Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
ᠻᠸᠠᠨ᠍ᠲ ᠰᠦᠯᠡᠯᠳᠦᠭᠡᠨ
(хэсэгчилэн)
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!
= ᠲᠤᠷᠰᠢᠯᠲᠠ ᠰᠤᠳᠤᠯᠭᠠᠨ ᠡᠴᠡ =
{| class="wikitable" |+ |[[File:Alain Aspect experiment 1981 diagram.svg|thumb]] |style = "height: 250px;"|ᠠᠯᠶ᠋᠋ᠢᠨ ᠠᠰᠫᠢᠻᠲAlain Aspect ᠍ ᠦᠨ 1981 ᠣᠨ ᠤ ᠲᠤᠷᠰᠢᠯᠲᠠ ᠶᠢᠨ ᠪᠦᠳᠦᠭᠦᠪᠴᠢ᠃
ᠺᠸᠠᠨᠲ ᠰᠦᠯᠡᠯᠳᠦᠭᠡᠨ ᠳᠦ ᠤᠷᠤᠰᠢᠬᠤ ᠹᠣᠲ᠋ᠣᠨ ᠨᠤᠭᠤᠳ ᠳᠡᠭᠡᠷ᠎ᠡ ᠬᠢᠭᠰᠡᠨ ᠲᠤᠷᠰᠢᠯᠲᠠ᠃
S - ᠹᠣᠲ᠋ᠣᠨ ᠨᠤᠭᠤᠳ ᠤᠨ ᠡᠬᠢ ᠡᠭᠦᠰᠪᠦᠷᠢ ᠂ ᠲᠡᠭᠦᠨ ᠦ ᠨᠡᠶᠢᠲᠡ ᠰᠫᠢᠨ ᠨᠢ ᠲᠡᠭ ᠲᠡᠢ ᠲᠡᠩᠴᠡᠭᠦᠦ
a ᠪᠠ b - ᠨᠢᠻᠣᠯᠢ ᠢᠢᠨ ᠢᠷᠮᠡᠭᠲᠦ ᠲᠣᠯᠢ (prism)
D+ ᠪᠠ D - ᠲᠤᠶᠢᠯᠰᠢᠷᠠᠯ ᠢᠯᠡᠷᠡᠭᠦᠯᠬᠦ ᠲᠥᠬᠥᠭᠡᠷᠦᠮᠵᠢ
R - ᠪᠢᠴᠢᠯᠭᠡ ᠬᠢᠬᠦ ᠲᠥᠬᠥᠭᠡᠷᠦᠮᠵᠢ |}
ᠠᠯᠶ᠋᠋ᠢᠨ ᠠᠰᠫᠢᠻᠲAlain Aspect᠂ ᠵᠣᠾᠨ ᠻᠯᠠᠦᠰᠢᠷJohn Clauser᠂ ᠠᠨ᠍ᠲ᠋ᠣᠨ ᠽᠠᠶ᠋᠋ᠢᠯᠢᠨᠭᠡᠷAnton Zeilinger ᠨᠠᠷ ᠻᠸᠠᠨ᠍ᠲ ᠰᠦᠯᠡᠯᠳᠦᠭᠡᠨ ᠦ ᠴᠢᠭᠯᠡᠯ ᠢᠢᠡᠷ ᠬᠢᠭᠰᠡᠨ ᠠᠵᠢᠯ ᠢᠢᠠᠷ ᠢᠢᠠᠨ 2022 ᠣᠨ ᠤ ᠨᠣᠪᠧᠯ ᠤᠨ ᠱᠠᠩᠨᠠᠯ ᠬᠦᠷᠲᠡᠭᠰᠡᠨ ᠪᠢᠯᠡ᠃ ᠡᠳᠡᠭᠡᠷ ᠡᠷᠳᠡᠮᠲᠡᠨ ᠦ ᠲᠤᠷᠰᠢᠯᠲᠠ ᠰᠤᠳᠤᠯᠭ᠎ᠠ ᠨᠢ ᠻᠸᠠᠨ᠍ᠲ ᠲᠦᠪᠰᠢᠨ ᠳᠦ ᠡᠭᠡᠯ ᠪᠥᠭᠡᠮᠰ ᠦᠨ ᠵᠠᠩ ᠴᠢᠨᠠᠷ ᠢ ᠲᠠᠨᠢᠨ ᠮᠡᠳᠡᠬᠦ ᠳᠦ ᠴᠢᠬᠤᠯᠠ ᠬᠤᠪᠢ ᠨᠡᠮᠡᠷᠢ ᠪᠣᠯᠤᠭᠰᠠᠨ ᠲᠡᠳᠦᠢ ᠦᠭᠡᠢ [[ᠻᠸᠠᠨ᠍ᠲ ᠲᠣᠭᠠᠴᠠᠯᠠᠯ|ᠻᠸᠠᠨ᠍ᠲ ᠲᠣᠭᠠᠴᠠᠭᠠᠯᠠᠯ]]᠂ ᠨᠢᠭᠤᠴᠠ ᠪᠢᠴᠢᠭᠯᠡᠯ ᠳᠦ (cryptography) ᠳᠣᠷᠪᠢᠲᠠᠢ ᠨᠦᠯᠦᠭᠡᠯᠡᠬᠦ ᠠᠴᠢ ᠬᠣᠯᠪᠣᠭᠳᠠᠯ ᠲᠠᠢ ᠠᠵᠢᠯ ᠪᠣᠯᠤᠭᠰᠠᠨ᠃ ᠡᠨᠡ ᠭᠤᠷᠪᠠᠨ ᠡᠷᠳᠡᠮᠲᠡᠨ ᠦ ᠰᠤᠳᠤᠯᠭ᠎ᠠ ᠻᠸᠠᠨ᠍ᠲ ᠮᠧᠬᠠᠨᠢᠭ ᠤᠨ ᠬᠠᠴᠢᠷᠬᠠᠯᠲᠠᠢ [[ᠻᠸᠠᠨ᠍ᠲ ᠮᠧᠻᠠᠨᠢᠭ ᠊ᠤᠨ ᠦᠨᠳᠦᠰᠦᠨ ᠵᠠᠷᠴᠢᠮ ᠊ᠤᠳ|ᠣᠨᠣᠯ ᠤᠨ ᠮᠥᠷᠳᠡᠯᠭᠡ ᠨᠦᠭᠦᠳ ᠢ]] ᠪᠠᠲᠤᠯᠠᠭᠰᠠᠨ ᠤ ᠳᠡᠭᠡᠷ᠎ᠡ ᠪᠠᠶ᠋ᠢᠭᠠᠯ ᠤᠨ ᠰᠠᠭᠤᠷᠢ ᠦᠨᠡᠨ ᠢ ᠻᠸᠠᠨ᠍ᠲ ᠲᠦᠪᠰᠢᠨ ᠳᠦ ᠰᠤᠳᠤᠯᠵᠤ ᠰᠢᠨᠵᠢᠯᠡᠬᠦ ᠰᠢᠨ᠎ᠡ ᠴᠢᠭᠯᠡᠯ ᠦᠳ ᠢ ᠨᠡᠭᠡᠭᠡᠵᠦ ᠥᠭᠭᠦᠭᠰᠡᠨ ᠪᠠᠶ᠋ᠢᠨ᠎ᠠ᠃ ᠡᠳᠡᠭᠡᠷ ᠡᠴᠡ ᠵᠣᠾᠨ ᠻᠯᠠᠦᠰᠢᠷJohn Clauser ᠍ ᠤᠨ ᠰᠤᠳᠤᠯᠭ᠎ᠠ ᠪᠧᠯᠯ ᠦᠨ ᠲᠡᠩᠴᠡᠳᠬᠡᠯ ᠪᠢᠰᠢ ᠶᠢ (Bell᠋'s inequalities) ᠲᠤᠷᠰᠢᠯᠲᠠ ᠪᠠᠷ ᠰᠢᠯᠭᠠᠬᠤ ᠰᠠᠭᠤᠷᠢ ᠶᠢ ᠲᠠᠯᠪᠢᠭᠰᠠᠨ᠃ ᠪᠧᠯᠯ ᠦᠨ ᠲᠡᠩᠴᠡᠳᠬᠡᠯ ᠪᠢᠰᠢ ᠨᠢ ᠰᠦᠯᠡᠯᠳᠦᠭᠰᠡᠨ ᠪᠥᠭᠡᠮᠰ ᠦᠨ ᠬᠡᠮᠵᠢᠯᠲᠡ ᠶᠢᠨ ᠤᠶᠠᠯᠳᠤᠭ᠎ᠠ ᠻᠣᠷᠷᠧᠯᠠᠼ ᠢ ᠳᠦᠷᠰᠦᠯᠡᠭᠰᠡᠨ ᠮᠠᠲ᠋ᠧᠮᠠᠲ᠋ᠢᠻ ᠢᠯᠡᠷᠬᠡᠶ᠋ᠢᠯᠡᠯ ᠪᠢᠯᠡ᠃<ref>Whitney Clavin. Proving that Quantum Entanglement is Real. ''Caltech'' 2022/09/20 https://www.caltech.edu/about/news/proving-that-quantum-entanglement-is-real</ref> ᠲᠡᠭᠦᠨ ᠦ ᠲᠤᠷᠰᠢᠯᠲᠠ ᠨᠤᠭᠤᠳ ᠨᠢ ᠻᠸᠠᠨ᠍ᠲ ᠮᠧᠬᠠᠨᠢᠭ ᠤᠨ ᠪᠠᠶ᠋᠋ᠢᠷᠢᠨ ᠪᠤᠰᠤ (non-local) ᠴᠢᠨᠠᠷ ᠢ ᠪᠠᠲᠤᠯᠠᠬᠤ ᠳᠤ ᠰᠢᠢᠳᠪᠦᠷᠢᠯᠡᠬᠦ ᠠᠴᠢ ᠬᠣᠯᠪᠣᠭᠳᠠᠯ ᠲᠠᠢ᠃ ᠡᠨᠡ ᠨᠢ ᠪᠥᠭᠡᠮᠰ ᠰᠣᠩᠭᠣᠳᠠᠭ ᠹᠢᠽᠢᠻ ᠦᠨ ᠡᠭᠦᠳᠡᠨ ᠡᠴᠡ ᠲᠠᠶ᠋ᠢᠯᠪᠤᠷᠢᠯᠠᠬᠤ ᠪᠣᠯᠤᠮᠵᠢ ᠦᠭᠡᠢ ᠠᠷᠭ᠎ᠠ ᠵᠠᠮ ᠢᠢᠠᠷ ᠬᠠᠷᠢᠯᠴᠠᠨ ᠬᠣᠯᠪᠣᠭᠳᠠᠭᠰᠠᠨ ᠪᠠᠶ᠋ᠢᠵᠤ ᠪᠣᠯᠤᠨ᠎ᠠ ᠭᠡᠰᠡᠨ ᠦᠭᠡ᠃ ᠠᠯᠶ᠋᠋ᠢᠨ ᠠᠰᠫᠢᠻᠲAlain Aspect ᠍ ᠤᠨ 1980 ᠍ ᠊ᠭᠠᠳ ᠣᠨ ᠤ ᠦᠶ᠎ᠡ ᠶᠢᠨ ᠲᠤᠷᠰᠢᠯᠲᠠ ᠻᠸᠠᠨ᠍ᠲ ᠰᠦᠯᠡᠯᠳᠦᠭᠡᠨ ᠦ ᠬᠠᠮᠤᠭ ᠤᠨ ᠲᠣᠳᠣᠷᠬᠠᠢ ᠨᠣᠲᠠᠯᠠᠭ᠎ᠠ ᠪᠣᠯᠤᠭᠰᠠᠨ᠃ ᠡᠨᠡ ᠡᠷᠳᠡᠮᠲᠡᠨ ᠻᠯᠠᠦᠰᠢᠷ ᠦᠨClauser ᠰᠠᠨᠠᠭᠠᠨ ᠨᠤᠭᠤᠳ ᠲᠤ ᠲᠤᠯᠭᠠᠭᠤᠷᠢᠯᠠᠨ ᠲᠤᠷᠰᠢᠯᠲᠠ ᠬᠢᠬᠦ ᠳᠦ ᠪᠡᠨ ᠲᠤᠷᠰᠢᠯᠲᠠ ᠶᠢᠨ ᠢᠯᠡᠭᠦᠦ ᠪᠣᠯᠪᠠᠰᠤᠷᠠᠩᠭᠤᠢ ᠠᠷᠭ᠎ᠠ ᠪᠠᠷᠢᠯ ᠢᠢᠠᠷ᠂ ᠪᠣᠯᠵᠣᠰᠢ ᠦᠭᠡᠢ ᠠᠯᠳᠠᠭ᠎ᠠ ᠶᠢ ᠬᠠᠰᠤᠬᠤ ᠪᠠᠶ᠋ᠢᠳᠠᠯ ᠢᠢᠠᠷ ᠬᠢᠵᠦ᠂ ᠻᠸᠠᠨ᠍ᠲ ᠮᠧᠻᠠᠨᠢᠭ ᠤᠨ ᠮᠥᠷᠳᠡᠯᠭᠡ ᠨᠦᠭᠦᠳ ᠢ ᠪᠠᠲᠤᠯᠠᠭᠰᠠᠨ ᠪᠢᠯᠡ᠃ ᠠᠯᠶ᠋᠋ᠢᠨ ᠠᠰᠫᠢᠻᠲAlain Aspect ᠍ ᠤᠨ ᠪᠠᠭ ᠪᠧᠯᠯ ᠦᠨ ᠲᠡᠩᠴᠡᠳᠬᠡᠯ ᠪᠢᠰᠢ ᠶᠢ ᠲᠤᠷᠰᠢᠯᠲᠠ ᠶᠢᠨ ᠠᠷᠭ᠎ᠠ ᠪᠠᠷ ᠰᠢᠯᠭᠠᠭᠰᠠᠨ ᠪᠠ ᠰᠦᠯᠡᠯᠳᠦᠭᠡᠨ ᠳᠦ ᠤᠷᠤᠰᠢᠬᠤ ᠪᠥᠭᠡᠮᠰ ᠦᠨ ᠬᠠᠷᠢᠯᠴᠠᠨ ᠤᠶᠠᠯᠳᠤᠭ᠎ᠠ ᠨᠢ ᠰᠣᠩᠭᠣᠳᠠᠭ ᠹᠢᠽᠢᠻ ᠦᠨ ᠬᠦᠷᠢᠶᠡᠨ ᠦ ᠲᠥᠰᠥᠭᠡᠯᠡᠯ ᠡᠴᠡ ᠬᠦᠴᠦᠲᠡᠢ ᠤᠶᠠᠯᠳᠤᠭ᠎ᠠ ᠪᠠᠶ᠋ᠢᠳᠠᠭ ᠢ ᠪᠠᠲᠤᠯᠠᠭᠰᠠᠨ᠃ ᠠᠯᠶ᠋᠋ᠢᠨ ᠠᠰᠫᠢᠻᠲAlain Aspect ᠲᠤᠷᠰᠢᠯᠲᠠ ᠪᠠᠷ ᠢᠢᠠᠨ ᠫᠾᠣᠲᠣᠨ ᠭᠡᠬᠦ ᠮᠡᠲᠦ ᠪᠥᠭᠡᠮᠰ ᠢ ᠰᠦᠯᠡᠯᠳᠦᠭᠦᠯᠦᠭᠡᠳ᠂ ᠲᠡᠳᠡᠭᠡᠷ ᠦᠨ ᠲᠤᠶ᠋ᠢᠯᠰᠢᠷᠠᠯ ᠭᠡᠬᠦ ᠮᠡᠲᠦ ᠲᠣᠳᠣᠷᠬᠠᠢ ᠦᠵᠡᠭᠦᠯᠦᠯᠲᠡ ᠨᠦᠭᠦᠳ ᠢ ᠬᠡᠮᠵᠢᠵᠡᠢ᠃<ref>Aspect experiment. Oxford Reference. ᠬᠠᠨᠳᠤᠭᠰᠠᠨ 2024/09/02<nowiki/>https://www.oxfordreference.com/display/10.1093/oi/authority.20110803095429178</ref> ᠰᠦᠯᠡᠯᠳᠦᠭᠰᠡᠨ ᠪᠥᠭᠡᠮᠰ ᠦᠨ ᠬᠡᠮᠵᠢᠯᠲᠡ ᠨᠦᠭᠦᠳ ᠢ ᠬᠠᠷᠢᠴᠠᠭᠤᠯᠵᠤ ᠦᠵᠡᠭᠡᠳ᠂ ᠪᠧᠯᠯ ᠦᠨ ᠲᠡᠩᠴᠡᠳᠬᠡᠯ ᠪᠢᠰᠢ ᠪᠡᠷ ᠲᠣᠭᠲᠠᠭᠰᠠᠨ ᠬᠢᠵᠠᠭᠠᠷ ᠢ ᠵᠥᠷᠢᠴᠡᠭᠰᠡᠨ ᠬᠠᠷᠢᠯᠴᠠᠨ ᠤᠶᠠᠯᠳᠤᠭ᠎ᠠ ᠠᠵᠢᠭᠯᠠᠯᠳᠤᠵᠤ ᠪᠠᠶ᠋ᠢᠭ᠎ᠠ ᠶᠢ ᠦᠵᠡᠭᠦᠯᠦᠭᠰᠡᠨ᠃ ᠡᠭᠦᠪᠡᠷ᠂ ᠰᠦᠯᠡᠯᠳᠦᠭᠰᠡᠨ ᠪᠥᠭᠡᠮᠰ ᠦᠨ ᠦᠵᠡᠭᠳᠡᠯ ᠢ ᠳᠠᠩ ᠰᠣᠩᠭᠣᠳᠠᠭ ᠹᠢᠽᠢᠻ ᠦᠨ ᠡᠭᠦᠳᠡᠨ ᠡᠴᠡ ᠲᠠᠶ᠋ᠢᠯᠪᠤᠷᠢᠯᠠᠬᠤ ᠪᠣᠯᠤᠮᠵᠢ ᠦᠭᠡᠢ ᠶᠢ ᠬᠠᠷᠠᠭᠤᠯᠵᠤ᠂ ᠻᠸᠠᠨ᠍ᠲ ᠮᠧᠬᠠᠨᠢᠭ ᠤᠨ ᠮᠥᠷᠳᠡᠯᠭᠡ ᠨᠦᠭᠦᠳ ᠢ ᠪᠠᠲᠤᠯᠠᠭᠰᠠᠨ ᠪᠠᠶ᠋ᠢᠨ᠎ᠠ᠃ ᠠᠨ᠍ᠲ᠋ᠣᠨ ᠽᠠᠶ᠋᠋ᠢᠯᠢᠨᠭᠡᠷAnton Zeilinger ᠳᠡᠭᠡᠷᠡᠬᠢ ᠠᠵᠢᠯ ᠤᠨ ᠣᠯᠤᠯᠲᠠ ᠳᠤ ᠰᠠᠭᠤᠷᠢᠯᠠᠵᠤ᠂ ᠲᠤᠷᠰᠢᠯᠲᠠ ᠶᠢᠨ ᠬᠦᠷᠢᠢ᠎ᠡ ᠶᠢ ᠲᠡᠯᠡᠵᠦ᠂ ᠻᠸᠠᠨ᠍ᠲ ᠰᠦᠯᠡᠯᠳᠦᠭᠡᠨ ᠦ ᠬᠢᠯᠢ ᠬᠢᠵᠠᠭᠠᠷ ᠢ ᠥᠷᠭᠡᠳᠬᠡᠭᠰᠡᠨ ᠪᠠᠶ᠋ᠢᠨ᠎ᠠ. ᠻᠸᠠᠨ᠍ᠲ ᠰᠦᠯᠡᠯᠳᠦᠭᠡᠨ ᠢ ᠢᠯᠡᠭᠦᠦ ᠬᠣᠯᠠ ᠵᠠᠢ ᠳᠤ ᠲᠤᠷᠰᠢᠵᠤ᠂ ᠲᠤᠷᠰᠢᠯᠲᠠᠨ ᠳᠤ ᠪᠠᠨ ᠭᠡᠷᠡᠯ ᠦᠨ ᠪᠥᠭᠡᠮᠰ ᠪᠣᠯᠬᠤ ᠫᠾᠣᠲ᠋ᠣᠨ᠂ ᠲᠡᠷᠡ ᠪᠠᠶ᠋ᠢᠲᠤᠭᠠᠢ ᠮᠣᠯᠧᠻᠤᠯ ᠵᠡᠷᠭᠡ ᠨᠡᠶ᠋ᠢᠯᠡᠮᠡᠯ ᠪᠥᠭᠡᠮᠰ ᠢ ᠬᠠᠮᠤᠷᠤᠭᠤᠯᠵᠠᠢ᠃ ᠽᠠᠶ᠋᠋ᠢᠯᠢᠨᠭᠡᠷZeilinger ᠍ ᠤᠨ ᠰᠤᠳᠤᠯᠭᠠᠨ ᠤ ᠨᠢᠭᠡᠨ ᠣᠨᠴᠠᠭᠤᠢ ᠣᠯᠤᠯᠲᠠ ᠨᠢ ᠻᠸᠠᠨ᠍ᠲ ᠲᠧᠯᠧᠫᠣᠷᠲ᠋ᠠᠼteleportation ᠍ ᠦᠨ ᠲᠤᠷᠰᠢᠯᠲᠠ ᠪᠣᠯᠤᠨ᠎ᠠ᠃<ref>Anton Zeilinger. Quantum Teleportation. Österreichische Akademie der Wissenschaften 2007 https://www.oeaw.ac.at/fileadmin/Institute/IQOQI-Vienna/PDF/publications-zeilinger/2007_Quantum_teleportation.pdf</ref> ᠡᠨᠡ ᠨᠢ ᠪᠥᠭᠡᠮ ᠢ ᠥᠪᠡᠷ ᠢ ᠨᠢ ᠵᠥᠭᠡᠬᠦ ᠱᠠᠭᠠᠷᠳᠠᠯᠭ᠎ᠠ ᠦᠭᠡᠢ ᠪᠡᠷ ᠵᠥᠪᠬᠡᠨ ᠲᠡᠭᠦᠨ ᠦ ᠻᠸᠠᠨ᠍ᠲ ᠲᠥᠯᠥᠪ ᠢ ᠠᠯᠤᠰᠯᠠᠭᠳᠠᠭᠰᠠᠨ ᠥᠭᠡᠷ᠎ᠡ ᠪᠥᠭᠡᠮ ᠳᠦ ᠰᠢᠯᠵᠢᠭᠦᠯᠵᠦ ᠪᠠᠶ᠋ᠢᠭ᠎ᠠ ᠬᠡᠷᠡᠭ᠃ ᠡᠨᠡ ᠪᠣᠯ ᠻᠸᠠᠨ᠍ᠲ ᠮᠡᠳᠡᠭᠡᠯᠡᠯ ᠵᠦᠢ ᠶᠢ ᠰᠢᠨ᠎ᠡ ᠱᠠᠲᠤᠨ ᠳᠤ ᠭᠠᠷᠭᠠᠵᠤ᠂ ᠻᠸᠠᠨ᠍ᠲ ᠬᠣᠯᠪᠣᠭ᠎ᠠ᠂ ᠻᠸᠠᠨ᠍ᠲ ᠲᠣᠭᠠᠴᠠᠭᠠᠯᠠᠯ ᠤᠨ ᠰᠠᠯᠪᠤᠷᠢ ᠳᠤ ᠻᠸᠠᠨ᠍ᠲ ᠰᠦᠯᠡᠯᠳᠦᠭᠡᠨ ᠢ ᠠᠰᠢᠭᠯᠠᠬᠤ ᠴᠢᠨᠠᠭᠰᠢᠳᠠ ᠶᠢᠨ ᠪᠣᠯᠤᠮᠵᠢ ᠶᠢ ᠭᠡᠷᠡᠯᠲᠦᠭᠦᠯᠵᠦ ᠥᠭᠭᠦᠭᠰᠡᠨ ᠰᠤᠳᠤᠯᠭ᠎ᠠ ᠪᠣᠯᠵᠠᠢ᠃

Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Toggle limited content width