D ᠠᠮᠢᠨ ᠳᠡᠮ

Wikibilig-с

D ᠠᠮᠢᠨ ᠳᠡᠮ[засварлах | кодоор засварлах]

ᠬᠢᠮᠢ ‍ᠢᠢᠨ ᠪᠦᠲᠦᠴᠡ (Cholecalciferol-3d)

D ᠠᠮᠢᠨ ᠳᠡᠮ ᠨᠢ ᠪᠡᠶ ᠎‍ᠡ᠋ ᠮᠠᠬᠠᠪᠤᠳ ‍ᠣᠨ ᠻᠠᠯᠼᠢ (calcium)᠂ ᠮᠠᠭᠨᠢ (magnesium)᠂ ᠹᠣᠰᠹᠣᠷ (phosphorus) ᠬᠦᠴᠢᠯ ‍ᠦᠨ ᠦᠯᠡᠳᠡᠭᠳᠡᠯ ᠵᠡᠷᠭᠡ ᠪᠣᠳᠠᠰ ‍ᠤᠨ ᠰᠣᠯᠢᠯᠴᠠᠭᠠᠨ ‍ᠢ ᠵᠣᠬᠢᠴᠠᠭᠤᠯᠳᠠᠭ᠂ ᠲᠣᠰᠤᠨ ‍ᠳᠤ ᠠᠭᠤᠰᠳᠠᠭ ᠪᠦᠯᠦᠭ ‍ᠦᠨ ᠠᠮᠢᠨ ᠳᠡᠮ ᠮᠦᠨ ᠪᠣᠯᠣᠢ᠃
ᠬᠦᠮᠦᠨ ᠪᠢᠳᠡᠨ ‍ᠳᠦ ᠬᠠᠮᠤᠭ ‍ᠤᠨ ᠴᠢᠬᠤᠯᠠ D ᠠᠮᠢᠨ ᠳᠡᠮ ᠨᠢ D3᠎ ᠠᠮᠢᠨ ᠳᠡᠮ (ᠦᠭᠡᠷ᠎‍ ‍ᠡ᠋ ᠪᠠᠷ ᠻᠣᠯᠧᠻᠠᠯᠼᠢᠹᠧᠷᠣᠯ (cholecalciferol)) ᠬᠢᠭᠡᠳ D᠎2 ᠠᠮᠢᠨ ᠳᠡᠮ (ᠦᠭᠡᠷ ‍ᠡ᠋ ᠪᠠᠷ ᠡᠧᠷᠭᠣᠻᠠᠯᠼᠢᠹᠧᠷᠣᠯ (ergocalciferol)) ᠶᠣᠮ᠃

ᠠᠷᠠᠰᠤᠨ ‍ᠤ ᠳᠣᠣᠷᠠᠳᠤ ᠳᠠᠪᠬᠤᠷᠭ᠎‍᠎‍ᠠ᠋ ‍ᠳᠤ ᠨᠠᠷᠠᠨ ‍ᠤ ᠴᠠᠴᠤᠷᠠᠭ ᠡᠴᠡ ᠬᠠᠮᠢᠶᠠᠷᠣᠯᠳᠤ (ᠨᠡᠩ ᠢᠯᠠᠩᠭᠤᠶ᠎᠎‍ ‍ᠠ᠋ ᠬᠡᠲᠦ ᠶᠠᠭᠠᠨ ᠲᠤᠶᠠᠭ᠎‍᠎‍ᠠ᠋) ᠤᠷᠪᠠᠯ ‍ᠢᠢᠠᠷ ᠻᠣᠯᠧᠻᠠᠯᠼᠢᠹᠧᠷᠣᠯ ‍ᠢ ᠨᠡᠶ᠋ᠢᠯᠡᠭᠵᠢᠭᠦᠯᠳᠡᠭ᠌᠃
ᠻᠣᠯᠧᠻᠠᠯᠼᠢᠹᠧᠷᠣᠯ᠂ ᠡᠧᠷᠭᠣᠻᠠᠯᠼᠢᠹᠧᠷᠣᠯ ‍ᠢ ᠬᠦᠨᠡᠰᠦᠨ ‍ᠦ ᠨᠡᠮᠡᠯᠲᠡ ᠪᠠᠷ ᠮᠦᠨ ᠠᠪᠴᠤ ᠪᠣᠯᠳᠠᠭ᠃
ᠵᠦᠪᠬᠡᠨ ᠵᠠᠷᠢᠮ ᠬᠦᠨᠡᠰᠦᠨ᠎‍ᠡ᠋ D ᠠᠮᠢᠨ ᠳᠡᠮ ᠢᠯᠡᠭᠦᠦ ᠶᠡᠬᠡ ᠪᠤᠢ᠂ ᠲᠤᠬᠠᠢᠢᠯᠠᠪᠠᠰᠤ᠄ ᠵᠢᠭᠠᠰᠤ᠃
ᠮᠦᠨ ᠬᠡᠲᠦ ᠶᠠᠭᠠᠨ ᠲᠤᠶᠠᠭᠠᠨ ‍ᠳᠤ ᠪᠠᠢᠢᠭᠰᠠᠨ ᠮᠦᠭᠦ ᠲᠤᠰ ᠠᠮᠢᠨ ᠳᠡᠮ ‍ᠦᠨ ᠭᠣᠣᠯ ᠡᠬᠢ ᠡᠭᠦᠰᠪᠦᠷᠢ ᠪᠣᠯᠤᠶᠣ᠃ ᠭᠠᠳᠠᠨ᠎‍ᠠ᠋ ᠡᠴᠡ ᠠᠪᠤᠭᠰᠠᠨ D ᠠᠮᠢᠨ ᠳᠡᠮ ᠨᠢ ᠪᠢᠣᠯᠣᠭᠢ ‍ᠢᠢᠨ ᠬᠤᠪᠢ ‍ᠳᠤ ᠢᠳᠡᠪᠬᠢ ᠦᠭᠡᠢ᠃
D ᠠᠮᠢᠨ ᠳᠡᠮ ‍ᠢ ᠢᠳᠡᠪᠬᠢᠵᠢᠭᠦᠯᠬᠦ ‍ᠢᠢᠨ ᠲᠤᠯᠠᠳᠠ ᠲᠤᠰᠬᠠᠢ ᠢᠰᠬᠡᠭᠦᠷ (ᠡᠧᠨ᠋ᠽᠢᠮ) ᠤᠰᠤᠵᠢᠭᠤᠯᠬᠤ ᠶᠣᠰᠤ ᠲᠠᠢ᠃
ᠲᠤᠰ ᠤᠰᠤᠵᠢᠭᠤᠯᠬᠤ ᠦᠢᠯᠡ ᠶᠠᠪᠤᠴᠠ ᠡᠯᠢᠭᠡ ᠬᠢᠭᠡᠳ ᠪᠦᠭᠡᠷᠡᠨ ‍ᠳᠦ ᠶᠠᠪᠤᠭᠳᠠᠳᠠᠭ᠃
ᠬᠦᠬᠦᠲᠡᠨ ᠠᠮᠢᠲᠠᠳ ᠲᠤ ᠬᠡᠷᠪᠡ ᠨᠠᠷᠠᠨ ‍ᠤ ᠭᠡᠷᠡᠯ ᠬᠠᠩᠭᠠᠯᠲᠠ ᠲᠠᠢ ᠬᠡᠮᠵᠢᠶᠡᠨ ‍ᠤ ᠪᠠᠢᠢᠪᠠᠯ ᠠᠷᠠᠰᠤᠨ ᠳᠣᠣᠷ᠋᠎‍ ‍ᠠ᠋ ᠡᠭᠦᠰᠳᠡᠭ᠃
ᠠᠮᠢᠨ ᠳᠡᠮ ᠨᠡᠢᠢᠯᠡᠭᠵᠢᠬᠦ ᠦᠭᠡᠢ ᠪᠣᠯ ᠡᠭᠦᠨ ‍ᠢ ᠪᠢᠳᠡ ᠠᠮᠢᠨ ᠳᠡᠮ ᠬᠡᠬᠦ ᠦᠭᠡᠢ ᠬᠠᠷᠢᠨ 〔〔D-ᠡᠬᠡ ᠠᠮᠢᠨ ᠳᠡᠮ ᠳᠠᠭᠠᠭᠠᠪᠤᠷᠢ〕〕 ᠬᠡᠮᠡᠮᠦᠢ᠃
ᠠᠷᠠᠰᠤᠨ ‍ᠳᠤ ᠡᠭᠦᠰᠳᠡᠭ ᠪᠢᠣᠯᠣᠭᠢ ‍ᠢᠢᠨ ᠢᠳᠡᠪᠬᠢᠲᠡᠢ D ᠠᠮᠢᠨ ᠳᠡᠮ ‍ᠢ ᠻᠠᠯᠼᠢᠲ᠋ᠷᠢᠣᠯ ᠭᠡᠨ᠎‍ᠡ᠋᠃

ᠻᠣᠯᠧᠻᠠᠯᠼᠢᠹᠧᠷᠣᠯ ᠨᠢ ᠡᠯᠢᠭᠡᠨ ‍ᠳᠦ ᠣᠴᠢᠵᠦ ᠻᠠᠯᠼᠢᠹᠧᠳᠢᠣᠯ (25-ᠾᠢᠳ᠋ᠷᠣᠻᠰᠢᠻᠣᠯᠧᠻᠠᠯᠼᠢᠹᠧᠷᠣᠯ᠄ 25-hydroxycholecalciferol) ᠪᠣᠯᠵᠤ᠂ ᠡᠧᠷᠭᠣᠻᠠᠯᠼᠢᠹᠧᠷᠣᠯ ᠨᠢ 25-ᠾᠢᠳᠷᠣᠻᠰᠢᠧᠷᠭᠣᠻᠠᠯᠼᠹᠧᠷᠣᠯ (25-hydroxyergocalciferol) ᠪᠣᠯᠵᠤ ᠬᠤᠪᠢᠷᠠᠳᠠᠭ ᠪᠢᠯᠡ᠃
ᠭᠠᠭᠴᠠᠬᠦ ᠡᠨᠡ ᠬᠣᠶᠠᠷ ᠪᠣᠳᠠᠰ ‍ᠤᠨ ᠲᠣᠭ᠋᠎‍ᠠ᠋ ᠬᠡᠮᠵᠢᠶᠡᠨ ‍ᠳᠦ ᠦᠨᠳᠦᠰᠦᠯᠦᠨ ᠬᠦᠮᠦᠨ ‍ᠦ ᠪᠡᠶ ‍ᠡ᠋ ᠲᠣᠳᠤᠷᠬᠠᠢᠯᠠᠳᠠᠭ ᠶᠣᠮ᠃
ᠻᠠᠯᠼᠢᠹᠧᠳᠢᠣᠯ (25-ᠾᠢᠳ᠋ᠷᠣᠻᠰᠢᠻᠣᠯᠧᠻᠠᠯᠼᠢᠹᠧᠷᠣᠯ) ᠨᠢ ᠴᠢᠨᠠᠭᠰᠢ ᠪᠦᠭᠡᠷᠡᠨ ‍ᠳᠦ ᠪᠢᠣᠯᠣᠭᠢ ‍ᠢᠢᠨ ᠢᠳᠡᠪᠬᠢᠲᠡᠢ ᠬᠡᠯᠪᠡᠷᠢ᠂ ᠻᠠᠯᠼᠢᠲ᠋ᠷᠢᠣᠯ ᠎ᠳ᠋ᠤ ᠬᠤᠪᠢᠷᠠᠳᠠᠭ᠃
ᠻᠠᠯᠼᠢᠲ᠋ᠷᠢᠣᠯ ᠴᠢᠨᠠᠭᠰᠢ ᠪᠡᠶ ‍ᠡ᠋ ‍ᠢᠢᠨ ᠳᠣᠲᠤᠭᠠᠳᠤ ᠣᠷᠴᠢᠨ᠆ ᠵᠢᠷᠦᠬᠡ ᠰᠤᠳᠠᠰᠤᠨ ‍ᠤ ᠲᠣᠭᠲᠠᠯᠴᠠᠭ᠎‍ᠠ᠋ ᠪᠠᠷ ᠡᠷᠬᠢᠭᠡᠯᠳᠦᠨ ᠪᠡᠶ ‍ᠡ᠋ ᠮᠠᠬᠠᠪᠤᠳ ‍ᠤᠨ ᠻᠠᠯᠼᠢ ᠂ ᠹᠣᠰᠹᠣᠷ ᠬᠦᠴᠢᠯ ‍ᠦᠨ ᠦᠯᠡᠳᠡᠭᠳᠡᠯ ‍ᠢ ᠵᠣᠬᠢᠴᠠᠭᠤᠯᠵᠦ᠂ ᠶᠠᠰᠤᠨ ‍ᠤ ᠬᠡᠪ ‍ᠤᠨ ᠦᠰᠦᠯᠲᠤ ᠲᠣᠢᠯᠵᠢᠯᠲᠠ ‍ᠢ ᠲᠡᠳᠬᠦᠨ ᠳᠡᠮᠵᠢᠳᠡᠭ ᠠᠵᠤᠭᠤ᠃
ᠻᠠᠯᠼᠢᠲ᠋ᠷᠢᠣᠯ ᠦᠭᠡᠷ᠎ ‍᠎‍ᠡ᠋ ᠡᠭᠦᠷᠭᠡ ᠲᠡᠢ ᠪᠠ ᠲᠣᠪᠴᠢ ᠳᠤᠷᠠᠳᠪᠠᠰᠤ᠄ ᠡᠰ ‍ᠦᠨ ᠦᠰᠦᠯᠲᠡ ᠳ᠋ᠦ ᠨᠦᠯᠦᠭᠡᠯᠡᠬᠦ᠂ ᠮᠡᠳᠡᠷᠡᠯ ᠆ ᠪᠤᠯᠴᠢᠩ ‍ᠤᠨ ᠦᠢᠯᠡ ‍ᠢ ᠵᠣᠬᠢᠴᠠᠭᠤᠯᠬᠤ᠂ ᠮᠦᠨ ᠦᠷᠪᠢᠰᠤᠯ ‍ᠢ ᠪᠠᠭᠤᠷᠠᠭᠤᠯᠬᠤ ᠨᠦᠯᠦᠭᠡ ᠲᠡᠢ᠃