Jump to content
Үндсэн цэс
Үндсэн цэс
хажуугийн цэсэнд шилжүүлэх
хумих
Залуурдагч
Нүүр хуудас
Сүүлийн өөрчлөлтүүд
Санамсаргүй хуудас
Help about MediaWiki
Wikibilig
Хайлт
Хайх
Бүртгүүлэх
Нэвтрэх
Өөрийн багаж хэрэгслүүд
Бүртгүүлэх
Нэвтрэх
Pages for logged out editors
learn more
Оруулсан хувь нэмэр
Хэлэлцүүлэг
Засварлах:
Sunyata
Хуудас
Хэлэлцүүлэг
монгол
Унших
Засварлах
Кодоор засварлах
Түүх
Хэрэглүүр
Хэрэглүүр
хажуугийн цэсэнд шилжүүлэх
хумих
Үйлдэл
Унших
Засварлах
Кодоор засварлах
Түүх
Ерөнхий
Энд холбогдсон хуудас
Өөрчлөгдчихсөн эсэх
Тусгай хуудсууд
Хуудасны мэдээлэл
Анхаар:
Та нэвтрээгүй байгаа тул ямарваа засвар хийвэл таны IP хаяг нийтэд ил харагдана.
Нэвтэрч орох
эсвэл
шинээр бүртгүүлвэл
таны оруулсан засварууд таны нэр доор бүртгэгддэг давуу талтай.
Anti-spam check. Do
not
fill this in!

=ᠬᠣᠭᠤᠰᠤᠨ ᠴᠢᠨᠠᠷ= __TOC__

==ᠪᠠᠷᠢᠮᠲᠠᠯᠠᠯ==
{{Image |Filename=Reflection in a soap bubble edit.jpg |text=ᠶᠠᠭᠤᠮᠠᠰ ᠦᠵᠡᠭᠳᠡᠯ ᠦ᠋ᠳ ᠦ᠋ᠨ
ᠢᠨᠠᠭᠤᠬᠢ ᠴᠢᠨᠠᠷ ᠨᠢ ᠵᠡᠷᠭᠡᠯᠭᠡ ᠮᠡᠲᠦ ᠬᠠᠭᠤᠷᠮᠠᠭ᠃
ᠴᠢᠨᠠᠭᠤᠬᠢ ᠴᠢᠨᠠᠷ ᠢ ᠮᠡᠳᠡᠭᠦᠰᠢᠲᠡᠢ᠁ }}
'''ᠨᠡᠷ ᠠ᠋ ᠲᠣᠮᠢᠶᠠᠨ ᠤ ᠲᠣᠳᠤᠷᠠᠭᠤᠯᠭ᠍ ᠠ᠋'''᠄
ᠡᠨᠡ ᠨᠡᠢᠢᠲᠡᠯᠡᠯ ᠳ᠋ᠤ "'''ᠨᠣᠮ'''" ᠭᠡᠳᠡᠭ ᠨᠡᠷ ᠠ᠋ ᠲᠣᠮᠢᠶ ᠠ᠋ ᠪᠠᠷ ᠪᠢᠳᠠ᠂ ᠥᠭᠡᠷ ᠠ᠋ ᠪᠡᠷ ᠲᠠᠢᠯᠠᠪᠤᠷᠢᠯᠠᠭᠠᠳᠦᠢ ᠪᠣᠯ᠂ '''ᠠᠯᠢᠪᠠ ᠶᠠᠭᠤᠮᠠᠰ᠂ ᠦᠵᠡᠭᠳᠡᠯ''' ᠦ᠋ᠳ ᠢ ᠢᠯᠡᠷᠬᠡᠢᠢᠯᠡᠮᠦᠢ᠃

ᠬᠣᠭᠣᠰᠤᠨ ᠴᠢᠨᠠᠷ (ᠰᠠᠮᠭᠠᠷᠳᠢ᠄ शून्यता ᠱᠦᠦ ᠨᠶᠠ᠋ ᠲᠠ᠋ ᠠ᠋᠂ ᠲᠥᠪᠡᠳ᠄ སྟོང་པ་ཉིད᠂ ᠭᠠᠯᠢᠭ ᠨᠢ᠄ ᠰᠲᠣᠩ ᠪᠠ ᠨᠶ᠋ᠢᠳ᠋᠂ ᠳᠠᠭᠤᠳᠠᠯᠭ ᠠ᠋ ᠨᠢ᠄ ᠳᠣᠩᠪᠠᠨᠢᠳ) ᠭᠡᠵᠦ ᠪᠤᠷᠬᠠᠨ ᠤ ᠱᠠᠰᠢᠨ ᠠ᠋ ᠲᠥᠪ ᠦᠵᠡᠯ (मध्यमक ᠮᠠ᠋ ᠳ᠋ᠾᠶᠠ᠋ ᠮᠠ᠋ ᠻᠠ) ᠳ᠋ᠡᠬᠢ ᠶᠢᠷᠲᠢᠨᠴᠦ ᠶ᠋ᠢᠨ ᠶᠠᠭᠤᠮ ᠠ᠋ ᠦᠵᠡᠭᠳᠡᠯ<ref>Paul Williams (2008). Mahayana Buddhism: The Doctrinal Foundations. Routledge, 68–69. ISBN 978-1-134-25056-1</ref>᠂ ᠰᠠᠪᠠ ᠰᠢᠮ ᠠ᠋ ᠶ᠋ᠢᠨ ᠠᠮᠢᠳᠤᠷᠠᠯ ᠦ᠋ᠨ ᠬᠤᠪᠢᠰᠬᠤ ᠶᠣᠰᠤ ᠶᠤᠮ᠃ <ref>Christopher W. Gowans (2014). Buddhist Moral Philosophy: An Introduction. Routledge, 69–70. ISBN 978-1-317-65934-1</ref>
ᠬᠠᠮᠤᠭ ᠨᠣᠮ (ᠶᠠᠭᠤᠮᠠᠰ ᠦᠵᠡᠭᠳᠡᠯ ᠦ᠋ᠳ) ᠥᠪᠡᠷ ᠶ᠋ᠢᠡᠨ ᠪᠦᠲᠦᠭᠡᠳᠦᠢ ᠬᠣᠭᠣᠰᠤᠨ ᠴᠢᠨᠠᠷ ᠲᠠᠢ ᠪᠣᠯᠪᠠᠴᠤ ᠶᠢᠷᠲᠢᠨᠴᠦ ᠶ᠋ᠢᠨ ᠲᠣᠮᠢᠶᠠᠯᠠᠯ ᠶ᠋ᠢᠠᠷ ᠪᠦᠲᠦᠳᠡᠭ ᠭᠡᠨ ᠠ᠋᠃
ᠬᠣᠭᠣᠰᠤᠨ ᠴᠢᠨᠠᠷ ᠬᠡᠮᠡᠬᠦ ᠨᠢ ᠣᠭᠲᠠ ᠪᠠᠢᠢᠬᠤ ᠦᠭᠡᠢ ᠬᠣᠭᠣᠰᠤᠨ ᠭᠡᠰᠡᠨ ᠦᠭᠡ ᠪᠤᠰᠤ᠂ ᠨᠣᠮ ᠪᠦᠬᠦᠨ ᠰᠠᠯᠠᠩᠭᠢ ᠪᠤᠰᠤ ᠬᠠᠷᠢᠯᠴᠠᠨ ᠰᠢᠲᠦᠯᠴᠡᠭᠰᠡᠨ ᠬᠠᠷᠢᠴᠠᠩᠭᠤᠢ ᠴᠢᠨᠠᠷ ᠲᠠᠢ ᠣᠷᠣᠰᠢᠨ ᠠ᠋ ᠭᠡᠰᠡᠨ ᠰᠠᠨᠠᠭ ᠠ᠋ ᠶ᠋ᠢ ᠢᠯᠡᠳᠬᠡᠨ ᠠ᠋᠃
ᠬᠠᠷᠢᠴᠠᠩᠭᠤᠢ ᠴᠢᠨᠠᠷ ᠭᠡᠬᠦ ᠶ᠋ᠢ ᠤᠬᠠᠪᠠᠯ ᠨᠣᠮ ᠦ᠋ᠳ ᠪᠠᠢᠢᠩᠭ ᠠ᠋ ᠬᠤᠪᠢᠰᠤᠨ ᠣᠷᠣᠰᠢᠨ ᠠ᠋ ᠭᠡᠳᠡᠭ ᠢ ᠬᠦᠯᠢᠶᠡᠨ ᠵᠥᠪᠰᠢᠶᠡᠷᠡᠭᠰᠡᠨ ᠤᠳᠬ ᠠ᠋ ᠲᠠᠢ ᠪᠣᠯᠤᠨ ᠠ᠋᠃

==ᠪᠢᠯᠢᠭ ᠣᠨ ᠴᠢᠨᠠᠳᠤ ᠳ᠋ᠤ ᠬᠦᠷᠡᠬᠦᠢ ᠰᠤᠳᠤᠷ ᠣᠳ ᠲᠤ== ᠨᠣᠮ ᠦ᠋ᠨ ᠬᠣᠭᠣᠰᠴᠨ ᠴᠢᠨᠠᠷ ᠨᠢ ᠪᠢᠯᠢᠭ ᠦ᠋ᠨ ᠴᠢᠨᠠᠳᠤ ᠳ᠋ᠤ ᠬᠦᠷᠡᠬᠦᠢ ᠰᠤᠳᠤᠷ ᠦ᠋ᠳ ᠳ᠋ᠤ ᠠᠯᠢᠪᠠ ᠨᠣᠮᠰ ᠥᠪᠡᠷ ᠡᠴᠡ ᠪᠡᠨ ᠪᠦᠲᠦᠭᠡᠳᠦᠢ᠂ ᠥᠪᠡᠷ ᠦ᠋ᠨ ᠮᠥᠨ ᠴᠢᠨᠠᠷ ᠡᠴᠡ ᠪᠠᠨ ᠬᠣᠭᠣᠰᠤᠨ᠂ ᠨᠡᠷᠡᠢᠢᠳᠬᠡᠯ ᠲᠡᠳᠦᠢ ᠣᠷᠣᠰᠢᠳᠠᠭ ᠬᠡᠮᠡᠨ ᠰᠤᠷᠭᠠᠳᠠᠭ<ref>Williams, Paul. Buddhist Thought. Routledge, 2000</ref><ref>Williams, Paul. Mahayana Buddhism: The Doctrinal Foundations 2nd edition. Routledge, 2009</ref> ᠡᠳᠡᠭᠡᠷ ᠰᠤᠳᠤᠷ ᠲᠤ ᠳᠤᠷᠠᠳᠬᠤ ᠮᠠᠰᠢᠳᠠ ᠪᠢᠯᠢᠭ ᠬᠡᠮᠡᠬᠦ (ᠰᠠᠮᠭᠠᠷᠳᠢ᠄ प्रज्ञा ᠫᠷᠠᠵᠨ᠍ᠶᠠ᠃ ᠲᠥᠪᠡᠳ᠄ ཤེས་རབ᠂ ᠭᠠᠯᠢᠭ ᠨᠢ᠄ ᠱᠧᠰ ᠷᠠᠪ᠂ ᠳᠠᠭᠤᠳᠠᠯᠭ ᠠ᠋ ᠨᠢ᠄ ᠱᠡᠢᠢᠷᠠᠪ) ᠨᠢ ᠬᠣᠭᠣᠰᠤᠨ ᠴᠢᠨᠠᠷ ᠢ ᠶᠠᠭᠰᠢᠮᠠᠯ ᠪᠤᠰᠤ᠂ ᠭᠦᠨ ᠭᠦᠨᠵᠡᠭᠡᠢ ᠣᠢᠢᠯᠠᠭᠠᠭᠰᠠᠨ ᠢ ᠢᠯᠡᠷᠬᠡᠢᠢᠯᠡᠳᠡᠭ ᠪᠠᠢᠢᠨ᠍ ᠠ᠋᠃ <ref> Williams, Paul. Mahayana Buddhism: The Doctrinal Foundations 2nd edition. Routledge, 2009 </ref>
ᠪᠢᠯᠢᠭ ᠪᠢᠯᠢᠭᠦᠨ ᠦ ᠰᠤᠳᠤᠷ ᠦ᠋ᠳ ᠲᠡᠭᠦᠨᠴᠢᠯᠡᠨ ᠠᠯᠢᠪᠠ ᠶᠠᠭᠤᠮᠠᠰ ᠦᠵᠡᠭᠳᠡᠯ ᠦ᠋ᠨ ᠮᠥᠨ ᠴᠢᠨᠠᠷ ᠬᠣᠭᠣᠰᠤᠨ ᠪᠣᠯᠬᠤ ᠢᠢ ᠲᠠᠢᠢᠯᠪᠤᠷᠢᠯᠠᠬᠤ ᠳ᠋ᠤ ᠪᠠᠨ ᠲᠡᠳᠡᠭᠡᠷ ᠨᠢ ᠶᠧᠯᠸᠢ (माया ᠮᠠ᠋ ᠠ᠋ ᠶᠠ᠋ ᠠ᠋) ᠮᠡᠲᠦ᠂ ᠵᠡᠭᠦᠳᠦ (स्वप्न ᠰᠸᠠᠫᠨᠠ) ᠮᠠᠲᠦ ᠭᠡᠬᠦᠴᠢᠯᠠᠨ ᠣᠯᠠᠨ ᠶᠠᠩᠵᠤ ᠶ᠋ᠢᠨ ᠵᠦᠢᠷᠯᠡᠯ ᠠᠰᠢᠭᠯᠠᠭᠰᠠᠨ ᠪᠠᠢᠢᠳᠠᠭ᠃
ᠬᠠᠮᠤᠭ ᠦ᠋ᠨ ᠡᠷᠲᠡᠨ ᠦ ᠪᠢᠯᠢᠭ ᠪᠢᠯᠢᠭᠦᠨ ᠦ ᠰᠤᠳᠤᠷ ᠦ᠋ᠨ ᠨᠢᠭᠡ ᠪᠣᠯᠬᠤ ᠨᠠᠢᠮᠠᠨ ᠮᠢᠩᠭᠠᠲᠤ (ᠰᠠᠮᠭᠠᠷᠳᠢ᠄ अष्टसाहस्रिकाप्रज्ञापारमितासूत्र ᠠᠱᠲ᠋ᠠᠰᠠᠾᠠᠰᠷᠢᠻᠠ ᠫᠷᠠᠵᠨ᠍ᠶᠠ᠋ ᠠ᠋ ᠫᠠ ᠠ᠋ ᠷᠠᠮᠢᠲ᠋ᠠ᠋ ᠠ᠋ ᠰᠦᠦᠲ᠋ᠷᠠ ᠃ ᠲᠥᠪᠡᠳ᠄ ཤེར་ཕྱིན་བརྒྱད་སྟོང་པ᠂ ᠭᠠᠯᠢᠭ ᠨᠢ᠄ ᠱᠧᠷ ᠫᠶᠢᠨ ᠸᠷᠭᠶᠠᠳ᠋ ᠰᠲ᠋ᠣᠩ ᠪᠠ᠂ ᠳᠠᠭᠤᠳᠠᠯᠭ ᠠ᠋ ᠨᠢ᠄ ᠰᠢᠷᠴᠢᠨ ᠵᠠᠳᠳᠣᠩᠪᠠ) ᠰᠤᠳᠤᠷ ᠲᠤ ᠥᠭᠦᠯᠡᠭᠰᠡᠨ ᠢᠨᠦ᠄

ᠬᠡᠨ ᠪᠡᠷ ᠲᠠᠪᠤᠨ ᠴᠣᠭᠴᠠᠰ ᠢ ᠪᠡᠷ ᠶᠧᠯᠸᠢ ᠮᠡᠲᠦ ᠭᠡᠵᠦ ᠮᠡᠳᠡᠪᠴᠢ ᠶᠧᠯᠸᠢ ᠢ ᠨᠢᠭᠡ ᠵᠦᠢᠯ᠂ ᠲᠠᠪᠤᠨ ᠴᠣᠭᠴᠠᠰ ᠢ ᠥᠭᠡᠷ ᠠ᠋ ᠵᠦᠢᠯ ᠬᠡᠮᠡᠨ ᠵᠠᠭᠠᠭᠯᠠᠬᠤ ᠦᠭᠡᠢ᠂ ᠶᠠᠭᠤᠮᠠᠰ ᠣᠯᠠᠨ ᠬᠡᠮᠡᠨ ᠪᠠᠷᠢᠬᠤ ᠡᠴᠡ ᠬᠠᠭᠠᠴᠠᠪᠠᠰᠤ ᠲᠡᠷᠡ ᠪᠡᠷ ᠠᠮᠤᠭᠤᠯᠠᠩ ᠳ᠋ᠤ ᠣᠳᠮᠤᠢ᠃ ᠡᠨᠡ ᠨᠢ ᠪᠢᠯᠢᠭ ᠦ᠋ᠨ ᠦᠢᠯᠡ ᠳᠡᠭᠡᠳᠦ ᠪᠠᠷᠠᠮᠢᠳᠠ ᠪᠣᠯᠠᠢ᠃<ref>Жадамба судар. Орч. Бугат Л.Алтангэрэл. Улаанбаатар. 2014 он</ref>

ᠨᠣᠮ ᠦ᠋ᠳ ᠢ ᠶᠧᠯᠸᠢ ᠮᠡᠲᠦ ᠬᠡᠮᠡᠨ ᠬᠤᠷᠠᠨ ᠮᠡᠳᠡᠬᠦ ᠶ᠋ᠢ ᠪᠣᠲᠾᠢᠰᠠᠲ᠋ᠲ᠋ᠸᠠ ᠶ᠋ᠢᠨ ᠬᠥ᠋ ᠬᠤᠶᠠᠭ ᠬᠡᠮᠡᠬᠦ ᠪᠠ ᠲᠡᠷᠡᠬᠦ ᠪᠣᠳᠠᠭᠠᠯᠢ ᠶ᠋ᠢ ᠴᠦ ᠮᠥᠨ ᠠᠳᠠᠯᠢ ᠶᠧᠯᠸᠢ ᠶ᠋ᠢᠨ ᠬᠦᠮᠦᠨ ᠬᠡᠮᠡᠨ ᠡ᠋᠃<ref>Orsborn, Matthew Bryan. “Chiasmus in the Early Prajñāpāramitā: Literary Parallelism Connecting Criticism & Hermeneutics in an Early Mahāyāna Sūtra”, University of Hong Kong , 2012 </ref>
ᠸᠴᠢᠷ ᠶ᠋ᠢᠠᠷ ᠣᠭᠲᠤᠯᠤᠭᠴᠢ ᠰᠤᠳᠤᠷ ᠲᠤ ᠬᠤᠷᠠᠨ ᠡᠭᠦᠳᠦᠭᠰᠡᠨ ᠪᠦᠬᠦᠨ ᠢ ᠶᠠᠮᠪᠠᠷ ᠮᠡᠲᠦ ᠦᠵᠡᠬᠦ ᠢ᠄

ᠣᠳᠤ ᠪᠦᠷᠦᠭᠡᠯᠵᠡᠬᠦᠢ᠂ ᠵᠤᠯᠠ ᠬᠢᠭᠡᠳ
ᠶᠧᠯᠸᠢ᠂ ᠰᠢᠭᠦᠳᠡᠷᠢ᠂ ᠤᠰᠤᠨ ᠤ ᠬᠥᠭᠡᠰᠦ᠂
ᠵᠡᠭᠦᠳᠦ᠂ ᠵᠡᠷᠭᠡᠯᠭᠡ᠂ ᠡᠭᠦᠯᠡ ᠮᠡᠲᠦ
ᠬᠤᠷᠠᠨ ᠡᠭᠦᠳᠦᠭᠰᠡᠨ ᠶᠠᠭᠤᠮᠠᠰ ᠲᠡᠷᠡ ᠮᠡᠲᠦ ᠪᠣᠯᠠᠢ

ᠬᠡᠮᠡᠨ ᠠᠢᠢᠯᠠᠳᠤᠭᠰᠠᠨ ᠪᠠᠢᠢᠳᠠᠭ᠃

ᠲᠥᠪᠡᠳ ᠶ᠋ᠢᠡᠷ᠄
{{Horizontal}} སྐར་མ་རབ་རིབ་མར་མེ་དང༌། །
སྒྱུ་མ་ཟིལ་པ་ཆུ་བུར་དང་། །
རྨི་ལམ་གློག་དང་སྤྲིན་ལྟ་བུ། །
འདུས་བྱས་དེ་ལྟར་བལྟ་བར་བྱ། ། {{Z}}

ᠪᠢᠯᠢᠭ ᠪᠢᠯᠢᠭᠦᠨ ᠦ ᠰᠤᠳᠤᠷ ᠦ᠋ᠳ ᠦ᠋ᠨ ᠶᠢᠷᠲᠢᠨᠴᠦ ᠶ᠋ᠢ ᠦᠵᠡᠬᠦ ᠦᠵᠡᠯ ᠳ᠋ᠦ ᠪᠢᠳᠠ ᠶᠢᠷᠲᠢᠨᠴᠦ ᠶ᠋ᠢ ᠲᠣᠳᠤᠷᠬᠠᠶ᠂ ᠰᠠᠯᠤᠩᠭᠢᠳᠠ ᠣᠷᠣᠨobject ᠨᠤᠭᠤᠳ ᠮᠡᠲᠦ ᠪᠡᠷ ᠬᠤᠷᠠᠨ ᠮᠡᠳᠡᠬᠦ ᠪᠣᠯᠪᠠᠴᠤ ᠲᠡᠳᠡᠭᠡᠷ ᠣᠷᠣᠨ ᠨᠢ ᠨᠡᠷᠡᠢᠢᠳᠬᠡᠯ ᠲᠡᠳᠦᠢ ᠣᠷᠣᠰᠢᠵᠤ ᠪᠠᠢᠢᠳᠠᠭ᠂ ᠬᠣᠭᠣᠰᠤᠨ ᠴᠢᠨᠠᠷ ᠲᠠᠢ ᠭᠡᠵᠦ ᠦᠵᠡᠳᠡᠭ ᠪᠠᠢᠢᠨ᠍ ᠠ᠋᠃
ᠡᠨᠡᠬᠦ ᠤᠳᠬ ᠠ᠋ ᠪᠠᠷ ᠶ᠋ᠢᠠᠨ ᠣᠷᠣᠨ ᠨᠤᠭᠤᠳ ᠬᠠᠭᠤᠷᠮᠠᠭ᠂ ᠶᠧᠯᠸᠢ ᠮᠡᠲᠦ ᠠᠵᠤᠭᠤ᠃
ᠪᠢᠯᠢᠭ ᠪᠢᠯᠢᠭᠦᠨ ᠦ ᠰᠤᠳᠤᠷ ᠦ᠋ᠳ ᠥᠪᠡᠷ ᠦ᠋ᠨ ᠵᠦᠭ ᠡᠴᠡ᠂ ᠤᠤᠯ ᠮᠥᠨ ᠴᠢᠨᠠᠷ ᠡᠴᠡ ᠪᠠᠨ ᠣᠷᠣᠰᠢᠳᠠᠭ ᠵᠦᠢᠯ ᠨᠢᠭᠡᠭᠡᠬᠡᠨ ᠪᠡᠷ ᠴᠦ ᠦᠭᠡᠢ ᠭᠡᠰᠡᠨ ᠤᠳᠬ ᠠ᠋ ᠢᠢ ᠣᠯᠠᠨᠲᠠ ᠳᠠᠪᠲᠠᠨ ᠢᠯᠡᠷᠬᠡᠢᠢᠯᠡᠳᠡᠭ᠃
ᠡᠨᠡᠬᠦ ᠬᠣᠭᠣᠰᠤᠨ ᠴᠢᠨᠠᠷ ᠨᠢ ᠪᠤᠷᠬᠠᠨ ᠤ ᠱᠠᠰᠢᠨ ᠤ ᠬᠠᠮᠤᠭ ᠦ᠋ᠨ ᠥᠨᠳᠦᠷ ᠳᠡᠭᠡᠳᠦ ᠪᠠᠷᠢᠮᠲᠠᠯᠠᠯ ᠦ᠋ᠳ ᠪᠣᠯᠬᠤ ᠪᠣᠸᠠᠲᠾᠢᠰᠠᠲ᠋ᠲ᠋ᠸᠠ᠂ ᠪᠣᠸᠠᠲᠾᠢ ᠰᠡᠳᠬᠢᠯ᠂ ᠮᠠᠰᠢᠳᠠ ᠪᠢᠯᠢᠭ ᠭᠡᠬᠦᠴᠢᠯᠡᠨ ᠣᠢᠢᠯᠠᠭᠠᠯᠲᠠ ᠨᠤᠭᠤᠳ ᠲᠦ ᠴᠤ ᠬᠠᠮᠢᠶᠠᠷᠤᠮᠤᠢ᠃ <ref> Williams, Paul. Mahayana Buddhism: The Doctrinal Foundations 2nd edition.Routledge, 2009 </ref>
ᠨᠢᠷᠸᠠᠨ ᠢ ᠴᠦ ᠬᠣᠭᠣᠰᠤᠨ ᠪᠥᠭᠡᠳ ᠵᠡᠭᠦᠳᠡ᠂ ᠶᠧᠯᠸᠢ ᠮᠡᠲᠦ ᠭᠡᠵᠦ ᠨᠣᠮᠯᠠᠳᠠᠭ᠃<ref>Williams, Paul, and Anthony J. Tribe. Buddhist Thought: A Complete Introduction to the Indian Tradition. London: Routledge, 2000 </ref>
ᠬᠣᠵᠢᠮ ᠭᠠᠷᠤᠭᠰᠠᠨ ᠪᠣᠯᠪᠠᠴᠤ ᠠᠯᠳᠠᠷ ᠨᠥᠯᠦᠭᠡ ᠲᠡᠢ ᠪᠢᠯᠢᠭ ᠦ᠋ᠨ ᠴᠢᠨᠠᠳᠤ ᠬᠢᠵᠠᠭᠠᠷ ᠠ᠋ ᠬᠦᠷᠦᠬ᠋ᠰᠡᠨ ᠰᠤᠳᠤᠷ ᠪᠣᠯᠬᠤ ᠵᠢᠷᠦᠬᠡᠨ ᠰᠤᠳᠤᠷ ᠲᠤ ᠲᠠᠪᠤᠨ ᠴᠣᠭᠴᠠᠰ ᠴᠤ (ᠲᠡᠭᠦᠨᠴᠢᠯᠡᠨ ᠲᠠᠪᠤᠨ ᠮᠡᠳᠡᠷᠡᠬᠦᠢ᠂ ᠰᠡᠳᠬᠢᠯ᠂ ᠬᠤᠲᠤᠬᠲᠠᠨ ᠤ ᠳᠥᠷᠪᠡᠨ ᠦᠨᠡᠨ ᠴᠦ) ᠬᠣᠭᠣᠰᠤᠨ ᠬᠡᠮᠡᠨ ᠠᠢᠢᠯᠳᠤᠭᠰᠠᠨ ᠪᠠᠢᠢᠳᠠᠭ᠄

ᠳᠦᠷᠰᠦ ᠬᠣᠭᠣᠰᠤᠨ᠂ ᠬᠣᠭᠣᠰᠤᠨ ᠠᠨᠤ ᠴᠦ ᠳᠦᠷᠰᠦ ᠪᠣᠯᠠᠢ᠃
ᠳᠦᠷᠰᠦ ᠡᠴᠡ ᠲᠤᠰ ᠲᠤ ᠬᠣᠭᠣᠰᠤᠨ ᠦᠭᠡᠢ᠂ ᠬᠣᠭᠣᠰᠤᠨ ᠡᠴᠡ ᠲᠤᠰ ᠲᠤ ᠳᠦᠷᠰᠦ ᠦᠭᠡᠢ᠃<ref>Хутагт ялж төгс нөгцсөн эх билгийн чанадад хүрсэний зүрхэн оршвой. Түвд хэлнээс орчуулсан Ч.Хатанбаатар. Хянан тохиолдуулсан Б.Идэрбаяр. ©Их Хөлгөний Уламжлалыг Хадгалах Төв. УБ 2013</ref>
ᠳᠦᠷᠰᠦ ᠪᠦᠬᠦᠨ ᠬᠣᠭᠣᠰᠤᠨ᠂ ᠬᠣᠭᠣᠰᠤᠨ ᠪᠦᠬᠦᠨ ᠳᠦᠷᠰᠦ ᠪᠣᠯᠠᠢ᠃

ᠬᠡᠮᠡᠨ ᠠᠢᠢᠯᠠᠳᠳᠠᠭ᠃

ᠰᠠᠮᠠᠭᠠᠷᠳᠢ ᠬᠡᠯᠡ ᠪᠡᠷ᠄
{{Horizontal}} रूपं शून्यता, शून्यतैव रूपम्।
रूपान्न पृथक् शून्यता, शून्यताया न पृथग् रूपम्।
यद्रूपं सा शून्यता, या शून्यता तद्रूपम्। {{Z}}

ᠲᠥᠪᠡᠳ ᠬᠡᠯᠡ ᠪᠡᠷ᠄
{{Horizontal}} གཟུགས་སྟོང་པའོ། སྟོང་པ་ཉིད་གཟུགས་སོ།
གཟུགས་ལས་སྟོང་པ་ཉིད་གཞན་མ་ཡིན།
སྟོང་པ་ཉིད་ལས་ཀྱང་གཟུགས་གཞན་མ་ཡིན་ནོ།། {{Z}}

ᠪᠢᠯᠢᠭ ᠦ᠋ᠨ ᠴᠢᠨᠠᠳᠤ ᠬᠢᠵᠠᠭᠠᠷ ᠠ᠋ ᠬᠦᠷᠬᠦᠢ ᠶ᠋ᠢᠨ ᠰᠤᠳᠤᠷ ᠦ᠋ᠳ ᠲᠦ ᠬᠣᠭᠣᠰᠤᠨ ᠴᠢᠨᠠᠷ ᠢ ᠣᠨᠤᠭᠰᠠᠨ ᠪᠢᠯᠢᠭ ᠢᠨᠦ ᠪᠣᠸᠠᠲᠾᠢᠰᠠᠲ᠋ᠲ᠋ᠸᠠ ᠶ᠋ᠢᠨ ᠭᠣᠣᠯ ᠪᠤᠶᠠᠨ ᠭᠡᠵᠦ ᠦᠵᠡᠳᠡᠭ᠃

==ᠲᠥᠪ ᠦᠵᠡᠯ ᠳ᠋ᠤ== ᠲᠥᠪ ᠦᠵᠡᠯ (ᠰᠠᠮᠭᠠᠷᠳᠢ᠌᠄ मध्यमक ᠮᠠᠲᠾᠶᠠᠮᠠᠻᠠ᠂ ᠲᠥᠪᠡᠳ᠄ དབུ་མ, ᠭᠠᠯᠢᠭ ᠨᠢ᠄ ᠳ᠋ᠪᠦ᠋ ᠮᠠ᠋᠂ ᠳᠠᠭᠤᠳᠠᠯᠭ ᠠ᠋ ᠨᠢ᠄ ᠸᠦᠮ ᠠ᠋) ᠪᠣᠯ ᠶᠡᠬᠡ ᠬᠥᠯᠭᠡᠨ ᠦ ᠨᠢᠭᠡᠨ ᠲᠣᠭᠲᠠᠭᠰᠠᠨ ᠲᠠᠭᠠᠯᠠᠯ ᠠᠭᠠᠳ ᠬᠣᠭᠣᠰᠤᠨ ᠴᠢᠨᠠᠷ ᠢ ᠰᠢᠨᠵᠢᠯᠡᠬᠦ ᠳ᠋ᠦ ᠴᠢᠭᠯᠡᠳᠡᠭ᠃
ᠲᠥᠪ ᠦᠵᠡᠯ ᠦ᠋ᠨ ᠤᠯᠠᠮᠵᠢᠯᠠᠯ ᠢ ᠡᠨᠡᠳᠬᠡᠭ ᠦ᠋ᠨ ᠶᠡᠬᠡ ᠰᠡᠳᠬᠢᠭᠴᠢ ᠨᠠᠭᠠᠷᠵᠦ᠋ᠨᠠ (ᠰᠠᠮᠭᠠᠷᠳᠢ᠄ नागार्जुन᠃ ᠲᠥᠪᠡᠳ᠄ མགོན་པ་ཀླུ་སྒྲུབ᠂ ᠭᠠᠯᠢᠭ ᠨᠢ᠄ ᠮᠭᠣᠨ ᠪᠣ ᠻᠯᠦ᠋ ᠰᠭᠷᠦ᠋ᠪ᠂ ᠳᠠᠭᠤᠳᠠᠯᠭ ᠠ᠋ ᠨᠢ᠄ ᠭᠣᠮᠪᠣᠯᠦ᠋ᠳᠦᠪ ) ᠦᠨᠳᠦᠰᠦᠯᠡᠭᠰᠡᠨ ᠭᠡᠵᠦ ᠦᠵᠡᠳᠡᠭ ᠤᠯᠠᠮᠵᠢᠯᠠᠯ ᠲᠠᠢ᠃<ref>Williams, Paul. Buddhist Thought. Routledge, 2000</ref>
ᠨᠠᠭᠠᠷᠵᠦᠨᠠ ᠨᠣᠮᠰ ᠦ᠋ᠨ ᠬᠣᠭᠣᠰᠤᠨ ᠴᠢᠨᠠᠷ ᠢ ᠰᠢᠲᠦᠨ ᠪᠠᠷᠢᠯᠳᠤᠯᠭ ᠠ᠋ ᠲᠠᠢ ᠤᠶᠠᠯᠳᠠᠭᠤᠯᠵᠤ᠂ ᠮᠥᠩᠬᠡ ᠪᠤᠰᠤ ᠬᠢᠭᠡᠳ ᠮᠥᠨ ᠴᠢᠨᠠᠷ ᠡᠴᠡ ᠦᠯᠦ ᠣᠷᠣᠰᠢᠬᠤ ᠶ᠋ᠢ ᠦᠵᠡᠭᠦᠯᠦᠭᠰᠡᠨ᠃<ref>Kalupahana, David J. (1992), The Principles of Buddhist Psychology, Delhi: ri Satguru Publications</ref><ref>Tsondru, Mabja. Ornament of Reason. Snow Lion Publications. 2011</ref><ref>Williams, Paul, Buddhist Thought: A Complete Introduction to the Indian Tradition, 2002</ref>
ᠨᠠᠭᠠᠷᠵᠤᠨᠠ ᠪᠣᠭᠳᠠ ᠪᠢᠴᠢᠭᠰᠡᠨ ᠢᠨᠦ᠄
ᠬᠤᠷᠠᠨ ᠡᠭᠦᠳᠦᠭᠴᠢ ᠪᠦᠬᠦᠨ ᠬᠣᠭᠣᠰᠤᠨ ᠴᠢᠨᠠᠷ ᠲᠠᠢ᠂ ᠲᠡᠳᠡᠭᠡᠷ ᠨᠢ ᠨᠡᠷᠡᠢᠢᠳᠬᠡᠯ ᠲᠡᠳᠦᠢ᠂ ᠪᠤᠰᠤᠳ ᠶᠠᠭᠤᠮᠠᠰ ᠲᠤ ᠰᠢᠲᠦᠵᠦ ᠣᠷᠣᠰᠢᠬᠤ ᠪᠥᠭᠡᠳ ᠡᠨᠡ ᠨᠢ ᠳᠤᠮᠳᠠᠵᠢ ᠮᠥᠷ᠃
ᠪᠤᠰᠤᠳ ᠳᠤ ᠰᠢᠲᠦᠬᠦ ᠦᠭᠡᠢ ᠡᠭᠦᠳᠦᠨ ᠭᠠᠷᠤᠭᠰᠠᠨ ᠶᠠᠭᠤ ᠴᠤ ᠪᠠᠢᠢᠬᠤ ᠦᠭᠡᠢ ᠲᠤᠯᠠ ᠬᠣᠭᠣᠰᠤᠨ ᠪᠤᠰᠤ ᠶᠠᠭᠤ ᠴᠤ ᠪᠠᠢᠢᠳᠠᠭ ᠦᠭᠡᠢ᠃<ref>Bronkhorst, Johannes (2009), Buddhist Teaching in India, Wisdom Publications</ref>
ᠶᠠᠭᠤᠮᠠᠰ ᠥᠪᠡᠷ ᠦ᠋ᠨ ᠮᠥᠨ ᠴᠢᠨᠠᠷ ᠡᠴᠡ ᠦᠨᠡᠬᠡᠷ ᠣᠷᠣᠰᠢᠬᠤᠢ ᠦᠭᠡᠢ᠂ ᠰᠢᠯᠲᠠᠭᠠᠨ ᠦᠷ ᠡ᠋ ᠶ᠋ᠢᠨ ᠮᠥᠩᠬᠡ ᠪᠤᠰᠤ ᠨᠢᠭᠡᠳᠦᠯ ᠲᠤᠯᠠ ᠲᠡᠮᠳᠡᠭ᠂ ᠨᠡᠷᠡᠢᠢᠳᠬᠡᠯ ᠲᠡᠳᠦᠢ ᠶᠤᠮ᠃<ref>Williams, Paul, Buddhist Thought: A Complete Introduction to the Indian Tradition, 2002</ref>

==ᠰᠡᠳᠬᠢᠯ ᠲᠡᠳᠦᠢᠲᠡᠨ ᠣ ᠲᠣᠭᠲᠠᠭᠰᠠᠨ ᠲᠠᠭᠠᠯᠠᠯ ᠳ᠋ᠤ== ᠶᠣᠭᠠᠴᠠᠷᠠ ᠪᠤᠶᠤ ᠰᠡᠳᠬᠢᠯ ᠲᠡᠳᠦᠢᠲᠡᠨ ᠣ ᠲᠣᠭᠲᠠᠭᠰᠠᠨ ᠲᠠᠭᠠᠯᠠᠯ ᠦ᠋ᠨ ᠭᠣᠣᠯ ᠰᠤᠳᠤᠷ ᠪᠣᠯᠬᠤ ᠲᠠᠭᠠᠯᠠᠯ ᠦ᠋ᠨ ᠦᠨᠡᠨ ᠣ ᠲᠠᠢᠢᠯᠤᠯ ᠳᠤ (ᠰᠠᠮᠭᠠᠷᠳᠢ᠄ समधिनिर्मोचना᠂ ᠰᠠᠩᠲᠾᠢᠨᠢᠷᠮᠣᠨᠣᠴᠠᠨᠠ᠃ ᠲᠥᠪᠡᠳ᠄ དགོངས་པ་ངེས་འགྲེལ༏᠂ ᠭᠠᠯᠢᠭ ᠨᠢ᠄ ᠳ᠋ᠭᠣᠩᠰ ᠪᠠ ᠩᠧᠰ ᠠᠭᠷᠢᠯ᠂ ᠳᠠᠭᠤᠳᠠᠯᠭ ᠠ᠋ ᠨᠢ᠄ ᠭᠣᠩᠪᠠ ᠧᠳᠢᠯ) ᠬᠣᠭᠣᠰᠤᠨ ᠴᠢᠨᠠᠷ ᠢ ᠭᠤᠷᠪᠠᠨ ᠮᠥᠨ ᠴᠢᠨᠠᠷ ᠦ᠋ᠨ ᠣᠨᠤᠯ ᠦ᠋ᠨ ᠡᠭᠦᠳᠡᠨ ᠡᠴᠡ ᠲᠠᠢᠢᠯᠪᠤᠷᠢᠯᠠᠵᠤ᠂ ᠥᠪᠡᠷ ᠦ᠋ᠨ ᠭᠤᠷᠪᠠᠨ ᠮᠥᠨ ᠴᠢᠨᠠᠷ ᠨᠢ ᠥᠪᠡᠷ ᠦ᠋ᠨ ᠮᠥᠨ ᠴᠢᠨᠠᠷ ᠶ᠋ᠢᠠᠷ ᠬᠣᠭᠣᠰᠤᠷᠠᠭᠰᠠᠨ ᠣ ᠡᠭᠦᠳᠡᠨ ᠡᠴᠡ ᠨᠣᠮᠯᠠᠯ ᠪᠦᠲᠦᠭᠡᠬᠦ ᠶ᠋᠋ᠢ ᠵᠣᠷᠢᠯᠭ ᠠ᠋ ᠪᠠᠨ ᠪᠣᠯᠭᠠᠨ ᠵᠠᠷᠯᠠᠭᠰᠠᠨ᠃<ref> King, Richard, Early Yogācāra and its Relationship with the Madhyamaka School, Philosophy East & West Volume 44, Number 4 October 1994 </ref>
ᠠᠨ᠍ᠲᠷᠶᠦ᠋ ᠰᠻᠢᠯᠲ᠋ᠣᠨ ᠣ ᠲᠠᠢᠢᠯᠤᠭᠰᠠᠨ ᠶ᠋ᠢᠠᠷ ᠰᠡᠳᠬᠢᠯ ᠲᠡᠳᠦᠢᠢᠲᠡᠨ ᠣ ᠤᠯᠠᠮᠵᠢᠯᠠᠯ ᠳ᠋ᠤ ᠬᠣᠭᠣᠰᠤᠨ ᠴᠢᠨᠠᠷ ᠨᠢ ᠬᠤᠷᠠᠨ ᠮᠡᠳᠡᠭᠴᠢ ᠣᠷᠤᠨᠲᠤsubject (ᠰᠠᠮᠭᠠᠷᠳᠢ: ग्राहक᠂ ᠲᠥᠪᠡᠳ: འཛིན་པ᠂ ᠦᠭᠡᠴᠢᠯᠠᠪᠡᠰᠦ᠄ ᠪᠠᠷᠢᠭᠴᠢ ) ᠪᠠ ᠬᠤᠷᠠᠨ ᠮᠡᠳᠡᠬᠦ ᠶ᠋ᠢᠨ ᠣᠷᠣᠨobject (ᠰᠠᠮᠭᠠᠷᠳᠢ: ग्राह्य, ᠲᠥᠪᠡᠳ: བཛུང་པ᠂ ᠦᠭᠡᠴᠢᠯᠠᠪᠡᠰᠦ᠄ ᠪᠠᠷᠢᠭᠤᠯᠤᠭᠴᠢ) ᠨᠢ ᠲᠤᠰᠠ ᠲᠤᠰᠠ ᠳ᠋ᠤ ᠪᠠᠨ ᠪᠢᠰᠢ ᠠᠵᠡᠢ᠃<ref>Skilton, Andrew (1994). A Concise History of Buddhism. Windhorse Publications, London</ref>

ᠡᠭᠦᠨ ᠢ ᠲᠥᠪ ᠬᠢᠵᠠᠭᠠᠷ ᠦ᠋ᠨ ᠢᠯᠠᠭᠠᠯ (Skt. मध्यांतविभागकारिका; Tib. དབུ་མཐའ་རྣམ་འབྱེད་) ᠰᠤᠳᠤᠷ ᠲᠦ ᠥᠭᠦᠯᠡᠭᠰᠡᠨ ᠢᠨᠦ᠄
ᠪᠣᠳᠠᠲᠤ ᠪᠤᠰᠤ ᠶ᠋ᠢᠨ ᠲᠥᠰᠦᠭᠡᠯᠡᠯ ᠪᠠᠢᠢᠬᠤ ᠠᠭᠠᠳ ᠬᠣᠶᠠᠷ ᠦ᠋ᠨ ᠢᠯᠠᠭᠠᠯ ᠪᠠᠢᠢᠬᠤ ᠦᠭᠡᠢ ᠠᠲᠠᠯ ᠊ᠠ᠋ ᠬᠣᠭᠣᠰᠤᠨ ᠪᠤᠢ ᠲᠡᠳᠦᠢ ᠦᠭᠡᠢ ᠡᠭᠦᠨ ᠳ᠋ᠦ ᠲᠡᠷᠡ ᠪᠤᠢ᠃<ref>King, Richard, Early Yogācāra and its Relationship with the Madhyamaka School, Philosophy East & West Volume 44, Number 4 October 1994</ref>

ᠡᠨᠡᠳᠬᠡᠭ ᠦ᠋ᠨ ᠰᠡᠳᠬᠢᠯ ᠲᠡᠳᠦᠢᠢᠲᠡᠨ ᠦ ᠶᠡᠬᠡ ᠰᠡᠳᠬᠢᠭᠴᠢ ᠸᠠᠰᠦ᠋ᠪᠠᠨ᠍ᠲᠾᠦ᠋ (ᠰᠠᠮᠭᠠᠷᠳᠢ᠄ वसुबन्धु᠃ ᠲᠥᠪᠡᠳ᠄ དབྱིག་གཉེན᠂ ᠭᠠᠯᠢᠭ ᠨᠢ᠄ ᠳᠪᠶ᠋ᠢᠭ ᠭᠨ᠍ᠶᠧᠨ᠂ ᠳᠠᠭᠤᠳᠠᠯᠭ ᠠ᠋ ᠨᠢ᠄ ᠵᠢᠭᠨᠢᠨ) ᠪᠣᠳᠠ ᠦᠭᠡᠢ (आभूत-परिकल्प) ᠶ᠋ᠢᠨ ᠲᠥᠰᠦᠭᠡᠯᠡᠯ ᠨᠢ ᠪᠠᠷᠢᠭᠴᠢ ᠬᠢᠭᠡᠳ ᠪᠠᠷᠢᠭᠤᠯᠤᠭᠴᠢ ᠶ᠋ᠢ ᠢᠯᠭᠠᠨ ᠦᠵᠡᠬᠦ ᠶᠠᠪᠤᠳᠠᠯ᠃ ᠬᠣᠭᠣᠰᠤᠨ ᠴᠢᠨᠠᠷ ᠨᠢ ᠪᠠᠷᠢᠭᠴᠢ᠂ ᠡᠰᠡᠪᠡᠯ ᠪᠠᠷᠢᠭᠤᠯᠤᠭᠴᠢ ᠪᠣᠯᠬᠤ ᠳᠦᠷᠰᠦ ᠪᠡᠷ ᠬᠣᠭᠣᠰᠤᠨ ᠪᠣᠳᠠᠲᠤ ᠪᠤᠰᠤ ᠶ᠋ᠢᠨ ᠲᠥᠰᠦᠭᠡᠯᠡᠯ ᠭᠡᠵᠦ ᠠᠢᠢᠯᠠᠳᠵᠡᠢ᠃ ᠡᠢᠢᠨᠬᠦ ᠰᠡᠳᠬᠢᠯ ᠲᠡᠳᠦᠢᠢᠲᠡᠨ ᠦ ᠤᠯᠠᠮᠵᠢᠯᠠᠯ ᠳ᠋ᠤ ᠬᠣᠭᠣᠰᠤᠨ ᠴᠢᠨᠠᠷ ᠨᠢ ᠣᠷᠤᠨ ᠬᠢᠭᠡᠳ ᠣᠷᠤᠨᠲᠤ ᠶ᠋ᠢ ᠬᠣᠶᠠᠷ ᠲᠤᠰᠠ ᠳ᠋ᠤ ᠦᠵᠡᠬᠦ ᠦᠢᠯᠡ ᠪᠦᠬᠦᠨ ᠪᠣᠯᠤᠨ᠍ ᠠ᠋᠃<ref>King, Richard, Early Yogācāra and its Relationship with the Madhyamaka School, Philosophy East & West Volume 44, Number 4 October 1994</ref> ᠰᠡᠳᠬᠢᠯ ᠲᠡᠳᠦᠢᠢᠲᠡᠨ ᠦ ᠦᠵᠡᠯ ᠶ᠋ᠢᠡᠷ ᠪᠢᠳᠠ ᠣᠶᠤᠨ ᠳ᠋ᠤ ᠪᠠᠨ ᠶᠠᠭᠤ ᠯᠠ ᠰᠠᠨᠠᠨ᠍ ᠠ᠋᠂ ᠲᠡᠷᠡ ᠨᠢ ᠨᠠᠢᠮᠠᠨ ᠲᠡᠢᠢᠨ ᠮᠡᠳᠡᠬᠦᠢ ᠶ᠋ᠢᠨ ᠠᠵᠢᠯᠯᠠᠯᠠᠭᠠᠨ᠍ ᠦ ᠦᠷ ᠡ᠋ ᠠᠵᠡᠢ᠃ ᠪᠢᠳᠡᠨ ᠦ ᠲᠡᠢᠢᠨ ᠮᠡᠳᠡᠵᠦ ᠪᠠᠢᠢᠭ ᠠ᠋ ᠶᠠᠭᠤᠮᠠᠰ ᠥᠪᠡᠷ ᠦ᠋ᠨ ᠵᠦᠭ ᠡᠴᠡ ᠪᠡᠨ ᠲᠡᠷᠡᠬᠦ ᠶᠠᠭᠤᠮᠠᠰ ᠪᠢᠰᠢ᠂ ᠲᠡᠳᠡᠭᠡᠷ ᠦ᠋ᠨ ᠨᠡᠷ ᠡ᠋᠂ ᠲᠡᠮᠳᠡᠭརྣམ་པར་རིག་བྱེད (विज्ञप्तिः) ᠲᠡᠳᠦᠢ ᠠᠵᠤᠭᠤ᠃<ref>Kalupahana, David J. The Principles of Buddhist Psychology. Satguru Publications, Delhi 1992</ref>

== ᠨᠠᠯᠠᠨᠲᠷ ᠠ᠋ ᠢᠢᠨ ᠤᠯᠠᠮᠵᠢᠯᠠᠯ ᠳ᠋ᠤ== ᠨᠠᠯᠠᠨᠲᠷ ᠠ᠋ ᠢᠢᠨ ᠤᠯᠠᠮᠵᠢᠯᠠᠯᠲᠤ ᠪᠤᠷᠬᠠᠨ ᠤ ᠱᠠᠰᠢᠨ ᠭᠡᠳᠡᠭ ᠨᠢ ᠮᠣᠩᠭᠣᠯ᠂ ᠲᠥᠪᠡᠳ ᠦ᠋ᠨ ᠪᠦᠲᠲᠾᠢᠰᠮ ᠶᠤᠮ᠃
ᠨᠠᠯᠠᠨᠲᠷ ᠠ᠋ ᠢᠢᠨ ᠤᠯᠠᠮᠵᠢᠯᠠᠯ ᠳ᠋ᠤ ᠬᠣᠭᠣᠰᠤᠨ ᠴᠢᠨᠠᠷ ᠢ ᠲᠥᠪ ᠦᠵᠡᠯ ᠦ᠋ᠨ ᠡᠭᠦᠳᠡᠨ ᠡᠴᠡ ᠭᠣᠣᠯᠯᠠᠨ ᠲᠠᠢᠢᠯᠪᠤᠷᠢᠯᠠᠳᠠᠭ ᠬᠡᠳᠦᠢ ᠴᠦ ᠪᠠᠰᠠ ᠴᠦ ᠰᠡᠳᠬᠢᠯ ᠲᠡᠳᠦᠢᠢᠲᠡᠨ ᠦ ᠨᠥᠯᠦᠭᠡ ᠲᠤᠰᠤᠭᠰᠠᠨ ᠲᠠᠢᠢᠯᠪᠤᠷᠢ ᠨᠤᠭᠤᠳ ᠴᠤ ᠴᠢᠬᠤᠯᠠ ᠪᠠᠢᠢᠷᠢ ᠡᠵᠡᠯᠡᠮᠦᠢ᠃
ᠶᠡᠷᠦ ᠪᠤᠷᠬᠠᠨ ᠤ ᠱᠠᠰᠢᠨ ᠤ ᠤᠯᠠᠮᠵᠢᠯᠠᠯ ᠪᠦᠷᠢ ᠶ᠋ᠢᠨ ᠬᠣᠭᠣᠰᠤᠨ ᠴᠢᠨᠠᠷ ᠦ᠋ᠨ ᠣᠢᠢᠯᠠᠭᠠᠯᠲᠠ ᠨᠢ ᠨᠣᠮᠯᠠᠯ ᠦ᠋ᠨ ᠦᠨᠳᠦᠰᠦ ᠲᠡᠢ ᠨᠢ ᠬᠠᠷᠠᠭᠠᠯᠵᠠᠵᠤ ᠪᠠᠢᠢᠳᠠᠭ᠃

ᠨᠠᠯᠠᠨᠲᠷ ᠠ᠋ ᠢᠢᠨ ᠤᠯᠠᠮᠵᠢᠯᠠᠯᠲᠤ ᠱᠠᠰᠢᠨ ᠤ ᠳᠠᠮᠵᠢᠯᠭ ᠠ᠋ ᠨᠤᠭᠤᠳ ᠦ᠋ᠨ ᠪᠠᠷᠢᠮᠲᠠᠯᠠᠯ ᠨᠢ ᠳᠠᠷᠠᠭᠠᠬᠢ ᠮᠡᠲᠦ᠄
* ᠭᠡᠯᠦᠭ (དགེ་ལུགས) ᠲᠤ ᠲᠥᠪ ᠦᠵᠡᠯ᠂ ᠢᠯᠠᠩᠭᠤᠶ ᠠ᠋ ᠬᠡᠲᠦᠷᠡᠭᠦᠯᠦᠭᠴᠢ ᠲᠥᠪ ᠦᠵᠡᠯ ᠢ ᠬᠠᠮᠤᠭ ᠦ᠋ᠨ ᠳᠡᠭᠡᠳᠦ ᠲᠣᠭᠲᠠᠭᠰᠠᠨ ᠲᠠᠭᠠᠯᠠᠯ ᠭᠡᠵᠦ ᠦᠵᠡᠳᠡᠭ᠃
* ᠭᠠᠷᠵᠦᠳᠪᠠ (བཀའ་བརྒྱུད) ᠳ᠋ᠤ ᠲᠥᠪ ᠦᠵᠡᠯ ᠬᠢᠭᠡᠳ ᠰᠡᠳᠬᠢᠯ ᠲᠡᠳᠦᠢᠢᠲᠡᠨ ᠦ ᠲᠣᠭᠲᠠᠭᠰᠠᠨ ᠲᠠᠭᠠᠯᠠᠯ ᠠᠯᠢ ᠠᠯᠢᠨ ᠢ ᠠᠩᠬᠠᠷᠤᠨ ᠠᠪᠳᠠᠭ᠃
* ᠰᠠᠵᠢ (ས་སྐྱ) ᠶ᠋ᠢᠨ ᠶᠣᠰᠤᠨ ᠠ᠋ ᠥᠪᠡᠷ ᠦ᠋ᠨ ᠦᠨᠳᠦᠰᠦᠲᠦ ᠲᠥᠪ ᠦᠵᠡᠯ ᠬᠢᠭᠡᠳ ᠰᠡᠳᠬᠢᠯ ᠲᠡᠳᠦᠢᠢᠲᠡᠨ ᠦ ᠦᠵᠡᠯ ᠦ᠋ᠨ ᠨᠢᠭᠡᠳᠦᠯ ᠢ ᠪᠠᠷᠢᠮᠲᠠᠯᠠᠳᠠᠭ᠃<ref>Коробов В. Б., Железнова Н. А. Философия буддизма. Энциклопедия (рус.) / под ред. М. Т. Степанянц. — М.: Восточная литература, 2011</ref>
* ᠵᠣᠭᠴᠧᠨ (རྫོགས་ཆེན) ᠦ ᠨᠣᠮᠯᠠᠯ ᠶᠡᠷᠦᠩᠬᠡᠢ ᠳ᠋ᠦ ᠪᠡᠨ ᠰᠡᠳᠬᠢᠯ ᠲᠡᠳᠦᠢᠢᠲᠡᠨ ᠦ ᠬᠢ ᠲᠡᠢ ᠣᠢᠢᠷ ᠠ᠋ ᠴᠤ “ᠪᠦᠬᠦᠨ ᠦ ᠰᠠᠭᠤᠷᠢ” (ཀུན་གཞི) ᠬᠡᠮᠡᠬᠦ ᠨᠡᠷ ᠡ᠋ ᠲᠣᠮᠢᠶ ᠠ᠋ ᠨᠢ ᠲᠥᠪ ᠦᠵᠡᠯ ᠦ᠋ᠨ ᠬᠣᠭᠣᠰᠤᠨ ᠴᠢᠨᠠᠷ ᠦ᠋ᠨ ᠣᠢᠢᠯᠠᠭᠠᠯᠲᠠ ᠳ᠋ᠤ ᠬᠠᠷᠠᠭᠠᠯᠵᠠᠳᠠᠭ<ref>Иванов В. П. Философия буддизма. Энциклопедия (рус.) / под ред. М. Т. Стнпанянц. — М.: Восточная литература, 2011</ref>

==ᠪᠣᠭᠳᠠ ᠵᠣᠩᠬᠠᠪᠠ ᠬᠣᠭᠣᠰᠤᠨ ᠴᠢᠨᠠᠷ ᠦ᠋ᠨ ᠲᠤᠬᠠᠢ== ᠵᠣᠩᠬᠠᠪᠠ ᠪᠣᠭᠳᠠ ᠳᠠᠩ ᠶ᠋ᠢᠠᠷ ᠶ᠋ᠢᠠᠨ ᠣᠷᠣᠰᠢᠳᠠᠭ ᠶᠠᠭᠤ ᠴᠤ ᠦᠭᠡᠢ᠂ ᠨᠣᠮobject ᠦ᠋ᠳ ᠢᠮᠠᠭᠲᠠ ᠪᠤᠰᠤᠳ ᠨᠣᠮ ᠡᠴᠡ ᠬᠠᠮᠢᠶᠠᠷᠤᠨ ᠣᠷᠣᠰᠢᠳᠠᠭ ᠭᠡᠰᠡᠨ ᠰᠢᠲᠦᠨ ᠪᠠᠷᠢᠯᠳᠤᠯᠭ ᠠ᠋ (ᠰᠠᠮᠭᠠᠷᠳᠢ᠄ प्रतीत्यसमुत्पाद᠃ ᠲᠥᠪᠡᠳ᠄ རྟེན་འབྲེལ) ᠶ᠋ᠢᠨ ᠡᠭᠦᠳᠡᠨ ᠡᠴᠡ ᠬᠣᠭᠣᠰᠤᠨ ᠴᠢᠨᠠᠷ ᠢ ᠦᠵᠡᠳᠡᠭ ᠪᠠᠢᠢᠵᠡᠢ᠃<ref>Cabezón, José Ignacio. "Tsong Kha Pa", in Jones, Lindsay (ed.), MacMillan Encyclopedia of Religion, MacMillan 2005</ref>
ᠪᠣᠭᠳᠠ ᠵᠣᠩᠬᠠᠪᠠ ᠰᠢᠲᠦᠨ ᠪᠠᠷᠢᠯᠳᠤᠯᠭ ᠠ᠋ ᠬᠢᠭᠡᠳ ᠬᠣᠭᠣᠰᠤᠨ ᠴᠢᠨᠠᠷ ᠰᠠᠯᠠᠰᠢ ᠦᠭᠡᠢ ᠭᠡᠵᠦ ᠦᠵᠡᠵᠦ ᠪᠠᠢᠢᠭᠰᠠᠨ ᠪᠠᠢᠢᠨ ᠠ᠋᠃<ref>Newland, Guy. Introduction to Emptiness: As Taught in Tsong-kha-pa's Great Treatise on the Stages of the Path, Ithaca 2008</ref>
ᠴᠢᠨᠠᠭᠤᠬᠢ ᠦᠨᠡᠨ ᠦ ᠲᠤᠬᠠᠢ ᠳ᠋ᠤ ᠪᠣᠭᠳᠠ ᠵᠣᠩᠬᠠᠪᠠ ᠶ᠋ᠢᠨ ᠦᠵᠡᠯ ᠰᠢᠲᠦᠨ ᠪᠠᠷᠢᠯᠳᠤᠯᠭ ᠠ᠋ ᠶ᠋ᠢᠨ ᠮᠠᠭᠲᠠᠭᠠᠯ ᠬᠡᠮᠡᠬᠦ ᠪᠦᠲᠦᠭᠡᠯ ᠳ᠋ᠦ ᠬᠤᠷᠢᠶᠠᠩᠭᠤᠢᠯᠠᠭᠳᠠᠭᠰᠠᠨ ᠪᠠᠢᠢᠳᠠᠭ᠃<ref>[http://studybuddhism.com/en/tibetan-buddhism/original-texts/sutra-texts/in-praise-of-dependent-arising Alexander Berzin, In Praise of Dependent Arising]</ref>
ᠲᠡᠷᠡᠬᠦᠦ ᠰᠤᠳᠤᠷ ᠲᠤ ᠶᠠᠭᠤᠮᠠᠰ ᠨᠡᠷᠡᠢᠢᠳᠬᠡᠯ ᠶ᠋ᠢᠡᠷ ᠣᠷᠣᠰᠢᠵᠤ ᠪᠠᠢᠢᠳᠠᠭ ᠪᠣᠯᠪᠠᠴᠤ ᠪᠦᠬᠦᠨ ᠰᠢᠲᠦᠨ ᠪᠠᠷᠢᠯᠳᠤᠯᠭ ᠠ᠋ ᠪᠠᠷ ᠭᠠᠷᠳᠠᠭ ᠲᠤᠯᠠ ᠥᠪᠡᠷ ᠦ᠋ᠨ ᠵᠦᠭ ᠡᠴᠡ ᠣᠷᠣᠰᠢᠳᠠᠭ ᠦᠭᠡᠢ ᠶ᠋ᠢ ᠥᠭᠦᠯᠳᠡᠭ ᠪᠠᠢᠢᠨ ᠠ᠋᠄

“ᠠᠯᠢ ᠠᠯᠢᠨ ᠰᠢᠯᠲᠠᠭᠠᠨ ᠳ᠋ᠤ ᠬᠠᠷᠠᠭᠠᠯᠵᠠᠪᠠᠰᠤ
ᠲᠡᠷᠡ ᠲᠡᠷᠡ ᠨᠢ ᠥᠪᠡᠷ ᠦ᠋ᠨ ᠴᠢᠨᠠᠷ ᠶ᠋ᠢᠠᠷ ᠬᠣᠭᠣᠰᠤᠨ” ᠬᠡᠮᠡᠬᠦ
ᠢᠢᠮᠦ ᠨᠣᠮᠯᠠᠯ ᠡᠴᠡ ᠢᠯᠡᠭᠦᠦ ᠭᠠᠢᠢᠬᠠᠮᠰᠢᠭᠲᠤ
ᠡᠩ ᠦᠭᠡᠢ ᠠᠢᠢᠯᠠᠳᠪᠤᠷᠢ ᠬᠠᠮᠢᠭ ᠠ᠋ ᠡᠴᠡ ᠪᠠᠢᠢᠬᠤ ᠪᠤᠢ᠃<ref>[http://media.dalailama.com/Mongolian/texts/tentel-Doipa-Mongolian.pdf Шүтэн барилдлагын магтаал сайн номын зүрхэн оршвой]</ref>

{{Horizontal}} གང་གང་རྐྱེན་ལ་རག་ལས་པ།
དེ་དེ་རང་བཞིན་གྱིས་སྟོང་ཞེས།
གསུངས་་པ་འདི་ལས་ཡ་མཚན་པའི།
ལེགས་འདོམས་ཚུལ་ནི་ཅི་ཞིག་ཡོད།
{{Z}}

ᠶᠠᠭᠤᠮᠠᠰ ᠢᠨᠠᠭᠤᠬᠢ ᠴᠢᠨᠠᠷ ᠶ᠋ᠢᠠᠷ ᠶ᠋ᠢᠠᠨ ᠣᠷᠣᠰᠢᠵᠤ ᠪᠠᠢᠢᠳᠠᠭ᠂ ᠡᠭᠦᠨ ᠢ ᠦᠭᠡᠢᠢᠰᠬᠡᠬᠦ ᠨᠢ ᠲᠤᠰᠠ ᠦᠭᠡᠢ᠃ ᠬᠠᠷᠢᠨ ᠴᠢᠨᠠᠭᠤᠬᠢ ᠦᠨᠡᠨ ᠳ᠋ᠤ ᠪᠠᠨ ᠲᠡᠳᠡᠭᠡᠷ ᠶᠠᠭᠤᠮᠠᠰ ᠥᠪᠡᠷ ᠦ᠋ᠨ ᠵᠦᠭ ᠡᠴᠡ ᠣᠷᠣᠰᠢᠳᠠᠭ ᠦᠭᠡᠢ ᠠᠭᠠᠳ ᠢᠢᠨᠬᠦᠦ ᠤᠬᠠᠭᠠᠷᠠᠬᠤ ᠨᠢ ᠲᠠᠨᠢᠨ ᠮᠡᠳᠡᠬᠦᠢ ᠶ᠋ᠢᠨ ᠦᠢᠯᠡ ᠡᠴᠡ ᠭᠠᠷᠤᠨ ᠠ᠋᠃<ref>[http://emptinessteachings.com/2014/09/11/the-two-truths-of-buddhism-and-the-emptiness-of-emptiness/ Susan Kahn, ''The Two Truths of Buddhism and The Emptiness of Emptiness'']</ref>
ᠵᠣᠩᠬᠠᠪᠠ ᠭᠡᠭᠡᠭᠡᠨ ᠪᠡᠷ:
ᠣᠷᠤᠨ ᠨᠤᠭᠤᠳ ᠥᠪᠡᠷ ᠦ᠋ᠨ ᠮᠥᠨ ᠴᠢᠨᠠᠷ ᠡᠴᠡ ᠪᠦᠲᠦᠭᠡᠳᠦᠢ᠂ ᠪᠢᠳᠡᠨ ᠦ ᠣᠨᠤᠭᠠᠭᠰᠠᠨ ᠲᠡᠮᠳᠡᠭ᠂ ᠨᠡᠷᠡᠢᠢᠳᠬᠡᠯ ᠦ᠋ᠨ ᠬᠦᠴᠦ ᠪᠡᠷ ᠣᠷᠣᠰᠢᠵᠤ ᠪᠠᠢᠢᠳᠠᠭ᠃<ref>[http://emptinessteachings.com/2014/09/11/the-two-truths-of-buddhism-and-the-emptiness-of-emptiness/ Susan Kahn, ''The Two Truths of Buddhism and The Emptiness of Emptiness'']</ref>

ᠬᠡᠮᠡᠨ ᠠᠢᠢᠯᠠᠳᠵᠡᠢ᠃
ᠬᠣᠭᠣᠰᠤᠨ ᠴᠢᠨᠠᠷ ᠨᠢ ᠵᠣᠨᠬᠠᠪᠠ ᠪᠣᠭᠳᠠ ᠶ᠋ᠢᠨ ᠦᠵᠡᠯ ᠶ᠋ᠢᠡᠷ ᠥᠪᠡᠷ ᠦ᠋ᠨ ᠰᠠᠯᠠᠰᠢ ᠦᠭᠡᠢ ᠣᠷᠣᠰᠢᠬᠤᠢ ᠪᠡᠷ ᠬᠣᠭᠣᠰᠤᠷᠠᠭᠰᠠᠨ ᠢ ᠬᠡᠯᠡᠬᠦ ᠪᠠ ᠬᠣᠭᠣᠰᠤᠨ ᠴᠢᠨᠠᠷ ᠨᠢ ᠨᠡᠷᠡᠢᠢᠳᠬᠡᠯ ᠶ᠋ᠢᠡᠷ ᠯᠡ ᠣᠷᠣᠰᠢᠵᠤ ᠪᠠᠢᠢᠳᠠᠭ᠃

ᠬᠣᠭᠣᠰᠤᠨ ᠴᠢᠨᠠᠷ ᠨᠢ ᠨᠡᠷᠡᠢᠢᠳᠬᠡᠯ ᠲᠡᠳᠦᠢ ᠦᠵᠡᠭᠳᠡᠯ ᠦ᠋ᠨ ᠬᠤᠷᠠᠨ ᠡᠭᠦᠳᠦᠭᠰᠡᠨ ᠴᠢᠨᠠᠷ ᠲᠤᠯᠠ ᠣᠪᠡᠷ ᠶ᠋ᠢᠡᠨ ᠴᠦ ᠨᠡᠷᠡᠢᠢᠳᠬᠡᠯ ᠶ᠋ᠢᠡᠷ ᠪᠦᠳᠦᠭᠰᠡᠨ ᠦᠵᠡᠭᠳᠡᠯ᠃
<ref>Tsong Khapa. The great treatise on the stages of the path to enlightenment: Volume 3, Snow Lion Publications 2002. ISBN 1-55939-166-9</ref>
ᠦᠨᠡᠮᠯᠡᠬᠦᠢ ᠦᠨᠡᠨ ᠨᠢ ᠴᠦ ᠣᠪᠡᠷ ᠦ᠋ᠨ ᠵᠦᠭ ᠡᠴᠡ ᠣᠷᠣᠰᠢᠳᠠᠭ ᠦᠭᠡᠢ᠂ ᠬᠠᠷᠢᠨ ᠴᠢᠨᠠᠭᠤᠬᠢ ᠦᠨᠡᠨ ᠦ ᠦᠭᠡᠢᠢᠰᠬᠡᠯ᠃ ᠲᠡᠳᠡᠭᠡᠷ ᠨᠢ ᠰᠡᠳᠬᠢᠯ ᠦ᠋ᠨ ᠪᠦᠲᠦᠭᠡᠯ ᠲᠡᠳᠦᠢ᠃<ref>Patrick Jennings, Tsongkhapa: In Praise of Relativity; The Essence of Eloquence Archived 2015-05-18 at the Wayback Machine</ref> ᠬᠣᠭᠣᠰᠤᠨ ᠴᠢᠨᠠᠷ ᠪᠣᠯᠤᠮᠵᠢᠲᠤ ᠪᠦᠬᠦ ᠦᠵᠡᠭᠳᠡᠯ᠂ ᠪᠣᠯᠤᠮᠵᠢᠲᠤ ᠪᠦᠬᠦ ᠶᠢᠷᠲᠢᠨᠴᠦ ᠳᠦ ᠬᠠᠮᠢᠶᠠᠷᠠᠯ ᠲᠠᠢ ᠡᠴᠦᠰ ᠦ᠋ᠨ ᠦᠨᠡᠨ ᠪᠣᠯᠪᠠᠴᠤ ᠥᠪᠡᠷ ᠶ᠋ᠢᠡᠨ ᠴᠦ ᠦᠵᠡᠭᠳᠡᠯ ᠦ᠋ᠨ ᠲᠤᠢᠢᠯ ᠪᠢᠰᠢ (ᠮᠥᠩᠬᠡ ᠳ᠋ᠦ ᠣᠷᠣᠰᠢᠭᠠᠳᠦᠢ᠂ ᠥᠪᠡᠷ ᠡᠴᠡ ᠪᠡᠨ ᠪᠦᠲᠢᠭᠡᠳᠦᠢ᠂ ᠥᠪᠡᠷ ᠡᠴᠡ ᠪᠡᠨ ᠣᠷᠣᠰᠢᠭᠠᠳᠦᠢ)᠃

==ᠲᠦᠯᠬᠢᠭᠦᠷ ᠦᠭᠡᠰ==
{{Horizontal}} хоосон чанар
таван цогц
дөрвөн үнэн
чинагуухи үнэн
янагуухи үнэн
үнэмлэхүй үнэн
харьцангуй үнэн
билиг билгүүн
машид билиг
Зонхава
Нагаржуна
Нагаржунай
Васубандху
Төв үзэл
Сэтгэл төдийтний тогтсон таалал{{Z}}
{{Horizontal}} Śūnyatā
Shunyata
emptiness
voidness
five skandhas
five aggregates
Four Noble Truths
ultimate reality
relative truth
ultimate truth
wisdom
Prajna
transcendental wisdom
Je Tsongkhapa
Nagarjuna
Vasubandhu
Madhyamaka
Yogacara
Yogachara
schools of Buddhist philosophy{{Z}}
{{Horizontal}} шуньята
пять скандх
Четыре благородных истины
реальность
относительная истина
мудрость
запредельная мудрость
праджня
Цонкапа
Нагаржуна
Васубандху
Мадхьямака
Йогачара
буддийские философские школы
{{Z}}

==ᠡᠬᠢ ᠰᠤᠷᠪᠤᠯᠵᠢ== {{Horizontal}}<references/> [[Category:ᠪᠤᠷᠬᠠᠨ ᠊ᠤ ᠱᠠᠰᠢᠨ]] [[Category:ᠭᠦᠨ ᠤᠬᠠᠭᠠᠨ]]
Товч агуулга:
Wikibilig-д оруулсан бүх хувь нэмрийг бусад хэрэглэгчид засварлаж, өөрчилж, устгаж болдгийг анхаарна уу. Хэрэв та өөрийн хувь нэмрээ бусдад засварлуулах, тараагдуулахыг хүсэхгүй байгаа бол энд битгий оруулаарай.
Та мөн үүнийг өөрөө бичсэн, эсвэл нийтийн өмчид тавигдсан буюу үүнтэй адилтгаж болох сангаас хуулж тавьсан бүтээл гэдгээ амласан байгааг анхаараарай (дэлгэрэнгүй мэдээллийг
Wikibilig:Зохиогчийн эрх
-с авна уу).
ЗОХИОГЧИЙН ЭРХ БҮХИЙ БҮТЭЭЛИЙГ ЗӨВШӨӨРӨЛГҮЙГЭЭР ТАВИХИЙГ ХОРИГЛОНО!
Цуцлах
Засвар хийх тухай тусламж
(шинэ цонх нээгдэнэ)
Энэ хуудсанд ашиглагдсан загварууд:
Загвар:Horizontal

засварлах

Загвар:Image

засварлах

Загвар:Z

засварлах

Toggle limited content width