Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
Bluetooth
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
== ᠬᠡᠷᠡᠭᠯᠡᠭᠡ ==
{| class="wikitable" |+ |[[File:EQ-3 CC-RT-BLE-EQ-9829.jpg|align: top|thumb|center]] |style = "height: 110px;"|ᠤᠰᠤᠨ ᠬᠠᠯᠠᠭᠠᠭᠤᠷ ᠤᠨ ᠳᠤᠯᠠᠭᠠᠨ ᠲᠣᠬᠢᠷᠠᠭᠤᠯᠤᠭᠴᠢ ᠨᠢ Bluetooth ᠠᠰᠢᠭᠯᠠᠨ ᠭᠠᠷ ᠤᠲᠠᠰᠤ ᠪᠠᠷ ᠳᠠᠮᠵᠢᠭᠤᠯᠤᠨ ᠲᠣᠬᠢᠷᠠᠭᠤᠯᠬᠤ ᠪᠠᠯᠤᠮᠵᠢ ᠲᠠᠢ᠃ ᠭᠡᠷᠮᠠᠨ ᠤᠨ eQ-3 ᠻᠣᠮᠫᠠᠨᠢ ᠢᠢᠨ ᠪᠦᠲᠦᠭᠡᠭᠳᠡᠬᠦᠨ᠃ |}
Bluetooth ᠍ ᠤᠨ ᠭᠣᠣᠯ ᠬᠡᠷᠡᠭᠯᠡᠭᠡᠨ ᠳ᠋ᠦ ᠤᠲᠠᠰᠤ ᠦᠭᠡᠢ ᠬᠣᠯᠪᠣᠭ᠎ᠠ᠂ ᠥᠭᠭᠥᠭᠳᠡᠯ ᠢ ᠴᠠᠬᠢᠮ ᠲᠥᠬᠥᠭᠡᠷᠦᠮᠵᠢ ᠨᠦᠭᠦᠳ ᠦᠨ ᠬᠣᠭᠣᠷᠣᠨᠳᠣ ᠤᠲᠠᠰᠤ ᠦᠭᠡᠢ ᠳᠠᠮᠵᠢᠭᠤᠯᠬᠤ᠂ ᠴᠠᠬᠢᠮ ᠲᠣᠭᠠᠴᠠᠭᠠᠯᠠᠭᠤᠷ ᠤᠨ ᠵᠠᠬ᠎ᠠ ᠶᠢᠨ ᠲᠥᠬᠥᠭᠡᠭᠦᠮᠵᠢ ᠨᠦᠭᠦᠳ ᠦᠨ ᠤᠲᠠᠰᠤ ᠦᠭᠡᠢ ᠬᠣᠯᠪᠣᠬᠤ ᠵᠡᠷᠭᠡ ᠢᠢ ᠳᠤᠷᠳᠠᠵᠤ ᠪᠣᠯᠤᠨ᠎ᠠ᠃ ᠡᠨᠡᠬᠦ ᠲᠧᠻᠨᠣᠯᠣᠭᠢ ᠨᠢ ᠮᠠᠰᠢ ᠣᠯᠠᠨ ᠴᠢᠭᠯᠡᠯ ᠳᠦ ᠴᠢᠬᠤᠯᠠ ᠬᠡᠷᠡᠭᠯᠡᠭᠡ ᠲᠡᠢ᠃<ref name=":1">Applications, Advantages, Disadvantages of Bluetooth. ETechnoG 2019. https://www.etechnog.com/2019/05/application-advantage-bluetooth.html</ref>

'''ᠤᠲᠠᠰᠤ ᠦᠭᠡᠢ ᠬᠣᠯᠪᠣᠭ᠎ᠠ''' ᠬᠣᠶᠠᠷ ᠴᠠᠬᠢᠮ ᠲᠥᠬᠥᠭᠡᠷᠦᠮᠵᠢ᠂ ᠵᠢᠱᠢᠶᠡᠯᠡᠪᠡᠯ ᠬᠣᠶᠠᠷ ᠭᠠᠷ ᠤᠲᠠᠰᠤ᠂ Bluetooth ᠠᠰᠢᠭᠯᠠᠨ ᠬᠣᠭᠣᠷᠣᠨᠳᠣ ᠪᠠᠨ ᠤᠲᠠᠰᠤ ᠦᠭᠡᠢ ᠬᠣᠯᠪᠣᠭᠳᠠᠵᠤ ᠪᠣᠯᠤᠨ᠎ᠠ᠃ ᠮᠥᠨ ᠪᠣᠭᠣᠨᠢ ᠵᠠᠢ ᠳᠤ ᠲᠦᠷᠢ ᠬᠣᠯᠪᠣᠭᠠᠨ ᠤ ᠵᠣᠷᠢᠯᠭ᠎ᠠ ᠪᠠᠷ ᠠᠰᠢᠭᠯᠠᠵᠤ ᠪᠣᠯᠳᠠᠭ᠃ '''ᠥᠭᠭᠥᠭᠳᠡᠯ ᠳᠠᠮᠵᠢᠭᠤᠯᠬᠤ''' Bluetooth ᠍ ᠢ ᠠᠰᠢᠭᠯᠠᠨ ᠭᠠᠷ ᠤᠲᠠᠰᠤ᠂ ᠴᠠᠬᠢᠮ ᠲᠣᠭᠠᠴᠠᠭᠠᠯᠠᠭᠤᠷ᠂ ᠵᠥᠭᠡᠭᠡᠪᠦᠷᠢ ᠶᠢᠨ ᠻᠣᠮᠫᠢᠶᠦ᠋ᠲ᠋ᠧᠷ ᠭᠡᠬᠦ ᠮᠡᠲᠦ ᠲᠥᠬᠥᠭᠡᠷᠦᠮᠵᠢ ᠨᠦᠭᠦᠳ ᠦᠨ ᠬᠣᠭᠣᠷᠣᠨᠳᠣ ᠥᠭᠭᠥᠭᠳᠡᠯ ᠳᠠᠮᠵᠢᠭᠤᠯᠳᠠᠭ᠃ ᠮᠥᠨ ᠡᠨᠡᠬᠦ ᠲᠧᠻᠨᠣᠯᠣᠭᠢ ᠶᠢ ᠠᠰᠢᠭᠯᠠᠨ ᠪᠣᠳᠠᠲᠤ ᠴᠠᠭ ᠢᠢᠠᠷ (real-time) ᠳᠠᠭᠤ ᠠᠪᠢᠶ᠎ᠠ ᠪᠠ ᠥᠭᠭᠥᠭᠳᠡᠯ ᠢ ᠳᠠᠮᠵᠢᠭᠤᠯᠬᠤ ᠪᠣᠯᠤᠮᠵᠢ ᠲᠠᠢ᠃ ᠲᠤᠬᠠᠶ᠋ᠢᠯᠠᠪᠠᠯ ᠳᠠᠭᠤᠤ ᠪᠢᠴᠢᠯᠭᠡ᠂ ᠵᠢᠷᠤᠭ᠂ ᠳᠦᠷᠰᠦ ᠪᠢᠴᠢᠯᠭᠡ ᠶᠢ ᠬᠢᠯᠪᠠᠷᠬᠠᠨ ᠳᠠᠮᠵᠢᠭᠤᠯᠵᠤ ᠪᠣᠯᠳᠠᠭ᠃ '''ᠴᠠᠬᠢᠮ ᠲᠣᠭᠠᠴᠠᠭᠠᠯᠠᠭᠤᠷ ᠤᠨ ᠵᠠᠬ᠎ᠠ ᠶᠢᠨ ᠲᠥᠬᠥᠭᠡᠷᠦᠮᠵᠢ''' Bluetooth ᠍ ᠢ ᠠᠰᠢᠭᠯᠠᠨ ᠣᠭᠣᠲᠣᠨ᠎ᠠ᠂ ᠭᠠᠷ᠂ ᠴᠢᠩᠭ᠎ᠠ ᠶᠠᠷᠢᠭᠴᠢ᠂ ᠬᠡᠪᠯᠡᠭᠴᠢ ᠭᠡᠬᠦ ᠮᠡᠲᠦ ᠵᠠᠬ᠎ᠠ ᠶᠢᠨ ᠲᠥᠬᠥᠭᠡᠷᠦᠮᠵᠢ ᠶᠢ ᠴᠠᠬᠢᠮ ᠲᠣᠭᠠᠴᠠᠭᠠᠯᠠᠭᠤᠷ ᠲᠤ ᠤᠲᠠᠰᠤ ᠦᠭᠡᠢ ᠬᠣᠯᠪᠣᠵᠤ ᠪᠣᠯᠳᠠᠭ᠃ ᠴᠠᠬᠢᠮ ᠲᠣᠭᠯᠠᠭᠠᠮ ᠲᠣᠭᠯᠠᠬᠤ ᠦᠶ᠎ᠡ ᠳᠦ ᠤᠲᠠᠰᠤ ᠦᠭᠡᠢ ᠭᠠᠷ ᠠᠰᠢᠭᠯᠠᠵᠤ ᠲᠣᠭᠯᠠᠬᠤ ᠨᠢ ᠢᠯᠡᠭᠦᠦ ᠲᠠᠭᠠᠲᠠᠢ ᠪᠠᠶ᠋ᠢᠳᠠᠭ ᠪᠠ ᠡᠭᠦᠨ ᠳᠦ ᠮᠥᠨ ᠯᠠ Bluetooth ᠍ ᠢ ᠠᠰᠢᠭᠯᠠᠳᠠᠭ᠃ '''ᠤᠲᠠᠰᠤ ᠦᠭᠡᠢ ᠴᠢᠬᠢᠪᠴᠢ''' ᠤᠲᠠᠰᠤ ᠦᠭᠡᠢ ᠴᠢᠬᠢᠪᠴᠢᠨ ᠳᠦ Bluetooth ᠠᠰᠢᠭᠯᠠᠭᠳᠠᠳᠠᠭ᠃ ᠮᠥᠨ ᠤᠲᠠᠰᠤ ᠦᠭᠡᠢ ᠴᠢᠬᠢᠪᠴᠢ ᠨᠢ ᠤᠲᠠᠰᠤᠨ ᠤ ᠳᠠᠭᠤᠳᠠᠯᠭ᠎ᠠ ᠬᠦᠯᠢᠶᠡᠨ ᠠᠪᠬᠤ᠂ ᠳᠠᠭᠤᠨ ᠤ ᠴᠢᠩᠭ᠎ᠠ ᠰᠤᠯᠠ ᠶᠢ ᠲᠤᠬᠢᠷᠠᠭᠤᠯᠬᠤ ᠭᠡᠬᠦ ᠵᠡᠷᠭᠡ ᠦᠢᠯᠡᠳᠦᠯ ᠢ ᠭᠦᠢᠴᠡᠳᠭᠡᠬᠦ ᠪᠣᠯᠤᠮᠵᠢ ᠲᠠᠢ ᠲᠣᠨᠣᠭᠯᠠᠭᠳᠠᠭᠰᠠᠨ ᠪᠠᠶ᠋ᠢᠳᠠᠭ᠃ '''ᠭᠡᠷ ᠠᠬᠤᠢ ᠶᠢᠨ ᠠᠦ᠋ᠲ᠋ᠣᠮᠠᠲ᠋ᠴᠢᠯᠠᠯ''' ᠭᠡᠷ ᠠᠬᠤᠢ ᠶᠢᠨ ᠠᠦ᠋ᠲ᠋ᠣᠮᠠᠲ᠋ᠴᠢᠯᠠᠯ ᠪᠣᠯ Bluetooth ᠍ ᠤᠨ ᠬᠡᠷᠡᠭᠯᠡᠭᠡᠨ ᠦ ᠨᠢᠭᠡ ᠰᠣᠨᠢᠷᠬᠠᠯ ᠲᠠᠢ ᠴᠢᠭᠯᠡᠯ ᠪᠢᠯᠡ᠃ ᠭᠠᠷ ᠤᠲᠠᠰᠤ ᠠᠰᠢᠭᠯᠠᠨ ᠭᠡᠷᠡᠯ᠂ ᠰᠡᠩᠰᠡ ᠵᠡᠷᠭᠡ ᠶᠢ ᠠᠰᠠᠭᠠᠵᠤ ᠤᠨᠲᠠᠷᠠᠭᠠᠵᠤ ᠪᠣᠯᠤᠨ᠎ᠠ᠃ ᠲᠡᠭᠦᠨᠴᠢᠯᠡᠨ ᠳᠠᠭᠤ ᠬᠣᠭᠣᠯᠠᠢ ᠪᠠᠷ ᠤᠳᠤᠷᠢᠳᠬᠤ᠂ ᠤᠲᠠᠰᠤ ᠦᠭᠡᠢ ᠵᠥᠭᠡᠭᠡᠪᠦᠷᠢ ᠶᠢᠨ ᠴᠢᠩᠭ᠎ᠠ ᠶᠠᠷᠢᠭᠴᠢ ᠠᠰᠢᠭᠯᠠᠬᠤ᠂ ᠤᠬᠠᠭᠠᠯᠢᠭ ᠴᠣᠣᠵᠢ ᠬᠡᠷᠡᠭᠯᠡᠬᠦ ᠳᠦ Bluetooth ᠲᠤᠰᠠᠯᠠᠳᠠᠭ᠃
'''ᠲᠥᠬᠥᠭᠡᠷᠦᠮᠵᠢ ᠤᠳᠤᠷᠢᠳᠬᠤ''' Bluetooth ᠲᠧᠻᠨᠣᠯᠣᠭᠢ ᠶᠢ ᠠᠰᠢᠭᠯᠠᠨ ᠨᠢᠭᠡ ᠲᠥᠬᠥᠭᠡᠷᠦᠮᠵᠢ ᠪᠡᠷ ᠨᠥᠭᠥᠭᠡ ᠲᠥᠬᠥᠭᠡᠷᠦᠮᠵᠢ ᠶᠢ ᠤᠳᠤᠷᠢᠳᠳᠠᠭ᠃ ᠵᠢᠱᠢᠶᠡᠯᠡᠪᠡᠯ᠂ ᠭᠠᠷ ᠤᠲᠠᠰᠤ ᠪᠠᠷ ᠴᠠᠬᠢᠮ ᠲᠣᠭᠠᠴᠠᠭᠠᠯᠠᠭᠤᠷ ᠢ ᠤᠳᠤᠷᠢᠳᠴᠤ ᠲᠣᠭᠯᠠᠭᠠᠮ ᠲᠣᠭᠯᠠᠬᠤ᠂ PPT ᠢᠯᠡᠳᠬᠡᠯ ᠦᠨ ᠬᠠᠭᠤᠳᠠᠰᠤ ᠶᠢ ᠰᠣᠯᠢᠬᠤ ᠵᠡᠷᠭᠡ ᠪᠡᠷ ᠠᠵᠢᠯᠯᠠᠵᠤ ᠪᠣᠯᠳᠠᠭ᠃ ᠡᠳᠡᠭᠡᠷ ᠦᠢᠯᠡ ᠠᠵᠢᠯᠯᠠᠭᠠᠨ ᠳᠤ ᠵᠣᠷᠢᠭᠤᠯᠤᠭᠰᠠᠨ ᠬᠡᠷᠡᠭᠯᠡᠭᠡᠨ ᠦ ᠫᠷᠣᠭᠷᠠᠮ ᠤᠳ ᠪᠠᠰᠠ ᠪᠢᠴᠢᠭᠳᠡᠭᠰᠡᠨ ᠪᠠᠶ᠋ᠢᠳᠠᠭ᠃<ref name=":1" />
'''ᠪᠤᠰᠤᠳ ᠬᠡᠷᠡᠭᠯᠡᠭᠡ'''
1᠃ ᠡᠮᠨᠡᠯᠭᠡ ᠶᠢᠨ ᠲᠣᠨᠣᠭ ᠲᠥᠬᠥᠭᠡᠷᠦᠮᠵᠢ ᠳᠦ᠃
2᠃ ᠵᠠᠮ ᠤᠨ ᠬᠥᠳᠡᠯᠭᠡᠭᠡᠨ ᠦ ᠬᠢᠨᠠᠯᠲᠠ ᠶᠢᠨ ᠲᠥᠬᠥᠭᠡᠷᠦᠮᠵᠢ ᠳᠦ᠃
3᠃ ᠳᠣᠲᠣᠭᠠᠳᠤ ᠰᠦᠯᠵᠢᠶᠡᠨ ᠦ ᠰᠢᠰᠲ᠋ᠧᠮ ᠳᠦ᠃
4᠃ ᠬᠥᠳᠡᠯᠭᠡᠭᠡᠨ ᠳᠦ ᠵᠦᠢᠯ ᠳᠦ ᠬᠡᠮᠵᠢᠯᠲᠡ ᠬᠢᠬᠦ ᠭᠡᠬᠦ ᠵᠡᠷᠭᠡ ᠬᠡᠮᠵᠢᠭᠦᠷ ᠬᠡᠷᠡᠭᠰᠡᠯ ᠦᠳ ᠲᠦ᠃<ref name=":1" />

Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width