"ᠲᠡᠮᠡᠦᠯᠦᠯ ᠬᠢᠮᠡᠯ ᠳᠠᠭᠠᠭᠤᠯᠢ"-ны өөр хувилбарууд
(Link) |
б (Protected "ᠲᠡᠮᠡᠦᠯᠦᠯ ᠬᠢᠮᠡᠯ ᠳᠠᠭᠠᠭᠤᠯᠢ" ([Засварлах=Зөвхөн системийн операторууд] (Дуусах хугацаа: 13:44, 13 Хоёрдугаар сар 2025 (UTC)) [Зөөх=Зөвхөн системийн операторууд] (Дуусах хугацаа: 13:44, 13 Хоёрдугаар сар 2025 (UTC)))) |
(2 дундын хувилбарууд 2 хэрэглэгчид харагдахгүй) | |
(Өөрчлөлт алга)
|
21:44, 13 Наймдугаар сар 2024-ий байдлаарх одоогийн засвар
|
ᠲᠡᠮᠡᠦᠯᠦᠯ Temeulul | |
---|---|
ᠦᠢᠯᠳᠪᠦᠷᠢᠯᠡᠭᠴᠢ | ᠮᠣᠩᠭᠤᠯ ᠤᠯᠤᠰ ᠤᠨ ᠶᠡᠬᠡ ᠰᠤᠷᠭᠠᠭᠤᠯᠢ (МУИС) |
ᠵᠣᠷᠢᠯᠭ ᠠ᠋ | ᠵᠠᠢ ᠢᠢᠨ ᠲᠠᠨᠳᠠᠯᠲᠠ᠂ ᠲᠧᠻᠨᠣᠯᠣᠭᠢ ᠢᠢᠨtechnology ᠲᠤᠷᠰᠢᠯᠲᠠ᠂ ᠭᠠᠵᠠᠷ ᠤᠨ ᠵᠢᠷᠤᠭᠯᠠᠯ |
ᠭᠠᠷᠤᠭᠠᠨ ᠤ ᠲᠠᠯᠠᠪᠠᠢ | |
ᠴᠣᠢᠢᠯᠠᠭᠤᠷ | |
ᠬᠥᠭᠡᠷᠭᠡᠭᠰᠡᠨ | 2021 ᠣᠨ ᠳ᠋ᠤ ᠬᠥᠭᠡᠷᠭᠡᠬᠦ ᠪᠡᠷ ᠲᠥᠯᠦᠪᠯᠡᠭᠰᠡᠨ |
ᠲᠣᠭᠤᠷᠢᠭ ᠵᠠᠮ ᠳ᠋ᠤ ᠭᠠᠷᠤᠭᠰᠠᠨ | |
ᠲᠣᠭᠤᠷᠢᠭ ᠵᠠᠮ ᠳ᠋ᠠᠬᠢ ᠥᠷᠲᠡᠭᠡ | |
COSPAR ID | |
SCN | |
ᠬᠥᠯᠭᠡ ᠢᠢᠨ ᠲᠥᠷᠦᠯ | 1U CubeSat |
ᠮᠠᠰᠰ | 1.3 kg[1] |
ᠬᠡᠮᠵᠢᠶ ᠡ᠋ | 10 x 10 x 10 cm |
ᠦᠢᠯᠡ ᠠᠵᠢᠯᠯᠠᠭ ᠠ᠋ ᠵᠣᠭᠰᠤᠭᠰᠠᠨ | ᠲᠣᠭᠤᠷᠢᠭ ᠵᠠᠮ ᠳ᠋ᠤ 1-2 ᠵᠢᠯ ᠠᠵᠢᠯᠯᠠᠬᠤ ᠪᠣᠯᠤᠮᠵᠢ ᠲᠠᠢ |
ᠲᠣᠭᠤᠷᠢᠭ ᠵᠠᠮ ᠤᠨ ᠲᠥᠷᠦᠯ | ᠨᠠᠮ ᠲᠣᠭᠤᠷᠢᠭ ᠵᠠᠮ |
ᠳᠡᠭᠡᠳᠦ ᠥᠨᠳᠦᠷ | ᠣᠢᠢᠷᠠᠯᠴᠠᠭ ᠠ᠋ ᠪᠠᠷ 400 km |
ᠳᠣᠣᠷᠠᠳᠤ ᠥᠨᠳᠦᠷ | ᠣᠢᠢᠷᠠᠯᠴᠠᠭ ᠠ᠋ ᠪᠠᠷ 400 km |
ᠲᠣᠭᠤᠷᠢᠭ ᠵᠠᠮ ᠤᠨ ᠬᠠᠵᠠᠢᠢᠯᠲᠠ | 56.1°[2] |
ᠲᠣᠭᠤᠷᠢᠭ ᠵᠠᠮ ᠤᠨ ᠮᠥᠴᠡᠯᠭᠡ | ᠳᠡᠯᠡᠬᠡᠢ ᠢᠢ ᠡᠳᠦᠷ ᠲᠦ 14-15 ᠲᠣᠭᠤᠷᠢᠨ ᠠ᠋ |
ᠲᠡᠮᠡᠦᠯᠦᠯ ᠬᠢᠮᠡᠯ ᠳᠠᠭᠠᠭᠤᠯᠢ ᠢ 2021 ᠣᠨ ᠳ᠋ᠤ ᠬᠥᠭᠡᠷᠭᠡᠬᠦ ᠪᠡᠷ ᠲᠥᠯᠦᠪᠯᠡᠭᠰᠡᠨ᠃
ᠬᠢᠮᠡᠯ ᠳᠠᠭᠠᠭᠤᠯᠢ ᠢᠢ ᠮᠣᠩᠭᠤᠯ ᠤᠯᠤᠰ ᠤᠨ ᠶᠡᠬᠡ ᠰᠤᠷᠭᠠᠭᠤᠯᠢ ᠳ᠋ᠤ ᠪᠦᠲᠦᠭᠡᠵᠦ ᠪᠠᠢᠢᠨ ᠠ᠋᠃
ᠮᠣᠩᠭᠤᠯ ᠤᠨ ᠰᠤᠳᠤᠯᠤᠭᠠᠴᠢᠳ ᠤᠨ ᠪᠦᠲᠦᠭᠡᠭᠰᠡᠨ ᠠᠩᠬᠠᠨ ᠤ ᠬᠢᠮᠡᠯ ᠳᠠᠭᠠᠭᠤᠯᠢ ᠮᠠᠵᠠᠭᠠᠯᠠᠢ 2017 ᠣᠨ ᠳ᠋ᠤ ᠬᠥᠭᠡᠷᠡᠭᠰᠡᠨ᠃
ᠮᠠᠵᠠᠭᠠᠯᠠᠢ ᠬᠢᠮᠡᠯ ᠳᠠᠭᠠᠭᠯᠢ ᠢ ᠶᠠᠫᠣᠨ ᠤᠯᠤᠰ ᠤᠨ ᠰᠢᠪᠠᠭᠤᠳ (Birds 1) ᠲᠥᠰᠦᠯ ᠦᠨ ᠬᠦᠷᠢᠶᠡᠨ ᠳᠦ ᠮᠣᠩᠭᠤᠯ ᠤᠯᠤᠰ ᠤᠨ ᠶᠡᠬᠡ ᠰᠤᠷᠭᠠᠭᠤᠯᠢ ᠢᠢᠨ ᠵᠠᠯᠠᠭᠤ ᠰᠤᠳᠤᠯᠤᠭᠠᠴᠢᠳ ᠪᠦᠲᠦᠭᠡᠭᠰᠡᠨ ᠪᠢᠯᠡ᠃
ᠡᠨᠡ ᠲᠤᠷᠰᠢᠯᠭ ᠠ᠋ ᠳ᠋ᠤ ᠪᠠᠨ ᠰᠠᠭᠤᠷᠢᠯᠠᠨ ᠲᠡᠮᠡᠦᠯᠦᠯ ᠬᠢᠮᠡᠯ ᠳᠠᠭᠠᠭᠤᠯᠢ ᠢᠢ ᠪᠡᠶ ᠡ᠋ ᠳᠠᠭᠠᠭᠠᠨ ᠬᠥᠭᠵᠢᠭᠦᠯᠵᠦ ᠪᠠᠢᠢᠭ ᠠ᠋ ᠪᠢᠯᠡ᠃
ᠲᠥᠰᠦᠯ
|
ᠲᠡᠮᠡᠦᠯᠦᠯ ᠲᠥᠰᠦᠯ ᠣᠭᠲᠠᠷᠭᠤᠢ ᠢᠢᠨ ᠲᠧᠻᠨᠣᠯᠣᠭᠢ ᠢᠢᠨ ᠰᠢᠨᠵᠢᠯᠡᠬᠦ ᠤᠬᠠᠭᠠᠨ ᠳᠤ ᠮᠣᠩᠭᠤᠯ ᠤᠯᠤᠰ ᠢ ᠳᠠᠬᠢᠨ ᠨᠢᠭᠡ ᠱᠠᠲᠤ ᠠᠬᠢᠭᠤᠯᠬᠤ ᠵᠣᠷᠢᠯᠭ ᠠ᠋ ᠲᠠᠢ᠃[3]
ᠡᠨᠡ ᠪᠣᠯ ᠰᠢᠨᠵᠢᠯᠡᠬᠦ ᠤᠬᠠᠭᠠᠨ ᠤ ᠰᠤᠳᠤᠯᠭ᠎ᠠ᠂ ᠲᠧᠻᠨᠣᠯᠣᠭᠢ ᠶᠢᠨ ᠲᠤᠷᠰᠢᠯᠲᠠ ᠶᠢ ᠰᠲ᠋ᠠᠨ᠍ᠳᠠᠷᠳ᠋standard ᠲᠦᠪᠰᠢᠨ ᠳᠤ ᠬᠢᠬᠦ ᠪᠣᠯᠤᠮᠵᠢ ᠲᠠᠢ Cubesat ᠠᠩᠭᠢᠯᠠᠯ ᠤᠨ ᠬᠢᠮᠡᠯ ᠳᠠᠭᠠᠭᠤᠯᠢ ᠶᠢ ᠮᠣᠩᠭᠣᠯ ᠤᠯᠤᠰ ᠲᠤ ᠪᠦᠲᠦᠭᠡᠬᠦ ᠵᠠᠮ ᠢᠶ᠋ᠠᠷ ᠰᠠᠨᠰᠠᠷ ᠤᠨ ᠲᠧᠻᠨᠣᠯᠣᠭᠢ ᠶᠢ ᠡᠵᠡᠮᠰᠢᠬᠦ᠂ ᠥᠨᠳᠥᠷ ᠲᠧᠻᠨᠣᠯᠣᠭᠢ ᠶᠢ ᠳᠣᠲᠣᠭᠠᠳᠤ ᠳᠤ ᠪᠠᠨ ᠪᠦᠲᠦᠭᠡᠬᠦ᠂ ᠡᠨᠡ ᠰᠠᠯᠪᠤᠷᠢ ᠶᠢᠨ ᠪᠣᠯᠪᠠᠰᠤᠨ ᠬᠦᠴᠦᠨ ᠢ ᠪᠡᠯᠡᠳᠬᠡᠬᠦ᠂ ᠡᠷᠳᠡᠮ ᠮᠡᠳᠡᠯᠭᠡ ᠶᠢ ᠲᠦᠭᠡᠭᠡᠨ ᠳᠡᠯᠭᠡᠷᠡᠭᠦᠯᠬᠦ ᠵᠣᠷᠢᠯᠭ᠎ᠠ ᠲᠠᠢ ᠬᠡᠷᠡᠭᠵᠢᠵᠦ ᠪᠤᠢ ᠲᠥᠰᠥᠯ ᠶᠤᠮ᠃[2]
ᠮᠠᠵᠠᠭᠠᠯᠠᠢ ᠬᠢᠮᠡᠯ ᠳᠠᠭᠠᠭᠤᠯᠢ ᠶᠢ ᠪᠦᠲᠦᠭᠡᠭᠰᠡᠨ ᠲᠤᠷᠰᠢᠯᠭ ᠠ᠋ ᠳᠤ ᠪᠠᠨ ᠦᠨᠳᠦᠰᠦᠯᠡᠨ᠂ ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠪᠠᠭᠰᠢ᠂ ᠣᠶᠤᠲᠠᠨ ᠤ ᠬᠠᠮᠲᠤᠷᠠᠭᠰᠠᠨ ᠪᠠᠭ "ᠲᠡᠮᠡᠦᠯᠡᠯ" ᠨᠡᠷ᠎ᠡ ᠲᠡᠢ ᠳᠠᠷᠤᠭ᠎ᠠ ᠶᠢᠨ ᠬᠢᠮᠡᠯ ᠳᠠᠭᠠᠭᠤᠯᠢ ᠪᠠᠨ ᠪᠦᠲᠦᠭᠡᠬᠦ ᠠᠵᠢᠯ ᠳᠤ ᠪᠠᠨ ᠣᠷᠣᠭᠰᠠᠨ ᠪᠢᠯᠡ᠃
ᠲᠥᠰᠦᠯ ᠨᠢ ᠳᠠᠷᠠᠭᠠᠬᠢ ᠵᠣᠷᠢᠯᠲᠠ ᠨᠤᠭᠤᠳ ᠢ ᠮᠥᠷᠳᠡᠯᠭᠡ ᠪᠣᠯᠭᠠᠨ ᠠᠵᠢᠯᠯᠠᠵᠤ ᠪᠠᠢᠢᠨ ᠠ᠋᠄
- ᠬᠢᠮᠡᠯ ᠳᠠᠭᠠᠭᠤᠯᠢ ᠶᠢᠨ ᠳᠠᠭᠠᠭᠠᠯᠭᠠᠪᠤᠷᠢ ᠶᠢᠨ ᠲᠥᠯᠦᠪᠯᠡᠭᠡᠨ ᠡᠴᠡ ᠡᠬᠢᠯᠡᠭᠡᠳ ᠬᠢᠮᠡᠯ ᠳᠠᠭᠠᠭᠤᠯᠢ ᠲᠣᠭᠤᠷᠢᠭ ᠵᠠᠮ ᠠᠴᠠ ᠭᠠᠷᠬᠤ ᠬᠦᠷᠲᠡᠯᠡᠬᠢ ᠴᠣᠭᠴᠠ ᠦᠢᠯᠡ ᠶᠠᠪᠤᠴᠠ ᠢᠢᠨ ᠲᠠᠯ ᠠ᠋ ᠪᠠᠷ ᠰᠢᠰᠲ᠋ᠧᠮsystem ᠢᠨ᠍ᠵᠧᠨᠧᠷᠴᠢᠯᠡᠯenginnering ᠦᠨ ᠮᠡᠳᠡᠯᠭᠡ ᠶᠢ ᠢᠨ᠍ᠵᠧᠨᠧᠷengineer᠂ ᠰᠤᠳᠤᠯᠤᠭᠠᠴᠢ᠂ ᠣᠶᠤᠲᠠᠨ ᠨᠤᠭᠤᠳ ᠲᠤ ᠣᠯᠭᠣᠬᠤ᠃
- ᠮᠣᠩᠭᠣᠯ ᠤᠯᠤᠰ ᠤᠨ ᠰᠢᠨᠵᠢᠯᠡᠬᠦ ᠤᠬᠠᠭᠠᠨ ᠲᠧᠻᠨᠣᠯᠣᠭᠢ ᠶᠢᠨ ᠬᠥᠭᠵᠢᠯ ᠳ᠋ᠦ ᠠᠻᠠᠳᠧᠮᠢᠻacademic ᠪᠣᠯᠤᠨ ᠪᠢᠽᠢᠨᠧᠰbusiness ᠦᠨ ᠪᠠᠶ᠋ᠢᠭᠤᠯᠤᠯᠭ ᠠ ᠶᠢᠨ ᠬᠠᠮᠲᠤ ᠶᠢᠨ ᠠᠵᠢᠯᠯᠠᠭ ᠠ ᠂ ᠤᠶᠠᠯᠳᠤᠭ ᠠ᠋ ᠬᠣᠯᠪᠣᠭ ᠠ ᠶᠢ ᠰᠠᠶ᠋ᠢᠵᠢᠷᠠᠭᠤᠯᠬᠤ ᠳᠤ ᠲᠡᠮᠡᠦᠯᠡᠯ ᠲᠥᠰᠥᠯ ᠢᠶ᠋ᠡᠷ ᠳᠠᠮᠵᠢᠭᠤᠯᠤᠨ ᠪᠣᠳᠠᠲᠠᠢ ᠬᠤᠪᠢ ᠨᠡᠮᠡᠷᠢ ᠤᠷᠤᠭᠤᠯᠬᠤ᠃
- ᠮᠣᠩᠭᠣᠯ ᠢᠨ᠍ᠵᠧᠨᠧᠷ, ᠰᠤᠳᠤᠯᠤᠭᠠᠴᠢᠳ ᠤᠨ ᠬᠢᠬᠦ ᠪᠦᠲᠦᠭᠡᠬᠦ ᠴᠢᠳᠠᠪᠤᠷᠢ ᠶᠢ ᠬᠠᠷᠠᠭᠤᠯᠵᠤ᠂ ᠦᠨᠳᠦᠰᠦᠨ ᠦ ᠢᠨ᠍ᠵᠧᠨᠧᠷ, ᠰᠤᠳᠤᠯᠤᠭᠠᠴᠢᠳ ᠲᠤ ᠢᠲᠡᠭᠡᠬᠦ ᠢᠲᠡᠭᠡᠯ ᠢ ᠪᠡᠬᠢᠵᠢᠭᠦᠯᠬᠦ᠂ ᠣᠯᠠᠨ ᠨᠡᠶ᠋ᠢᠲᠡ ᠶᠢᠨ ᠰᠡᠳᠬᠢᠯ ᠵᠦᠢ ᠳᠦ ᠡᠶᠡᠷᠭᠦ ᠨᠥᠯᠥᠭᠡ ᠦᠵᠡᠭᠦᠯᠬᠦ᠃
- ᠣᠭᠲᠠᠷᠭᠤᠢ ᠳᠤ ᠲᠤᠷᠰᠢᠭᠳᠠᠭᠰᠠᠨ ᠥᠪᠡᠷ ᠦᠨ ᠭᠡᠰᠡᠨ ᠬᠢᠮᠡᠯ ᠳᠠᠭᠠᠭᠤᠯᠢ ᠶᠢᠨ ᠰᠠᠭᠤᠷᠢ ᠰᠢᠰᠲ᠋ᠧᠮ᠂ ᠲᠧᠻᠨᠣᠯᠣᠭᠢ ᠲᠠᠢ ᠪᠣᠯᠬᠤ᠂ ᠴᠢᠨᠠᠭᠰᠢᠳᠠ ᠥᠭᠡᠷ ᠡ ᠬᠢᠮᠡᠯ ᠳᠠᠭᠠᠭᠤᠯᠢ ᠬᠢᠬᠦ ᠳᠦ ᠡᠨᠡ ᠲᠥᠰᠥᠯ ᠦᠨ ᠬᠦᠷᠢᠶᠡᠨ ᠳᠦ ᠨᠢᠭᠡᠨᠲᠡ ᠲᠤᠷᠰᠢᠭᠳᠠᠵᠤ ᠪᠠᠲᠤᠯᠠᠭᠳᠠᠭᠰᠠᠨ ᠠᠷᠭ ᠠ ᠲᠧᠻᠨᠣᠯᠣᠭᠢ ᠪᠠᠨ ᠠᠰᠢᠭᠯᠠᠬᠤ᠃[1]
ᠬᠢᠮᠡᠯ ᠳᠠᠭᠠᠭᠤᠯᠢ
|
ᠲᠡᠮᠡᠦᠯᠦᠯ ᠬᠢᠮᠡᠯ ᠳᠠᠭᠠᠭᠤᠯᠢ ᠨᠢ᠄
1U (10 ᠰᠠᠨ᠍ᠲ᠋ᠢᠮᠧᠲ᠋ᠧᠷ3) ᠰᠲ᠋ᠠᠨ᠍ᠳᠠᠷᠳ᠋ ᠬᠡᠮᠵᠢᠶ᠎ᠡ ᠲᠡᠢ᠂ 1.3 ᠻᠢᠯᠣᠭᠷᠠᠮkilogram ᠵᠢᠩ ᠲᠡᠢ ᠪᠠᠢᠢᠬᠤ ᠪᠣᠯᠤᠨ ᠠ᠋᠃
ᠣᠭᠲᠠᠷᠭᠤᠢ ᠳ᠋ᠤ ᠰᠢᠨᠵᠢᠯᠡᠬᠦ ᠤᠬᠠᠭᠠᠨ᠂ ᠲᠧᠻᠨᠣᠯᠣᠭᠢ ᠶᠢᠨ ᠲᠤᠷᠰᠢᠯᠲᠠ ᠶᠢᠨ ᠨᠡᠶ᠋ᠢᠲᠡ 5 ᠳᠠᠭᠠᠭᠠᠯᠭᠠᠪᠤᠷᠢ ᠭᠦᠢᠴᠡᠳᠭᠡᠨ᠎ᠡ᠃
ᠮᠣᠩᠭᠣᠯ ᠤᠯᠤᠰ ᠤᠨ ᠲᠡᠦᠬᠡᠨ ᠳᠦ ᠳᠣᠲᠣᠭᠠᠳᠤ ᠳᠤ ᠪᠠᠨ ᠪᠦᠲᠦᠭᠡᠭᠳᠡᠭᠰᠡᠨ ᠠᠩᠬᠠᠨ ᠤ ᠬᠢᠮᠡᠯ ᠳᠠᠭᠠᠭᠤᠯᠢ ᠪᠣᠯᠤᠨ᠎ᠠ᠃
ᠲᠡᠮᠡᠦᠯᠡᠯ ᠬᠢᠮᠡᠯ ᠳᠠᠭᠠᠭᠤᠯᠢ ᠨᠢ ᠣᠶ᠋ᠢᠷᠠᠯᠴᠠᠭ ᠠ᠋ ᠪᠠᠷ 400 ᠻᠢᠯᠣᠮᠧᠲ᠋ᠧᠷkilometer ᠥᠨᠳᠦᠷ ᠲᠣᠭᠣᠷᠢᠭ ᠵᠠᠮ ᠳᠤ ᠠᠵᠢᠯᠯᠠᠨ ᠠ᠋᠃
ᠳᠡᠯᠡᠬᠡᠢ ᠶᠢ ᠡᠳᠦᠷ ᠲᠦ 14 ᠍ ᠡᠴᠡ 15 ᠤᠳᠠᠭ᠎ᠠ ᠲᠣᠭᠣᠷᠢᠨ ᠡ᠃
ᠬᠢᠮᠡᠯ ᠳᠠᠭᠠᠭᠤᠯᠢ ᠨᠢ ᠣᠭᠲᠠᠷᠭᠤᠢ ᠳ᠋ᠤ ᠣᠶ᠋ᠢᠷᠠᠯᠴᠠᠭ ᠠ᠋ ᠪᠠᠷ ᠨᠢᠭᠡ ᠵᠢᠯ ᠠᠵᠢᠯᠯᠠᠨ᠎ᠠ᠃
2021 ᠣᠨ ᠳᠤ ᠬᠥᠭᠡᠷᠭᠡᠵᠦ᠂ ᠵᠠᠳᠠᠭᠠᠢ ᠰᠠᠨᠰᠠᠷ ᠲᠤ ᠠᠵᠢᠯᠯᠠᠵᠤ ᠡᠬᠢᠯᠡᠨ᠎ᠡ᠃ [1]
ᠨᠢᠰᠦᠯᠭᠡ ᠶᠢᠨ ᠳᠠᠭᠠᠭᠠᠯᠭᠠᠪᠤᠷᠢ᠄
1. ᠡᠬᠡ ᠣᠷᠣᠨ ᠤ ᠪᠠᠨ ᠵᠢᠷᠤᠭ ᠢ ᠰᠠᠨᠰᠠᠷ ᠠᠴᠠ ᠠᠪᠴᠤ ᠢᠯᠡᠭᠡᠬᠦ᠄ ᠡᠨᠡ ᠬᠦᠷᠢᠶᠡᠨ ᠳᠦ ᠣᠭᠲᠠᠷᠭᠤᠢ ᠠᠴᠠ ᠲᠠᠩᠳᠠᠨ ᠰᠤᠳᠤᠯᠬᠤ᠂ ᠳᠡᠯᠡᠬᠡᠢ ᠶᠢᠨ ᠭᠠᠳᠠᠷᠭᠤ ᠶᠢ ᠵᠢᠷᠤᠭᠯᠠᠬᠤ ᠻᠠᠮᠧᠷ ᠤᠨ ᠰᠢᠰᠲ᠋ᠧᠮ ᠲᠧᠭᠨᠣᠯᠣᠭᠢ ᠶᠢ ᠬᠥᠭᠵᠢᠭᠦᠯᠬᠦ᠂ ᠲᠤᠷᠰᠢᠬᠤ ᠵᠣᠷᠢᠯᠭ᠎ᠠ ᠲᠠᠢ᠃
2. ᠥᠨᠳᠥᠷ ᠬᠦᠴᠦᠳᠡᠯ ᠬᠠᠭᠠᠰ ᠳᠠᠮᠵᠢᠭᠤᠯᠤᠭᠴᠢ ᠲᠥᠬᠥᠭᠡᠷᠦᠮᠵᠢ ᠰᠠᠨᠰᠠᠷ ᠤᠨ ᠰᠠᠴᠤᠷᠠᠭ ᠲᠤ ᠡᠪᠳᠡᠷᠡᠬᠦ ᠮᠠᠭᠠᠳᠯᠠᠯ ᠢ ᠰᠤᠳᠤᠯᠬᠤ᠄ ᠣᠭᠲᠠᠷᠭᠤᠢ ᠶᠢᠨ ᠥᠨᠳᠥᠷ ᠡᠨᠧᠷᠭᠢ ᠲᠡᠢ ᠲᠤᠶᠠᠭ ᠠ᠋ ᠬᠠᠭᠠᠰ ᠳᠠᠮᠵᠢᠭᠤᠯᠤᠭᠴᠢ ᠡᠯᠧᠮᠧᠨᠲ ᠢᠶ᠋ᠡᠷelement ᠨᠡᠪᠲᠡᠷᠡᠨ ᠭᠠᠷᠬᠤ ᠳᠤ ᠪᠠᠨ ᠤᠭ ᠡᠯᠧᠮᠧᠨᠲ ᠦᠨ ᠪᠦᠲᠦᠴᠡ ᠶᠢ ᠡᠪᠳᠡᠳᠡᠭ ᠨᠢ ᠣᠨᠣᠯ᠂ ᠲᠤᠷᠰᠢᠯᠲᠠ ᠪᠠᠷ ᠨᠣᠲᠠᠯᠠᠭᠳᠠᠭᠰᠠᠨ᠃ ᠡᠭᠦᠨ ᠢ ᠲᠣᠭᠣᠷᠢᠭ ᠵᠠᠮ ᠳᠤ ᠲᠤᠷᠰᠢᠨ᠎ᠠ᠃
3᠄ ᠠᠯᠤᠰ ᠤᠨ ᠵᠠᠶ ᠡᠴᠠ ᠮᠡᠳᠡᠭᠡᠯᠡᠯ ᠴᠤᠭᠯᠠᠭᠤᠯᠬᠤ᠄ ᠬᠥᠳᠡᠭᠡ ᠣᠷᠣᠨ ᠨᠤᠲᠤᠭ᠂ ᠠᠯᠤᠰᠯᠠᠭᠳᠠᠭᠰᠠᠨ ᠭᠠᠵᠠᠷ ᠲᠤ ᠮᠡᠳᠡᠭᠡᠯᠡᠯ ᠳᠠᠮᠵᠢᠭᠤᠯᠬᠤ᠂ ᠠᠯᠤᠰᠯᠠᠭᠳᠠᠭᠰᠠᠨ ᠭᠠᠵᠠᠷ ᠠᠴᠠ ᠲᠣᠭᠲᠠᠮᠠᠯ ᠮᠡᠳᠡᠭᠡᠯᠡᠯ ᠴᠤᠭᠯᠠᠭᠤᠯᠬᠤ᠂ ᠬᠢᠨᠠᠬᠤ ᠲᠧᠭᠨᠣᠯᠣᠭᠢ ᠶᠢᠨ ᠲᠤᠷᠰᠢᠯᠲᠠ ᠶᠠᠪᠤᠭᠤᠯᠤᠨ᠎ᠠ᠃
4. ᠫᠷᠣᠭᠷᠠᠮᠴᠢᠯᠠᠭᠳᠠᠳᠠᠭprogrammable ᠬᠢᠮᠡᠯ ᠳᠠᠭᠠᠭᠤᠯᠢ ᠶᠢᠨ ᠢᠨᠲ᠋ᠧᠷᠹᠡᠢᠰinterface᠃
5᠃ 《ᠮᠥᠷᠥᠭᠡᠳᠦᠯ ᠢᠶ᠋ᠡᠨ ᠰᠠᠨᠰᠠᠷ ᠲᠤ ᠢᠯᠡᠭᠡᠬᠦ》᠄ ᠢᠷᠭᠡᠨ᠂ ᠬᠤᠪᠢ ᠬᠦᠮᠦᠰ ᠦᠨ ᠬᠦᠰᠡᠯ ᠮᠥᠷᠥᠭᠡᠳᠦᠯ ᠢ ᠣᠭᠲᠠᠷᠭᠤᠢ ᠳᠤ ᠭᠠᠷᠭᠠᠬᠤ ᠵᠣᠷᠢᠭᠤᠯᠤᠯᠲᠠ ᠲᠠᠢ ᠲᠤᠰᠬᠠᠢ ᠰᠠᠨᠠᠬᠤ ᠣᠢ ᠬᠢᠮᠡᠯ ᠳᠠᠭᠠᠭᠤᠯᠢ ᠳ᠋ᠤ ᠪᠠᠶ᠋ᠢᠷᠢᠯᠠᠬᠤ ᠪᠥᠭᠡᠳ ᠡᠨᠡᠬᠦ ᠰᠠᠨᠠᠬᠤ ᠣᠢ ᠳᠤ ᠬᠠᠳᠠᠭᠠᠯᠠᠭᠳᠠᠭᠰᠠᠨ ᠮᠡᠳᠡᠭᠡᠯᠡᠯ ᠢ ᠲᠡᠮᠡᠦᠯᠡᠯ ᠬᠢᠮᠡᠯ ᠳᠠᠭᠠᠭᠤᠯᠢ ᠷᠠᠳᠢᠣ᠋ ᠳᠣᠯᠭᠢᠶᠠᠨ ᠢᠶ᠋ᠠᠷ ᠳᠠᠮᠵᠢᠭᠤᠯᠤᠨ ᠡᠬᠡ ᠳᠡᠯᠡᠬᠡᠢ ᠳᠦ ᠪᠣᠯᠤᠨ ᠰᠠᠨᠰᠠᠷ ᠤᠨ ᠭᠦᠨ ᠷᠦᠦ ᠢᠯᠡᠭᠡᠨ᠎ᠡ᠃
ᠢᠷᠭᠡᠳ ᠥᠪᠡᠷ ᠦᠨ ᠨᠡᠷ᠎ᠡ᠂ ᠵᠠᠬᠢᠳᠠᠯ᠂ ᠬᠦᠰᠡᠯ ᠮᠥᠷᠥᠭᠡᠳᠦᠯ ᠢᠶ᠋ᠡᠨ ᠲᠡᠮᠡᠦᠯᠡᠯ ᠬᠢᠮᠡᠯ ᠳᠠᠭᠠᠭᠤᠯᠢ ᠳᠣᠲᠣᠷ᠎ᠠ ᠬᠠᠳᠠᠭᠠᠯᠠᠨ᠂ ᠰᠠᠨᠰᠠᠷ ᠲᠤ ᠬᠥᠭᠡᠷᠭᠡᠵᠦ᠂ ᠬᠢᠮᠡᠯ ᠳᠠᠭᠠᠭᠤᠯᠢ ᠶᠢᠨ ᠲᠥᠰᠥᠯ ᠠᠮᠵᠢᠯᠲᠠ ᠲᠠᠢ ᠬᠡᠷᠡᠭᠵᠢᠬᠦ ᠳᠦ ᠳᠡᠮᠵᠢᠯᠭᠡ ᠦᠵᠡᠭᠦᠯᠦᠨ᠂ ᠬᠤᠪᠢ ᠨᠡᠮᠡᠷᠢ ᠪᠡᠨ ᠤᠷᠤᠭᠤᠯᠬᠤ ᠪᠣᠯᠤᠮᠵᠢ ᠲᠠᠢ᠃
ᠡᠭᠦᠨ ᠦ ᠲᠤᠯᠠᠳᠠ mosta.mn/send-your-dream ᠬᠠᠶᠢᠭ ᠢᠶ᠋ᠠᠷ ᠣᠷᠣᠵᠤ᠂ ᠠᠰᠠᠭᠤᠮᠠᠵᠢ ᠪᠥᠭᠯᠡᠬᠦ ᠬᠡᠷᠡᠭᠲᠡᠢ᠃
ᠨᠡᠷ ᠡ᠋ ᠲᠣᠮᠢᠶᠠᠯᠠᠯ᠋
ᠬᠢᠮᠡᠯ ᠳᠠᠭᠠᠭᠤᠯᠢ - satellite - искусственный спутник
ᠣᠯᠠᠨ ᠤᠯᠤᠰ ᠤᠨ ᠰᠠᠨᠰᠠᠷ ᠤᠨ ᠰᠲ᠋ᠠᠨ᠍ᠼ - International Space Station - Международная космическая станция
ᠲᠣᠭᠤᠷᠢᠭ ᠵᠠᠮ - orbit - орбита
ᠵᠠᠢ ᠢᠢᠨ ᠲᠠᠩᠳᠠᠯᠲᠠ - remote sensing - дистанционное зондирование Земли
ᠴᠣᠢᠢᠯᠠᠭᠤᠷ᠂ ᠵᠥᠭᠡᠭᠴᠢ ᠫᠤᠤᠵᠢᠩ - launch vehicle - ракета-носитель
ᠣᠭᠲᠠᠷᠭᠤᠶ ᠢᠢᠨ ᠬᠥᠯᠭᠡ - spacecraft - космический корабль
ᠰᠠᠨᠰᠠᠷ ᠰᠤᠳᠤᠯᠤᠯ - astronautics - космонавтика
ᠣᠭᠲᠠᠷᠭᠤᠶ ᠢᠢᠨ ᠲᠤᠶᠠᠭ ᠠ᠋ - cosmic ray, cosmic radiation - космические лучи
ᠠᠭᠠᠷ ᠮᠠᠨᠳᠤᠯ - atmosphere - атмосфера
ᠤᠶᠠᠯᠳᠤᠭ ᠠ᠋ ᠲᠠᠢ ᠨᠡᠢᠢᠲᠡᠯᠡᠯ
ᠡᠬᠢ ᠰᠤᠷᠪᠤᠯᠵᠢ
- ↑ 1.0 1.1 1.2 ᠮᠣᠩᠭᠤᠯ ᠤᠨ ᠰᠠᠨᠰᠠᠷ ᠤᠨ ᠲᠧᠻᠨᠣᠯᠣᠭᠢ ᠢᠢᠨ ᠬᠣᠯᠪᠤᠭ ᠠ᠋᠃ ᠲᠡᠮᠡᠦᠯᠦᠯ᠃ ᠬᠠᠨᠳᠤᠭᠰᠠᠨ 2021/03/07
- ↑ 2.0 2.1 ᠢᠩᠨᠣᠸᠠᠼ ᠤᠨ ᠦᠵᠡᠰᠬᠦᠯᠡᠩ ᠡᠴᠡ ᠣᠨᠴᠠᠯᠠᠬᠤ ᠳᠥᠷᠪᠡᠨ ᠪᠦᠲᠦᠭᠡᠭᠳᠡᠬᠦᠨ᠃ 1. ᠲᠡᠮᠡᠦᠯᠦᠯ ᠬᠢᠮᠡᠯ ᠳᠠᠭᠠᠭᠤᠯᠢ᠃ 2019/05/09᠃ ᠬᠠᠨᠳᠤᠭᠰᠠᠨ 2021/03/07
- ↑ https://ikon.mn/n/24jo "ᠪᠢᠳᠡᠨ ᠦ ᠲᠥᠰᠦᠯ ᠰᠠᠨᠰᠠᠷ ᠤᠨ ᠲᠧᠻᠨᠣᠯᠣᠭᠢ ᠢᠢᠨ ᠰᠢᠨᠵᠢᠯᠡᠬᠦ ᠤᠬᠠᠭᠠᠨ ᠳ᠋ᠤ ᠮᠣᠩᠭᠤᠯ ᠤᠯᠤᠰ ᠢ ᠳᠠᠬᠢᠨ ᠨᠢᠭᠡ ᠱᠠᠲᠤ ᠠᠬᠢᠭᠤᠯᠬᠤ ᠵᠣᠷᠢᠯᠭ ᠠ᠋ ᠲᠠᠢ"᠂ 2021/02/10᠃ ᠬᠠᠨᠳᠤᠭᠰᠠᠨ 2021/03/07