᠂ ᠠᠳᠠᠫᠲ᠋ᠠᠼ ᠤᠨ ᠫᠷᠣᠲ᠋ᠣᠻᠣᠯ (L2CAP) ᠪᠠᠭᠲᠠᠨ᠎ᠠ᠃ ᠬᠣᠯᠪᠣᠯᠲᠠ ᠶᠢᠨ ᠤᠳᠤᠷᠢᠳᠤᠯᠭ᠎ᠠ ᠶᠢᠨ ᠫᠷᠣᠲ᠋ᠣᠻᠣᠯ ᠪᠤᠶᠤ Link Manager Protocol (LMP) ᠨᠢ Bluetooth ᠲᠥᠬᠥᠭᠡᠷᠦᠮᠵᠢ ᠨᠦᠭᠦᠳ ᠦᠨ ᠬᠣᠭᠣᠷᠣᠨᠳᠣ ᠯᠣᠭᠢᠻ ᠬᠣᠯᠪᠣᠯᠲᠠ ᠲᠣᠭᠲᠠᠭᠠᠵᠤ᠂ ᠬᠠᠷᠢᠯᠴᠠᠭ᠎ᠠ ᠬᠣᠯᠪᠣᠭ᠎ᠠ ᠶᠠᠪᠤᠭᠳᠠᠬᠤ ᠨᠥᠬᠥᠴᠡᠯ ᠢ ᠦᠷᠭᠦᠯᠵᠢᠯᠡᠭᠦᠯᠦᠨ ᠬᠠᠩᠭᠠᠳᠠᠭ᠃ ᠡᠨᠡᠬᠦ ᠫᠷᠣᠲ᠋ᠣᠻᠣᠯ ᠤᠨ ᠪᠠᠰᠠ ᠨᠢᠭᠡ ᠭᠣᠣᠯ ᠡᠭᠦᠷᠭᠡ ᠨᠢ ᠲᠥᠬᠦᠭᠡᠷᠦᠮᠵᠢ ᠶᠢ ᠲᠠᠨᠢᠨ ᠪᠠᠲᠤᠯᠠᠭᠠᠵᠢᠭᠤᠯᠬᠤ᠂ ᠮᠡᠳᠡᠭᠡᠯᠡᠯ ᠢ ᠨᠢᠭᠤᠴᠠᠯᠠᠨ ᠻᠣᠲᠯᠠᠬᠤ᠂ ᠪᠠᠭᠴᠠ ᠶᠢᠨ ᠬᠡᠮᠵᠢᠶ᠎ᠡ ᠶᠢ ᠬᠠᠷᠢᠯᠴᠠᠨ ᠲᠣᠬᠢᠷᠠᠯᠴᠠᠬᠤ ᠠᠵᠢᠯᠯᠠᠭ᠎ᠠ ᠶᠤᠮ᠃ ᠯᠣᠭᠢᠻ ᠬᠣᠯᠪᠣᠯᠲᠠ ᠶᠢᠨ ᠬᠢᠨᠠᠯᠲᠠ᠂ ᠠᠳᠠᠫᠲ᠋ᠠᠼᠢ ᠶᠢᠨ ᠫᠷᠣᠲ᠋ᠣᠻᠣᠯ ᠪᠤᠶᠤ Logical Link Control and Adaptation Protocol (L2CAP) ᠨᠢ ᠳᠡᠭᠡᠳᠦ ᠳᠠᠪᠬᠤᠷᠭ᠎ᠠ ᠶᠢᠨ ᠬᠦᠷᠢᠶ᠎ᠡ ᠪᠣᠯᠤᠨ ᠦᠨᠳᠦᠰᠦᠨ ᠵᠤᠷᠪᠤᠰ ᠤᠨ ᠳᠠᠪᠬᠤᠷᠭ᠎ᠠ ᠶᠢᠨ ᠬᠦᠷᠢᠶᠡᠨ ᠦ ᠹᠣᠷᠮᠠᠲ ᠤᠨ ᠨᠡᠶ᠋ᠢᠴᠡᠯ ᠢ ᠲᠣᠭᠲᠠᠭᠠᠨ᠎ᠠ᠃ L2CAP ᠨᠢ ᠬᠣᠯᠪᠣᠯᠲᠠ ᠳ᠋ᠤ ᠲᠦᠰᠢᠭᠯᠡᠭᠰᠡᠨ ᠦᠢᠯᠡᠴᠢᠯᠡᠭᠡ ᠪᠣᠯᠤᠨ ᠬᠣᠯᠪᠣᠯᠲᠠ ᠦᠭᠡᠢ ᠦᠢᠯᠡᠴᠢᠯᠡᠭᠡ ᠶᠢ ᠳᠡᠮᠵᠢᠯᠭᠡ ᠪᠡᠷ ᠬᠠᠩᠭᠠᠳᠠᠭ᠃ ᠳᠤᠮᠳᠠ ᠵᠠᠪᠰᠠᠷ ᠤᠨ ᠳᠠᠪᠬᠤᠷᠭ᠎ᠠ ᠪᠤᠶᠤ Middleware Layer – ᠡᠭᠦᠨ ᠳᠦ ᠷᠠᠳᠢᠣ᠋ ᠦᠶᠡᠯᠵᠡᠯ ᠦᠨ ᠬᠣᠯᠪᠣᠭᠠᠨ ᠤ ᠫᠷᠣᠲ᠋ᠣᠻᠣᠯ (RFComm)᠂ ᠵᠢᠭᠡᠯᠡᠳᠦᠮᠡᠯ ᠫᠷᠣᠲ᠋ᠣᠻᠣᠯ᠂ SDP ᠪᠣᠯᠤᠨ AT ᠻᠣᠮᠠᠨ᠍ᠳ᠋ ᠤᠳ ᠪᠠᠭᠲᠠᠨ᠎ᠠ᠃ RFComm ᠭᠡᠳᠡᠭ ᠨᠢ Radio Frequency Communication ᠭᠡᠰᠡᠨ ᠲᠣᠪᠴᠢᠯᠠᠯ ᠪᠢᠯᠡ᠃ ᠡᠨᠡ ᠫᠷᠣᠲ᠋ᠣᠻᠣᠯ ᠨᠢ ᠤᠲᠠᠰᠤ ᠦᠭᠡᠢ ᠬᠠᠨᠳᠤᠯᠲᠠ ᠶᠢᠨ ᠫᠷᠣᠲ᠋ᠣᠻᠣᠯ ᠲᠠᠢ (WAP) ᠴᠤᠪᠤᠭ᠎ᠠ (serial) ᠢᠨ᠍ᠲ᠋ᠧᠷᠹᠧᠢᠢᠰ ᠲᠣᠭᠲᠠᠭᠠᠳᠠᠭ᠃ ᠵᠢᠭᠡᠯᠡᠳᠦᠮᠡᠯ ᠫᠷᠣᠲ᠋ᠣᠻᠣᠯ ᠪᠤᠶᠤ Adopted Protocols ᠨᠢ ᠪᠤᠰᠤᠳ ᠨᠡᠶ᠋ᠢᠲᠡᠯᠢᠭ ᠵᠠᠭᠪᠤᠷ ᠠᠴᠠ ᠵᠢᠭᠡᠯᠡᠳᠦᠭᠰᠡᠨ ᠫᠷᠣᠲ᠋ᠣᠻᠣᠯ ᠤᠳ ᠶᠤᠮ᠃ Bluetooth ᠬᠣᠯᠪᠣᠭᠠᠨ ᠳᠤ ᠲᠦᠭᠡᠮᠡᠯ ᠵᠢᠭᠡᠯᠡᠳᠳᠡᠭ ᠫᠷᠣᠲ᠋ᠣᠻᠣᠯ ᠤᠳ ᠨᠢ ᠴᠡᠭ ᠡᠴᠡ ᠴᠡᠭ ᠫᠷᠣᠲ᠋ᠣᠻᠣᠯ (PPP)᠂ ᠢᠨ᠍ᠲ᠋ᠧᠷᠨᠧᠲ ᠫᠷᠣᠲ᠋ᠣᠻᠣᠯ (IP)᠂ ᠬᠡᠷᠡᠭᠯᠡᠭᠴᠢ ᠶᠢᠨ ᠥᠭᠭᠥᠭᠳᠡᠯ ᠪᠢᠴᠢᠯᠭᠡ ᠶᠢᠨ ᠫᠷᠣᠲ᠋ᠣᠻᠣᠯ (UDP)᠂ ᠳᠠᠮᠵᠢᠭᠤᠯᠤᠯᠲᠠ ᠬᠢᠨᠠᠯᠲᠠ ᠶᠢᠨ ᠫᠷᠣᠲ᠋ᠣᠻᠣᠯ (TCP)᠂ ᠤᠲᠠᠰᠤ ᠦᠭᠡᠢ ᠬᠠᠨᠳᠤᠯᠲᠠ ᠶᠢᠨ ᠫᠷᠣᠲ᠋ᠣᠻᠣᠯ (WAP) ᠶᠤᠮ᠃ ᠦᠢᠯᠡᠴᠢᠯᠡᠭᠡ ᠢᠯᠡᠷᠡᠭᠦᠯᠬᠦ ᠫᠷᠣᠲ᠋ᠣᠻᠣᠯ (SDP) ᠨᠢ ᠲᠥᠬᠥᠭᠡᠷᠦᠮᠵᠢ ᠶᠢᠨ ᠮᠡᠳᠡᠭᠡᠯᠡᠯ ᠭᠡᠬᠦ ᠮᠡᠲᠦ ᠦᠢᠯᠡᠴᠢᠯᠡᠭᠡ ᠲᠡᠢ ᠬᠣᠯᠪᠣᠭ᠎ᠠ ᠲᠠᠢ ᠯᠠᠪᠯᠠᠭᠠᠭ᠎ᠠ ᠶᠢ (queries) ᠵᠣᠬᠢᠴᠠᠭᠤᠯᠵᠤ᠂ ᠥᠷᠢᠰᠦᠯᠳᠦᠨ ᠪᠤᠢ Bluetooth ᠲᠥᠬᠥᠭᠡᠷᠦᠮᠵᠢ ᠨᠦᠭᠦᠳ ᠦᠨ ᠬᠣᠭᠣᠷᠣᠨᠳᠣ ᠬᠣᠯᠪᠣᠯᠲᠠ ᠲᠣᠭᠲᠠᠭᠠᠬᠤ ᠨᠥᠬᠥᠴᠡᠯ ᠢ ᠬᠠᠩᠭᠠᠳᠠᠭ᠃ AT Commands ᠭᠡᠳᠡᠭ ATtention ᠻᠣᠮᠠᠨ᠍ᠳ᠋ ᠤᠨ ᠪᠠᠭᠴᠠ ᠶᠤᠮ᠃ ᠬᠡᠷᠡᠭᠯᠡᠭᠡᠨ ᠦ ᠫᠷᠣᠭ᠌ᠷᠠᠮ ᠤᠨ ᠳᠠᠪᠬᠤᠷᠭ᠎ᠠ ᠨᠢ ᠬᠡᠷᠡᠭᠯᠡᠭᠴᠢ Bluetooth ᠍ ᠤᠨ ᠬᠡᠷᠡᠭᠯᠡᠭᠡᠨ ᠦ ᠫᠷᠣᠭ᠌ᠷᠠᠮ ᠲᠠᠢ ᠬᠠᠷᠢᠴᠠᠬᠤ ᠪᠣᠯᠤᠮᠵᠢ ᠶᠢ ᠪᠦᠷᠢᠳᠦᠭᠦᠯᠬᠦ ᠬᠡᠷᠡᠭᠯᠡᠭᠡᠨ ᠦ ᠫᠷᠣᠭ᠌ᠷᠠᠮ ᠤᠨ ᠲᠣᠳᠣᠷᠬᠠᠶ᠋ᠢᠯᠠᠯᠲᠠ ᠮᠡᠳᠡᠭᠡᠯᠡᠯ ᠢ ᠠᠭᠤᠯᠠᠳᠠᠭ᠃<ref name=":0" />

Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width